ᠠᠭᠤᠤ ᠮᠣᠩᠭᠣᠯ ᠮᠢᠨᠢ -ᠪᠦᠷᠢᠨᠪᠠᠶᠠᠷАгуу монгол минь-Бүрнбаяр
ᠠᠭᠤᠤ ᠮᠣᠩᠭᠣᠯ ᠮᠢᠨᠢ
ᠦᠭᠡ᠄ ᠨᠡᠭᠦᠳᠡᠯᠴᠢᠨ
ᠠᠶ᠎ᠠ᠄ ᠪᠦᠷᠢᠨᠪᠠᠷᠠᠷ
ᠳᠠᠭᠤᠴᠢᠨ᠄ ᠪᠦᠷᠢᠨᠪᠠᠶᠠᠷ
ᠪᠤᠯᠠᠭ ᠤ᠋ᠨ ᠲᠤᠩᠭᠠᠯᠠᠭ ᠤᠰᠤ ᠪᠠᠨ ᠬᠠᠷᠠᠭᠠᠳ
ᠪᠣᠳᠣᠯ ᠮᠢᠨᠢ ᠡᠪᠬᠡᠷᠡᠨ ᠡᠪᠬᠡᠷᠡᠨᠡ
ᠪᠣᠰᠤᠭ᠎ᠠ ᠦᠰᠦᠭ ᠲᠡᠢ ᠬᠡᠯᠡ ᠪᠡᠨ ᠦᠭᠡᠢᠯᠡᠭᠡᠳ
ᠰᠡᠳᠬᠢᠯ ᠮᠢᠨᠢ ᠡᠮᠵᠡᠭᠯᠡᠨ ᠡᠮᠵᠡᠭᠯᠡᠨ᠎ᠡ
ᠬᠠᠷᠠᠭ᠎ᠠ ᠠᠯᠳᠠᠮ᠎ᠠ ᠨᠤᠲᠤᠭ ᠢ᠋ᠶ᠋ᠠᠨ ᠦᠵᠡᠭᠡᠳ
ᠬᠠᠮᠠᠷ ᠤ᠋ᠨ ᠦᠵᠦᠭᠦᠷ ᠮᠢᠨᠢ ᠱᠠᠷᠬᠢᠷᠠᠨ ᠱᠠᠷᠬᠢᠷᠠᠨᠠ
ᠬᠠᠩᠭᠢᠨᠠᠮ᠎ᠠ ᠮᠣᠩᠭᠣᠯ ᠳᠠᠭᠤᠤ ᠪᠠᠨ ᠰᠣᠨᠣᠰᠤᠭᠠᠳ
ᠬᠠᠷᠠᠬᠤ ᠨᠢᠳᠦ ᠮᠢᠨᠢ ᠵᠠᠢᠷᠲᠤᠨ ᠵᠠᠢᠷᠲᠤᠨᠠ
ᠠᠢ ᠳᠠ ᠮᠢᠨᠦ ᠮᠣᠩᠭᠣᠯ ᠤ᠋ᠨ ᠮᠢᠨᠢ
ᠤᠤᠭᠤᠭᠰᠠᠨ ᠤᠰᠤ ᠤᠨᠠᠭᠰᠠᠨ ᠰᠢᠷᠣᠢ ᠮᠢᠨᠢ
ᠠᠭᠤᠤ ᠮᠣᠩᠭᠣᠯ ᠤᠭᠰᠠᠭ᠎ᠠ ᠲᠦᠮᠡᠨ ᠮᠢᠨᠢ
ᠠᠶᠠᠯᠭᠤ ᠰᠠᠢᠬᠠᠨ ᠦᠭᠡ ᠬᠡᠯᠡ ᠮᠢᠨᠢ ᠳᠡ
ᠤᠨᠢᠶᠠᠷ ᠲᠠᠲᠠᠭᠰᠠᠨ ᠠᠭᠤᠯᠠᠰ ᠢ᠋ᠶ᠋ᠠᠨ ᠰᠢᠷᠲᠡᠭᠡᠳ
ᠤᠯᠠᠭᠠᠨ ᠵᠢᠷᠦᠬᠡ ᠮᠢᠨᠢ ᠡᠮᠲᠡᠷᠡᠨ ᠡᠮᠲᠡᠷᠡᠨᠡ
ᠤᠬᠤᠵᠤ ᠮᠠᠯᠲᠠᠭᠰᠠᠨ ᠨᠦᠬᠡ ᠶ᠋ᠢ ᠬᠠᠷᠠᠭᠠᠳ
ᠤᠷᠤᠰᠬᠤ ᠨᠢᠯᠪᠤᠰᠤ ᠮᠡᠯᠮᠡᠷᠡᠨ ᠮᠡᠯᠮᠡᠷᠡᠨ᠎ᠡ
ᠠᠢ ᠳᠠ ᠮᠢᠨᠦ ᠮᠣᠩᠭᠣᠯ ᠤ᠋ᠨ ᠮᠢᠨᠢ
ᠤᠤᠭᠤᠭᠰᠠᠨ ᠤᠰᠤ ᠤᠨᠠᠭᠰᠠᠨ ᠰᠢᠷᠣᠢ ᠮᠢᠨᠢ
ᠠᠭᠤᠤ ᠮᠣᠩᠭᠣᠯ ᠤᠭᠰᠠᠭ᠎ᠠ ᠲᠦᠮᠡᠨ ᠮᠢᠨᠢ
ᠠᠶᠠᠯᠭᠤ ᠰᠠᠢᠬᠠᠨ ᠦᠭᠡ ᠬᠡᠯᠡ ᠮᠢᠨᠢ ᠳᠡ
ᠠᠢ ᠳᠠ ᠮᠢᠨᠦ ᠮᠣᠩᠭᠣᠯ ᠤ᠋ᠨ ᠮᠢᠨᠢ
ᠤᠤᠭᠤᠭᠰᠠᠨ ᠤᠰᠤ ᠤᠨᠠᠭᠰᠠᠨ ᠰᠢᠷᠣᠢ ᠮᠢᠨᠢ
ᠠᠭᠤᠤ ᠮᠣᠩᠭᠣᠯ ᠤᠭᠰᠠᠭ᠎ᠠ ᠲᠦᠮᠡᠨ ᠮᠢᠨᠢ
ᠠᠶᠠᠯᠭᠤ ᠰᠠᠢᠬᠠᠨ ᠦᠭᠡ ᠬᠡᠯᠡ ᠮᠢᠨᠢ ᠠ᠋
ᠠᠯᠲᠠ ᠠ᠋ᠴᠠ ᠴᠤᠬᠠᠭ ᠡᠷᠳᠡᠨᠢ ᠶᠦᠮ ᠠ᠋
ᠦᠰᠦᠭ ᠠᠮᠢᠯᠠᠭᠤᠯᠤᠭᠴᠢ᠄ ᠰᠣᠳᠣ
ᠦᠰᠦᠭ ᠬᠠᠳᠠᠭᠴᠢ᠄ ᠰᠣᠳᠣ
ᠦᠰᠦᠭ ᠬᠢᠨᠠᠭᠴᠢ᠄ ᠰᠣᠳᠣ
