ᠣᠲᠣᠷ ᠨᠡᠭᠦᠳᠡᠯ ᠦ᠋ᠨ ᠠᠷᠤ ᠬᠣᠷᠴᠢᠨ - ᠤᠷᠠᠨ᠎ᠠ Отор нүүдлийн ар хорчин -Урна ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠲᠣᠷ ᠨᠡᠭᠦᠳᠡᠯ ᠦ᠋ᠨ ᠠᠷᠤ ᠬᠣᠷᠴᠢᠨ - ᠤᠷᠠᠨ᠎ᠠ Отор нүүдлийн ар хорчин -Урна

ᠣᠲᠣᠷ ᠨᠡᠭᠦᠳᠡᠯ ᠦ᠋ᠨ ᠠᠷᠤ ᠬᠣᠷᠴᠢᠨ - ᠤᠷᠠᠨ᠎ᠠ Отор нүүдлийн ар хорчин -Урна

ᠠᠩᠭᠢᠯᠠᠯ:ᠳᠠᠭᠤᠤ ᠬᠥᠭᠵᠢᠮ
2025-07-26

498

ᠣᠲᠣᠷ ᠨᠡᠭᠦᠳᠡᠯ ᠦ᠋ᠨ ᠠᠷᠤ ᠬᠣᠷᠴᠢᠨ

  ᠰᠢᠯᠦᠭ ᠄ ᠰᠡᠴᠠᠨᠳᠠᠯᠠᠢ  
  ᠠᠶ᠎ᠠ ᠄ ᠰ ᠡᠩᠬᠡᠪᠠᠶᠠᠷ 
  ᠳᠠᠭᠤᠴᠢᠨ ᠄ ᠤᠷᠠᠨ᠎ᠠ  

ᠠᠯᠤᠰ ᠤ᠋ᠨ ᠠᠯᠤᠰ ᠠ᠋ᠴᠠ ᠬᠠᠷᠠᠭᠳᠠᠭᠠᠳ ᠪᠠᠢᠳᠠᠭ ᠨᠢ 
ᠠᠢᠷᠭᠠᠨᠠᠲᠤ ᠶ᠋ᠢᠨ ᠵᠤᠰᠠᠭᠠᠯ ᠬᠦᠢᠲᠡᠨ ᠦ᠌ ᠬᠥᠨᠳᠡᠢ ᠮᠢᠨᠢ 
ᠠᠶᠤᠤᠯᠢᠬᠠᠢ ᠵᠢᠷᠦᠬᠡᠨ ᠳ᠋ᠦ᠍ ᠮᠢᠨᠢ ᠪᠣᠳᠣᠭᠳᠠᠭᠠᠳ ᠪᠠᠢᠳᠠᠭ ᠨᠢ  
ᠠᠪᠤ ᠶ᠋ᠢᠨ ᠠᠪᠤ ᠶ᠋ᠢᠨ ᠮᠢᠨᠢ ᠠᠮᠢᠨ ᠨᠤᠲᠤᠭ ᠮᠢᠨᠢ  
ᠭᠠᠵᠠᠷ ᠤ᠋ᠨ ᠬᠣᠯᠠ ᠠ᠋ᠴᠠ ᠤᠨᠢᠶᠠᠷᠲᠤᠭᠰᠠᠨ 
ᠭᠣᠭᠣᠰᠤᠲᠠᠢ ᠶ᠋ᠢᠨ ᠴᠡᠩᠬᠡᠷ ᠬᠠᠢᠷᠬᠠᠨ ᠮᠢᠨᠢ 
ᠬᠣᠩᠭᠣᠷ ᠰᠠᠯᠬᠢᠨ ᠳ᠋ᠤ᠌ ᠦᠶᠡᠯᠵᠡᠭᠰᠡᠨ 
ᠬᠣᠨᠳᠣ ᠶ᠋ᠢᠨ ᠵᠢᠭᠠᠰᠤ ᠲᠠᠢ ᠨᠠᠭᠤᠷ ᠮᠢᠨᠢ 
ᠠᠢ ᠬᠦ ᠁
ᠣᠩᠭᠣᠨ ᠪᠠᠢᠭᠠᠯᠢ᠎ᠶ᠋ᠢᠨ ᠳᠠᠷᠬᠠᠨ ᠥᠯᠥᠭᠡᠢ 
ᠣᠲᠣᠷ ᠨᠡᠭᠦᠳᠡᠯ᠎ᠦ᠋ᠨ ᠠᠷᠤ ᠬᠣᠷᠴᠢᠨ ᠮᠢᠨᠢ 

ᠥᠪᠡᠷ᠎ᠦ᠋ᠨ ᠡᠷᠬᠡ ᠦᠭᠡᠢ ᠵᠡᠭᠦᠳᠦᠯᠡᠭᠡᠳ ᠪᠠᠢᠳᠠᠭ ᠨᠢ 
ᠡᠷᠬᠡᠯᠡᠭᠦᠯᠵᠦ ᠥᠰᠬᠡᠭᠰᠡᠨ ᠬᠠᠢᠷ᠎ᠠ᠎ᠶ᠋ᠢᠨ ᠥᠯᠥᠭᠡᠢ ᠮᠢᠨᠢ 
ᠡᠳᠦᠷ ᠰᠥᠨᠢ ᠦᠭᠡᠢ  ᠬᠠᠷᠠᠭᠳᠠᠭᠠᠳ ᠪᠠᠢᠳᠠᠭ ᠨᠢ 
ᠡᠵᠢ᠎ᠶ᠋ᠢᠨ ᠡᠵᠢ᠎ᠶ᠋ᠢᠨ ᠮᠢᠨᠢ ᠡᠯᠢᠭᠡᠨ ᠨᠤᠲᠤᠭ ᠮᠢᠨᠢ 
ᠨᠢᠭᠡᠨ ᠲᠡᠦᠬᠡ᠎ᠪᠡᠨ ᠠᠴᠢᠶᠠᠯᠠᠭᠰᠠᠨ 
ᠬᠣᠶᠠᠷ ᠬᠠᠩᠭᠠᠢ᠎ᠶ᠋ᠢᠨ ᠨᠡᠭᠦᠳᠡᠯ ᠮᠢᠨᠢ 
ᠭᠤᠷᠪᠠᠨ ᠭᠣᠣᠯ᠎ᠢ᠋ᠶ᠋ᠠᠨ ᠮᠢᠷᠠᠯᠵᠠᠭᠤᠯᠤᠭᠰᠠᠨ 
ᠳᠥᠷᠪᠡᠨ ᠴᠠᠭ ᠤ᠋ᠨ ᠲᠠᠯ᠎ᠠ ᠮᠢᠨᠢ 
ᠠᠢ ᠬᠦ ᠁ ᠃ ᠃᠃᠃ 
ᠣᠩᠭᠣᠨ ᠪᠠᠢᠭᠠᠯᠢ᠎ᠶ᠋ᠢᠨ ᠳᠠᠷᠬᠠᠨ ᠥᠯᠥᠭᠡᠢ 
ᠣᠲᠣᠷ ᠨᠡᠭᠦᠳᠡᠯ᠎ᠦ᠋ᠨ ᠠᠷᠤ ᠬᠣᠷᠴᠢᠨ ᠮᠢᠨᠢ 

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ