ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠨᠠᠢ᠍ᠮᠠ〕 Цаг төрийн үймээн – Д ᠂ Намдаг - Амьдралын зам ᠂ нэгдүгээр бүлэг - 8 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠨᠠᠢ᠍ᠮᠠ〕 Цаг төрийн үймээн – Д ᠂ Намдаг - Амьдралын зам ᠂ нэгдүгээр бүлэг - 8

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠨᠠᠢ᠍ᠮᠠ〕 Цаг төрийн үймээн – Д ᠂ Намдаг - Амьдралын зам ᠂ нэгдүгээр бүлэг - 8

ᠠᠩᠭᠢᠯᠠᠯ:ᠲᠤᠭᠤᠵᠢ ᠷᠣᠮᠠᠨ
2025-07-22

150

ᠠᠶᠠᠨ ᠤ ᠶᠡᠬᠡ ᠵᠠᠮ


       ᠲᠤᠤᠯᠠ ᠭᠣᠣᠯ ᠢ᠋ ᠭᠠᠳᠤᠯᠠᠨ ᠤᠷᠤᠭᠰᠢᠯᠠᠬᠤ ᠳᠣᠳᠣᠮ ᠠᠭᠤᠯᠠ ᠨᠢᠷᠤᠭᠤ᠂ ᠭᠣᠣᠯ ᠭᠣᠷᠣᠬ᠎ᠠ ᠪᠠᠭᠠᠰᠴᠤ ᠬᠥᠨᠳᠡᠢ ᠴᠠᠭᠠᠨ ᠲᠠᠯ᠎ᠠ ᠦᠷᠭᠦᠯᠵᠢᠯᠡᠨ᠎ᠡ᠃ ᠲᠡᠮᠡᠭᠡ ᠭᠡᠳᠡᠭ ᠠᠮᠢᠲᠠᠨ ᠵᠠᠮ ᠤ᠋ᠨ ᠤᠷᠲᠤ᠂ ᠭᠠᠵᠠᠷ ᠤ᠋ᠨ ᠶᠡᠬᠡ ᠶ᠋ᠢ ᠬᠣᠢᠨ᠎ᠠ ᠪᠠᠨ ᠣᠷᠬᠢᠬᠤ ᠳᠣᠳᠣᠮ ᠢ᠋ᠶ᠋ᠠᠨ ᠴᠥᠩᠲᠦᠭᠡᠷ ᠭᠡᠳᠡᠰᠦ ᠪᠡᠨ ᠡᠪᠬᠡᠨ ᠮᠠᠬᠠᠢᠯᠭᠠᠵᠤ ᠬᠥᠮᠦᠨ ᠦ᠌ ᠠᠷᠠᠢ ᠴᠢᠷᠠᠢ ᠳᠡᠩᠨᠡᠭᠰᠡᠨ ᠠᠴᠢᠶᠠᠨ ᠳ᠋ᠤ᠌ ᠲᠡᠭᠦᠷᠲᠦᠬᠦ ᠪᠠᠨ ᠪᠣᠯᠢᠵᠤ ᠥᠩᠭᠡ ᠦᠵᠡᠰᠬᠦᠯᠡᠩ ᠨᠡᠮᠡᠭᠳᠡᠳᠡᠭ ᠬᠠᠴᠢᠨ ᠭᠠᠢᠬᠠᠯᠲᠠᠢ ᠠᠮᠢᠲᠠᠨ ᠶᠤᠮ᠃ ᠳ᠋ᠠᠨᠽᠠᠨ ᠴᠦ᠍ ᠭᠡᠰᠡᠨ ᠡᠳᠦᠷ ᠬᠣᠨᠣᠭ ᠢ᠋ ᠥᠩᠭᠡᠷᠡᠭᠦᠯᠬᠦ ᠳᠣᠳᠣᠮ ᠢ᠋ᠶ᠋ᠠᠨ ᠥᠩᠭᠡ ᠵᠢᠰᠦ ᠬᠡᠯᠡᠯᠴᠡᠨ᠎ᠡ᠃ ᠡᠳᠦᠷ ᠳᠣᠳᠣᠮ ᠦᠵᠡᠭᠳᠡᠭᠡ ᠦᠭᠡᠢ ᠭᠠᠵᠠᠷ ᠰᠠᠨᠠᠭᠠᠨ ᠳ᠋ᠤ᠌ ᠣᠷᠣᠭ᠎ᠠ ᠦᠭᠡᠢ ᠥᠷᠭᠡᠨ ᠶᠡᠬᠡ ᠬᠥᠨᠳᠡᠢ ᠨᠦ᠍ᠭᠦᠳ  ᠳᠠᠭᠠᠷᠢᠯᠳᠤᠬᠤ ᠶ᠋ᠢ ᠰᠣᠨᠢᠷᠬᠠᠨ ᠰᠡᠳᠬᠢᠯ ᠰᠡᠷᠭᠦᠯᠡᠩ ᠶᠠᠪᠤᠨ᠎ᠠ᠃ ᠬᠠᠷᠢᠨ ᠳᠣᠷᠵᠢ ᠳ᠋ᠤ᠌ ᠭᠡᠪᠡᠯ ᠰᠣᠨᠢᠷᠬᠠᠬᠤ ᠶᠠᠭᠤᠮ᠎ᠠ ᠠᠯᠠᠭ᠎ᠠ᠃  ᠡᠳᠦᠷ ᠳᠣᠳᠣᠮ ᠲᠡᠮᠡᠭᠡᠨ ᠦ᠌ ᠨᠢᠷᠤᠭᠤᠨ ᠳᠡᠭᠡᠷ᠎ᠡ ᠥᠴᠥᠩ ᠥᠴᠥᠩ ᠬᠥᠳᠡᠯᠦᠨ ᠪᠡᠶ᠎ᠡ ᠵᠠᠢᠯᠠᠵᠤ ᠶᠠᠪᠤᠬᠤ ᠶ᠋ᠢᠨ ᠤᠢᠳᠬᠠᠷ᠂ ᠦᠷᠭᠦᠯᠵᠢᠯᠡᠨ ᠦᠵᠡᠭᠳᠡᠬᠦ ᠨᠢᠭᠡᠨ ᠵᠢᠭᠲᠡᠢ ᠪᠠᠢᠳᠠᠯ ᠴᠦ᠍ ᠤᠢᠳᠬᠠᠷ ᠲᠠᠢ᠃ ᠣᠯᠵᠠ ᠣᠮᠣᠭ ᠣᠯᠬᠤ ᠲᠤᠬᠠᠢ ᠳ᠋ᠤ᠌ ᠪᠣᠳᠣᠬᠤ ᠶᠠᠭᠤᠮ᠎ᠠ ᠠᠯᠠᠭ᠎ᠠ᠃ ᠲᠥᠷᠥᠯᠬᠢ ᠡᠢᠮᠦ ᠬᠡᠨᠡᠭ ᠦᠭᠡᠢ ᠤᠴᠢᠷ ᠠ᠋ᠴᠠ ᠰᠦᠷᠡᠬᠡᠢ ᠤᠬᠠᠭᠠᠨ ᠲᠠᠢ ᠡᠴᠢᠭᠡ ᠨᠢ ᠬᠠᠯᠠ ᠦᠵᠡᠭᠦᠯᠦᠨ ᠬᠠᠰᠢᠷ ᠲᠠᠨᠢᠭᠤᠯᠬᠤ ᠪᠠᠷ ᠲᠤᠷᠰᠢᠯᠭ᠎ᠠ ᠲᠠᠢ ᠵᠢᠩᠴᠢᠨ ᠬᠦᠷᠡᠯ ᠢ᠋ ᠳᠠᠭᠠᠭᠤᠯᠤᠨ ᠠᠶᠠᠨ ᠳ᠋ᠤ᠌ ᠶᠠᠪᠤᠭᠤᠯᠤᠭᠰᠠᠨ ᠪᠠᠢᠵᠠᠢ᠃ ᠬᠦᠷᠡᠯ ᠪᠣᠯ ᠡᠳᠡᠨ ᠡᠴᠡ ᠣᠭᠲᠣ ᠥᠭᠡᠷ᠎ᠡ ᠬᠣᠮ ᠪᠠᠮᠪᠠᠢ ᠬᠣᠯᠭᠣᠵᠤ ᠲᠡᠮᠡᠭᠡ ᠮᠠᠯ ᠤ᠋ᠨ ᠨᠢᠷᠤᠭᠤ ᠬᠠᠪᠴᠢᠬᠤ ᠪᠣᠢ᠂ ᠪᠤᠢᠯᠠ ᠪᠤᠷᠠᠨᠲᠠᠭ ᠢ᠋ᠶ᠋ᠠᠨ ᠢᠳᠡᠴᠢᠬᠡᠬᠦ ᠪᠡᠷ ᠤᠳᠠᠭᠠᠨ ᠶᠠᠪᠤᠪᠠᠯ ᠡᠳᠦᠷ ᠬᠣᠨᠣᠭ ᠳᠡᠮᠡᠢ ᠥᠩᠭᠡᠷᠡᠬᠦ ᠡᠴᠡ ᠭᠠᠳᠠᠨ᠎ᠠ ᠤᠨᠠᠭ᠎ᠠ ᠬᠥᠰᠬᠡ ᠶ᠋ᠢᠨ ᠡᠴᠡᠵᠦ ᠲᠤᠷᠠᠬᠤ ᠨᠢ ᠶᠡᠬᠡ ᠪᠣᠯᠤᠨ᠎ᠠ᠃ ᠰᠢᠷᠦᠭᠦᠨ ᠶᠠᠪᠤᠪᠠᠯ ᠤᠯᠠ ᠲᠠᠪᠠᠬᠠᠢ ᠳ᠋ᠤᠨᠢ ᠭᠡᠮ ᠲᠡᠢ᠃ ᠬᠠᠮᠲᠤ ᠶᠠᠪᠤᠭᠰᠠᠳ ᠮᠠᠨᠢ ᠲᠣᠮᠣᠭ᠎ᠠ ᠦᠭᠡᠢ ᠵᠠᠯᠠᠭᠤᠰ ᠴᠠᠭ ᠢᠮᠠᠭᠲᠠ ᠰᠠᠨᠠᠭᠤᠯᠤᠨ ᠬᠡᠯᠡᠵᠦ ᠪᠠᠢᠯᠭᠦᠢ ᠭᠣᠷᠢ ᠦᠭᠡᠢ᠃ ᠠᠯᠲᠠᠨ ᠰᠢᠷ᠎ᠠ ᠵᠠᠮ ᠴᠦ᠍ ᠶᠠᠭᠠᠮᠠᠢ ᠠᠷᠪᠠ ᠰᠢᠬᠠᠮ ᠤᠳᠠᠭ᠎ᠠ ᠶᠠᠪᠤᠬᠤ ᠳ᠋ᠤ᠌ ᠥᠯᠵᠡᠢ ᠪᠡᠨ ᠥᠭᠭᠦᠭᠰᠡᠨ ᠶᠦᠮ᠃ ᠠᠴᠢᠲᠤ ᠯᠠᠮᠠ ᠶ᠋ᠢᠨ ᠢ᠋ᠶ᠋ᠡᠨ ᠰᠠᠬᠢᠭᠤᠰᠤᠨ ᠳ᠋ᠤ᠌ ᠰᠦᠰᠦᠭᠯᠡᠨ ᠶᠠᠪᠤᠭᠰᠠᠨ ᠴᠠᠭ ᠲᠤ ᠠᠯᠵᠠᠳᠠᠭ ᠦᠭᠡᠢ ᠰᠢᠦ ᠳᠡ ᠭᠡᠬᠦ ᠵᠡᠷᠭᠡ ᠶ᠋ᠢ ᠯᠡ ᠦᠷᠭᠦᠯᠵᠢ ᠪᠣᠳᠣᠨ᠎ᠠ᠃ 
       ᠨᠢᠭᠡ ᠥᠷᠯᠥᠭᠡ ᠳ᠋ᠠᠨᠽᠠᠨ ᠴᠡᠩᠬᠡᠷ ᠬᠥᠬᠡ ᠠᠭᠠᠷ ᠤ᠋ᠨ ᠳᠤᠮᠳᠠ ᠲᠩᠷᠢ ᠳ᠋ᠦ᠍ ᠲᠤᠯᠤᠮ᠎ᠠ ᠱᠣᠪᠬᠣ ᠠᠭᠤᠯᠠ ᠰᠦᠮᠡᠯᠵᠡᠬᠦ ᠶ᠋ᠢ ᠣᠯᠵᠤ ᠬᠠᠷᠠᠯ᠎ᠠ᠃  ᠡᠨᠡ ᠶᠠᠭᠤ ᠭᠡᠳᠡᠭ ᠠᠭᠤᠯᠠ ᠪᠣᠢ ᠭᠡᠵᠦ ᠬᠦᠷᠡᠯ ᠠᠰᠠᠭᠤᠬᠤ ᠳ᠋ᠤ᠌᠄ 
       — ᠠᠯᠳᠠᠷᠲᠤ ᠵᠠᠩᠵᠤᠨ— ᠴᠣᠢᠷ ᠭᠡᠵᠦ ᠬᠠᠷᠢᠭᠤᠯᠪᠠ᠃ 
       ᠠᠯᠳᠠᠷᠲᠤ ᠵᠠᠩᠵᠤᠨ ᠴᠣᠢᠷ ᠲᠤ ᠲᠡᠷᠡ ᠡᠳᠦᠷ ᠲᠡᠭᠡᠨ ᠬᠦᠷᠦᠭᠰᠡᠨ ᠦᠭᠡᠢ᠃ ᠮᠠᠷᠭᠠᠰᠢ ᠨᠢ ᠲᠡᠷᠡ ᠠᠭᠤᠯᠠ ᠲᠡᠢᠰᠢ ᠤᠷᠤᠭᠰᠢᠯᠠᠬᠤ ᠳᠣᠳᠣᠮ ᠵᠢᠵᠢᠭᠷᠡᠬᠦ ᠨᠢ ᠭᠠᠢᠬᠠᠯᠲᠠᠢ᠃ ᠣᠷᠣᠢ ᠨᠠᠷᠠ ᠵᠢᠷᠭᠠᠬᠤ ᠶ᠋ᠢᠨ ᠬᠢᠷᠢ ᠳ᠋ᠦ᠍ ᠳᠡᠷᠭᠡᠳᠡ ᠨᠢ ᠢᠷᠡᠬᠦ ᠳ᠋ᠦ᠍ ᠪᠦᠷ ᠠᠭᠤᠯᠠ ᠴᠦ᠍ ᠭᠡᠵᠦ ᠨᠢᠭᠡ ᠶᠡᠬᠡ ᠰᠦᠷ ᠪᠠᠳᠠᠷᠠᠭᠤᠯᠬᠤ ᠪᠠᠷ ᠴᠦ᠍ ᠶᠠᠭᠤᠮ᠎ᠠ ᠪᠢᠰᠢ᠂ ᠶᠡᠷᠦ ᠶ᠋ᠢᠨ ᠨᠢᠭᠡᠨ ᠬᠠᠳᠠ ᠴᠢᠯᠠᠭᠤᠨ ᠣᠷᠣᠢ ᠲᠠᠢ ᠲᠣᠯᠣᠭᠠᠢ ᠪᠠᠢᠬᠤ ᠲᠤᠯᠠ ᠳ᠋ᠠᠨᠽᠠᠨ《ᠦᠭᠡᠢ ᠡᠨᠡ ᠴᠢᠨᠢ ᠶᠠᠭᠤ ᠪᠢᠯᠡ?》 ᠭᠡᠵᠦ ᠪᠣᠳᠣᠪᠠ᠃ ᠬᠥᠪᠴᠢ ᠬᠠᠩᠭᠠᠢ ᠶ᠋ᠢᠨ ᠥᠨᠳᠥᠷ ᠥᠨᠳᠥᠷ ᠠᠭᠤᠯᠠᠰ ᠤ᠋ᠨ ᠳᠡᠷᠭᠡᠳᠡ ᠦᠰᠦᠨ ᠲᠥᠷᠥᠭᠰᠡᠨ ᠬᠥᠮᠦᠨ ᠦ᠌ ᠨᠢᠳᠦᠨ ᠳ᠋ᠦ᠍ ᠭᠣᠪᠢᠷᠬᠠᠭ ᠭᠠᠵᠠᠷ ᠤ᠋ᠨ ᠪᠠᠢᠳᠠᠯ ᠡᠢᠮᠦᠷᠬᠦᠦ ᠯᠡ ᠬᠠᠴᠢᠨ ᠪᠠᠢᠳᠠᠭ ᠠᠵᠢ᠃ ᠵᠠᠩᠵᠤᠨ ᠴᠣᠢᠷ ᠠ᠋ᠴᠠ ᠴᠠᠭᠠᠰᠢ ᠶᠠᠪᠤᠬᠤ ᠳ᠋ᠤ᠌ ᠭᠠᠵᠠᠷ ᠤ᠋ᠨ ᠪᠠᠢᠳᠠᠯ ᠤᠯᠠᠮ ᠢ᠋ᠶ᠋ᠠᠷ ᠲᠡᠭᠰᠢᠷᠡᠵᠦ ᠲᠣᠯᠢ ᠮᠡᠲᠦ ᠴᠠᠭᠠᠨ ᠲᠠᠯ᠎ᠠ ᠨᠤᠭᠤᠳ ᠲᠠᠭᠠᠷᠠᠯᠳᠤᠨ᠎ᠠ᠃ ᠢᠯᠠᠩᠭᠤᠶ᠎ᠠ ᠬᠠᠯᠬ᠎ᠠ ᠣᠷᠣᠨ ᠤ᠋ ᠵᠠᠬ᠎ᠠ ᠪᠣᠯᠬᠤ ᠲᠡᠢᠨ ᠲᠠᠪᠠᠭ ᠤ᠋ᠨ ᠲᠠᠯ᠎ᠠ ᠪᠣᠯ ᠶᠠᠭᠤᠲᠠᠢ ᠴᠦ᠍ ᠵᠢᠱ᠌ᠢᠶᠡᠯᠡᠰᠢ ᠦᠭᠡᠢ ᠦᠵᠡᠭᠳᠡᠭᠰᠡᠨ ᠪᠥᠭᠡᠳ ᠳ᠋ᠠᠨᠽᠠᠨ ᠬᠡᠷᠪᠡ ᠡᠨᠡ ᠲᠠᠯ᠎ᠠ ᠳ᠋ᠤ᠌ ᠵᠦᠭ ᠴᠢᠭ ᠠᠯᠲᠠᠨ ᠲᠥᠭᠡᠷᠢᠪᠡᠰᠦ ᠬᠠᠲᠠᠵᠤ ᠦᠬᠦᠬᠦ ᠡᠴᠡ ᠥᠭᠡᠷ᠎ᠡ ᠠᠷᠭ᠎ᠠ ᠠᠯᠠᠭ᠎ᠠ ᠭᠡᠵᠦ ᠪᠣᠳᠣᠪᠠ᠃ ᠭᠡᠪᠡᠴᠦ ᠡᠳᠡᠭᠡᠷ ᠲᠠᠯ᠎ᠠ ᠨᠤᠭᠤᠳ ᠤ᠋ᠨ ᠠᠯᠢᠨ ᠳ᠋ᠤᠨᠢ ᠪᠣᠯᠪᠠᠴᠤ ᠠᠳᠤᠭᠤ᠂ ᠲᠡᠮᠡᠭᠡ᠂ ᠬᠣᠨᠢ ᠦᠢ ᠣᠯᠠᠨ ᠢ᠋ᠶ᠋ᠠᠷ ᠲᠠᠰᠤᠷᠠᠯᠲᠠ ᠦᠭᠡᠢ ᠦᠵᠡᠭᠳᠡᠬᠦ ᠨᠢ ᠮᠣᠩᠭᠣᠯ ᠣᠷᠣᠨ ᠤ᠋ ᠬᠡᠴᠢᠨᠡᠨ ᠪᠠᠶᠠᠯᠢᠭ ᠪᠣᠯᠬᠤ ᠶ᠋ᠢ ᠲᠠᠨᠢᠭᠤᠯᠬᠤ ᠠᠵᠢ᠃ ᠭᠡᠲᠡᠯ᠎ᠡ ᠪᠠᠰᠠ ᠬᠤᠷᠳᠤᠨ ᠬᠥᠯᠲᠦ ᠴᠠᠭᠠᠨ ᠵᠡᠭᠡᠷ᠎ᠡ ᠨᠦ᠍ᠭᠦᠳ ᠬᠡᠳᠦ ᠬᠡᠳᠦᠨ ᠵᠠᠭᠤ ᠪᠠᠷ ᠢ᠋ᠶ᠋ᠠᠨ ᠰᠦᠷᠦᠭᠯᠡᠨ ᠤᠷᠢᠳᠤᠬᠢ ᠵᠠᠮ ᠢ᠋ ᠬᠥᠨᠳᠡᠯᠡᠨ ᠰᠦᠯᠵᠢᠬᠦ ᠨᠢ ᠬᠥᠮᠦᠨ ᠦ᠌ ᠰᠡᠳᠬᠢᠯ ᠢ᠋ ᠶᠡᠬᠡᠳᠡ ᠪᠠᠶᠠᠰᠬᠠᠨ᠎ᠠ᠃ 
       ᠵᠠᠮ ᠤ᠋ᠨ— ᠡᠭᠦᠳᠡ ᠶ᠋ᠢ ᠲᠣᠭᠣᠷᠢᠨ ᠭᠠᠷᠤᠭᠠᠳ ᠬᠢᠯᠢ ᠶ᠋ᠢᠨ ᠴᠠᠭᠠᠨ ᠣᠪᠣᠭ᠎ᠠ᠂ ᠥᠪᠥᠷ ᠮᠣᠩᠭᠣᠯ᠂ ᠵᠡᠭᠦᠨ ᠰᠥᠨᠢᠳ᠂ ᠸᠠᠩ ᠤ᠋ᠨ ᠬᠦᠷᠢᠶ᠎ᠡ ᠣᠷᠣᠨ᠎ᠠ᠃ ᠡᠢᠨ ᠬᠦ᠌ ᠳ᠋ᠠᠨᠽᠠᠨ ᠬᠥᠮᠦᠨ ᠦ᠌ ᠨᠤᠲᠤᠭ ᠲᠤ ᠣᠷᠣᠬᠤ ᠲᠠᠢ ᠵᠡᠷᠭᠡ ᠶᠠᠭᠤᠮ᠎ᠠ ᠪᠦᠬᠦᠨ ᠢ᠋ ᠠᠵᠢᠭᠯᠠᠨ ᠰᠣᠨᠢᠷᠬᠠᠨ᠎ᠠ᠃ ᠬᠡᠳᠦᠨ ᠬᠣᠨᠣᠭ ᠶᠠᠪᠤᠭᠰᠠᠨ ᠤ᠋ ᠳᠠᠷᠠᠭ᠎ᠠ ᠲᠠᠯ᠎ᠠ ᠴᠦᠯ ᠦ᠋ᠳ ᠥᠭᠡᠷᠡᠴᠢᠯᠡᠭᠳᠡᠨ ᠬᠠᠳᠠ ᠴᠢᠯᠠᠭᠤ ᠣᠷᠣᠢ ᠲᠠᠢ ᠠᠭᠤᠯᠠᠰ᠂ ᠶᠡᠬᠡ ᠪᠠᠭ᠎ᠠ ᠲᠤᠯᠤᠭᠠᠳ᠂ ᠳᠠᠪᠠᠭ᠎ᠠ ᠬᠥᠪᠡᠭᠡ ᠡᠯᠪᠡᠭᠰᠢᠨ᠎ᠡ᠃  
       ᠲᠡᠭᠦᠨ ᠦ᠌ ᠠᠶᠠᠰ ᠢ᠋ᠶ᠋ᠠᠷ ᠤᠷᠭᠤᠮᠠᠯ ᠤ᠋ᠨ ᠪᠠᠢᠳᠠᠯ ᠥᠭᠡᠷᠡᠴᠢᠯᠡᠭᠳᠡᠨ ᠰᠠᠬᠤᠯᠠᠭ ᠰᠠᠢᠬᠠᠨ ᠡᠪᠡᠰᠦ ᠦᠷᠭᠦᠯᠵᠢᠯᠡᠨ᠎ᠡ᠃ ᠵᠠᠷᠢᠮ ᠨᠢᠭᠡᠨ ᠭᠣᠣ ᠵᠢᠯᠠᠭ᠎ᠠ ᠶ᠋ᠢᠨ ᠳᠠᠭᠠᠤ ᠳ᠋ᠤ᠌ ᠤᠯᠢᠶᠠᠰᠤ ᠦᠵᠡᠭᠳᠡᠨ᠎ᠡ᠃ ᠴᠠᠭᠠᠰᠢᠯᠠᠬᠤ ᠳᠣᠳᠣᠮ ᠠᠭᠤᠷ ᠠᠮᠢᠰᠬᠤᠯ ᠵᠥᠭᠡᠯᠡᠷᠡᠵᠦ ᠪᠤᠯᠠᠭ ᠱᠠᠩᠳᠠ᠂ ᠭᠣᠣᠯ ᠭᠣᠷᠣᠬ᠎ᠠ ᠣᠯᠠᠰᠢᠷᠠᠵᠤ ᠬᠤᠷ᠎ᠠ ᠴᠢᠭᠢᠭ ᠡᠯᠪᠡᠭ ᠣᠷᠣᠳᠠᠭ ᠤ᠋ᠨ ᠰᠢᠨᠵᠢ ᠮᠡᠳᠡᠭᠳᠡᠵᠦ ᠪᠠᠢᠯ᠎ᠠ᠃ ᠡᠢᠮᠦ ᠭᠠᠵᠠᠷ ᠢ᠋ᠶ᠋ᠠᠷ ᠬᠡᠳᠦᠨ ᠬᠣᠨᠣᠭ ᠶᠠᠪᠤᠭᠰᠠᠨ ᠤ᠋ ᠳᠠᠷᠠᠭ᠎ᠠ᠂ ᠲᠠᠷᠢᠶᠠᠨ ᠤ᠋ ᠲᠠᠯᠠᠪᠤᠷ ᠬᠢᠲᠠᠳ ᠲᠣᠰᠬᠣᠨ ᠡᠭᠡᠯᠵᠢᠯᠡᠨ ᠳᠠᠭᠠᠷᠢᠯᠳᠤᠬᠤ ᠪᠣᠯᠤᠯ᠎ᠠ᠃ ᠥᠷᠯᠥᠭᠡ ᠶ᠋ᠢᠨ ᠴᠠᠭ ᠢ᠋ᠶ᠋ᠠᠷ ᠭᠠᠳᠠᠭᠤᠷ ᠨᠢ ᠭᠠᠷᠬᠤ ᠳ᠋ᠤ᠌ ᠳᠠᠯᠠᠨ ᠨᠥᠬᠥᠭᠡᠰᠦ ᠪᠣᠯᠤᠭᠰᠠᠨ ᠪᠠᠭᠯᠠᠭᠠᠷ ᠥᠮᠥᠳᠥ᠂ ᠤᠷᠠᠩᠬᠠᠢ ᠨᠣᠣᠷᠠᠩᠬᠠᠢ ᠪᠣᠰᠢᠨᠵᠠ᠂ ᠫᠢᠩᠲᠢᠭᠡᠷ ᠢᠰᠡᠭᠡᠢ ᠱᠠᠬᠠᠢ ᠮᠡᠲᠦ ᠶ᠋ᠢ ᠡᠮᠦᠰᠦᠭᠰᠡᠨ ᠬᠢᠲᠠᠳ ᠲᠠᠷᠢᠶᠠᠴᠢᠨ ᠬᠥᠮᠦᠰ᠂ ᠬᠦᠷᠵᠡ᠂ ᠴᠠᠷᠢᠯ᠂ ᠵᠡᠭᠡᠲᠦᠦ ᠬᠡᠷᠡᠭᠯᠡᠯ ᠪᠠᠷᠢᠨ ᠲᠠᠷᠢᠶᠠᠨ ᠤ᠋ ᠪᠠᠨ ᠲᠠᠯᠠᠪᠤᠷ ᠤᠷᠤᠭᠤ ᠶᠠᠪᠤᠵᠤ ᠪᠠᠢᠭ᠎ᠠ ᠳᠠᠭᠠᠷᠢᠯᠳᠤᠨ᠎ᠠ᠃ ᠵᠠᠷᠢᠮ ᠡᠳᠦᠷ ᠦ᠋ᠳ ᠲᠤ ᠬᠦᠨᠳᠦ ᠠᠴᠢᠶ᠎ᠠ ᠪᠦᠬᠦᠢ ᠡᠳᠦᠢ ᠲᠡᠳᠦᠢ ᠲᠡᠮᠡᠭᠡᠨ ᠵᠢᠩ ᠬᠥᠪᠥᠷᠡᠳᠦᠬᠥᠯᠥᠭᠰᠡᠨ ᠬᠠᠯᠬ᠎ᠠ ᠠᠶᠠᠨᠴᠢᠳ ᠤᠭᠲᠤᠨ ᠭᠠᠷᠴᠤ ᠢᠷᠡᠵᠦ《ᠵᠠ ᠰᠠᠢᠨ ᠶᠠᠪᠤᠵᠤ ᠪᠠᠢᠨ᠎ᠠ ᠤᠤ? ᠰᠠᠢᠨ ᠶᠠᠪᠤᠵᠤ ᠪᠠᠢᠨ᠎ᠠ》 ᠭᠡᠵᠦ ᠡᠶᠡᠬᠡᠨ ᠳᠠᠭᠤ ᠪᠠᠷ ᠮᠡᠨᠳᠦᠯᠡᠬᠦ ᠨᠢ ᠴᠦ᠍ ᠳᠠᠭᠠᠷᠢᠯᠳᠤᠯ᠎ᠠ᠃ ᠨᠢᠭᠤᠷ  ᠴᠢᠷᠠᠢ ᠨᠢ ᠠᠶᠠᠨ ᠵᠠᠮ ᠤ᠋ᠨ ᠠᠭᠠᠷ ᠲᠤ ᠪᠣᠷᠣᠯᠠᠨ᠂ ᠵᠦᠯᠭᠦᠭᠦᠷᠳᠡᠭᠰᠡᠨ᠂ ᠽᠠᠨᠳᠠᠨ ᠤ᠋ ᠥᠩᠭᠡ ᠪᠡᠷ ᠭᠡᠷᠡᠯᠲᠦᠨ᠂ ᠬᠣᠶᠠᠷ ᠨᠢᠳᠦ ᠨᠢ ᠪᠦᠷᠭᠦᠳ ᠦ᠋ᠨ ᠬᠢ ᠰᠢᠭ ᠭᠢᠯᠠᠯᠵᠠᠨ᠎ᠠ᠁ 
       ᠣᠷᠣᠨ ᠨᠤᠲᠤᠭ ᠢ᠋ ᠨᠢ ᠠᠰᠠᠭᠤᠬᠤ ᠳ᠋ᠤ᠌ ᠭᠤᠨ᠎ᠠ᠂ ᠭᠣᠷᠨᠠᠢ᠂ ᠭᠣᠪᠢ ᠭᠤᠷᠪᠠᠨ— ᠰᠠᠢᠬᠠᠨ᠂  ᠠᠷᠴᠠ ᠪᠣᠭᠳᠠ᠂ ᠠᠯᠲᠠᠨ ᠪᠣᠭᠳᠠ ᠶ᠋ᠢᠨ ᠰᠢᠯᠢ᠂ ᠵᠠᠮ ᠤ᠋ᠨ— ᠡᠭᠦᠳᠡ ᠪᠤᠶᠤ ᠵᠠᠩᠵᠤᠨ— ᠴᠣᠢᠷ ᠭᠡᠬᠦᠴᠢᠯᠡᠨ ᠴᠤᠤᠲᠤ ᠭᠠᠵᠠᠷ ᠤ᠋ᠳ ᠤ᠋ᠨ ᠨᠢᠭᠡ ᠶ᠋ᠢ ᠪᠠᠷᠢᠨ ᠬᠡᠯᠡᠬᠦ ᠠᠵᠢ᠃ 
       ᠲᠡᠷᠡ ᠨᠢ ᠴᠣᠬᠣᠮ ᠳ᠋ᠠᠭᠠᠨ ᠦᠨᠡᠨ ᠲᠡᠢ ᠬᠤᠳᠠᠯ ᠲᠠᠢ ᠪᠠᠢᠬᠤ ᠪᠣᠯᠪᠠᠴᠤ ᠠᠷᠭ᠎ᠠ ᠪᠤᠶᠤ ᠣᠷᠣᠨ ᠨᠤᠲᠤᠭ ᠤ᠋ᠨ ᠬᠥᠮᠦᠰ ᠪᠣᠯᠬᠤ ᠲᠤᠯᠠ ᠠᠬ᠎ᠠ ᠳᠡᠭᠦᠦ ᠨᠠᠷ ᠲᠠᠢ ᠠᠭᠤᠯᠵᠠᠭᠰᠠᠨ ᠠᠳᠠᠯᠢ ᠰᠡᠳᠬᠢᠯ ᠰᠡᠷᠭᠦᠭᠡᠨ ᠪᠠᠶᠠᠰᠬᠠᠨ᠎ᠠ᠃ ᠳ᠋ᠠᠨᠽᠠᠨ ᠲᠡᠳᠡᠨ ᠢ᠋ ᠶᠡᠬᠡᠳᠡ ᠪᠠᠬᠠᠳᠤᠨ ᠦᠵᠡᠳᠡᠭ ᠪᠥᠭᠡᠳ ᠥᠪᠡᠷ ᠦ᠋ᠨ ᠢ᠋ᠶ᠋ᠡᠨ ᠪᠡᠶ᠎ᠡ ᠶ᠋ᠢ ᠮᠥᠨ ᠲᠡᠳᠡᠨ ᠦ᠌ ᠠᠳᠠᠯᠢ ᠴᠣᠭ ᠵᠢᠪᠬᠤᠯᠠᠩ ᠲᠠᠢ ᠬᠠᠷᠠᠭᠳᠠᠬᠤ ᠪᠣᠯᠤᠭᠰᠠᠨ ᠪᠣᠯᠪᠠ ᠤᠤ ᠭᠡᠵᠦ ᠭᠣᠷᠢᠳᠠᠬᠤ ᠳ᠋ᠠᠭᠠᠨ ᠬᠣᠭᠣᠯᠠᠢ ᠵᠠᠰᠠᠨ ᠪᠦᠳᠦᠭᠦᠨ ᠳᠠᠭᠤ ᠪᠠᠷ ᠬᠦᠩᠭᠢᠨᠡᠭᠦᠯᠦᠨ ᠶᠠᠷᠢᠬᠤ ᠶ᠋ᠢ ᠣᠷᠣᠯᠳᠣᠨ᠎ᠠ᠃ 
       ᠨᠢᠭᠡᠨ ᠰᠥᠨᠢ ᠶ᠋ᠢᠨ ᠪᠠᠭᠤᠳᠠᠯ ᠳᠡᠭᠡᠷ᠎ᠡ ᠬᠦᠷᠡᠯ᠄ 
       — ᠵᠠ ᠬᠡᠦᠬᠡᠳ ᠦ᠋ᠳ ᠮᠢᠨᠢ᠂ ᠮᠠᠷᠭᠠᠰᠢ ᠵᠠᠩᠴᠢᠬᠦᠦ ᠬᠣᠲᠠ ᠣᠷᠣᠨ᠎ᠠ ᠰᠢᠦ ᠳᠡ ᠭᠡᠯ᠎ᠡ᠃ 
       ᠡᠨᠡ ᠰᠥᠨᠢ ᠳ᠋ᠠᠨᠽᠠᠨ ᠡᠯᠳᠡᠪ ᠲᠥᠷᠥᠯ ᠦ᠋ᠨ ᠶᠠᠭᠤᠮ᠎ᠠ ᠪᠣᠳᠣᠨ ᠪᠠᠷᠤᠭ ᠨᠣᠢᠷ ᠦᠭᠡᠢ ᠬᠣᠨᠣᠯ᠎ᠠ᠃ ᠭᠣᠣᠯ ᠲᠥᠯᠥᠪ ᠣᠯᠵᠠ ᠣᠮᠣᠭ᠂ ᠢᠷᠡᠭᠡᠳᠦᠢ ᠶ᠋ᠢᠨ ᠬᠤᠪᠢ ᠵᠠᠶᠠᠭᠠᠨ ᠤ᠋ ᠪᠠᠨ ᠲᠤᠬᠠᠢ ᠪᠥᠭᠡᠳ ᠳᠠᠩ ᠪᠠᠶᠠᠷ ᠪᠠᠶᠠᠰᠬᠤᠯᠠᠩ ᠲᠠᠢ ᠶᠠᠭᠤᠮᠠᠰ ᠢ᠋ ᠪᠣᠳᠣᠭᠰᠠᠨ ᠪᠢᠯᠡ᠃ ᠥᠷᠯᠥᠭᠡ ᠨᠢ ᠠᠴᠢᠶᠠᠯᠠᠨ ᠳᠠᠭᠤᠰᠴᠤ ᠬᠥᠳᠡᠯᠬᠦ ᠲᠡᠢ ᠪᠡᠨ ᠵᠡᠷᠭᠡ ᠬᠦᠷᠡᠯ ᠲᠤᠩ ᠰᠢᠷᠦᠭᠦᠨ ᠶᠠᠪᠤᠯ᠎ᠠ᠃ ᠲᠡᠮᠡᠭᠡ ᠪᠦᠷᠢ ᠪᠤᠷᠠᠨᠲᠠᠭ ᠴᠢᠩᠭᠠᠭᠠᠨ ᠬᠦᠵᠦᠭᠦᠦ ᠰᠣᠩᠭᠣᠨ ᠠᠯᠬᠤᠯᠠᠨ᠎ᠠ᠃ ᠴᠢᠭᠯᠡᠭᠰᠡᠨ ᠵᠦᠭ ᠲᠤ ᠠᠶᠠᠨ ᠤ᠋ ᠵᠠᠮ ᠱᠤᠭᠤᠮᠳᠠᠮᠠᠯ ᠮᠡᠲᠦ ᠵᠤᠷᠠᠢᠵᠤ᠂ ᠠᠯᠤᠰ ᠲᠡᠷᠲᠡᠭᠡ ᠳ᠋ᠦ᠍ ᠶᠡᠬᠡ ᠨᠢᠷᠤᠭᠤ ᠬᠥᠨᠳᠡᠯᠢᠳᠦᠨ ᠬᠦᠯᠢᠶᠡᠵᠦ ᠪᠠᠢ ᠦᠵᠡᠭᠳᠡᠨ᠎ᠡ᠃ ᠲᠡᠭᠦᠨ ᠦ᠌ ᠨᠠᠭᠠᠨ᠎ᠠ ᠠᠢᠯ ᠠᠮᠢᠲᠠᠨ ᠬᠣᠪᠣᠷ᠂ ᠵᠠᠮ ᠤ᠋ᠨ ᠳᠤᠮᠳᠠ ᠬᠠᠪᠢ ᠳ᠋ᠤ᠌ ᠬᠡᠰᠡᠭ ᠪᠠᠷᠠᠭᠠᠨ ᠶᠠᠭᠤᠮ᠎ᠠ ᠪᠥᠷᠲᠥᠢᠨ ᠬᠠᠷᠠᠭᠳᠠᠭᠰᠠᠨ ᠳ᠋ᠠᠨᠽᠠᠨ ᠣᠯᠵᠠᠭᠤᠷᠬᠠᠨ ᠰᠣᠨᠢᠷᠬᠠᠨ᠎ᠠ᠃ ᠣᠢᠷᠠᠲᠤᠨ ᠦᠵᠡᠪᠡᠰᠦ ᠴᠠᠭᠠᠰᠢ ᠪᠠᠨ ᠶᠠᠪᠤᠵᠤ ᠪᠠᠢᠭ᠎ᠠ ᠯᠤᠤᠭᠠᠷ ᠬᠡᠮᠡᠬᠦ ᠬᠢᠲᠠᠳ ᠬᠥᠮᠦᠰ ᠦ᠋ᠨ ᠦᠬᠡᠷ ᠲᠡᠷᠭᠡᠨ ᠦ᠌ ᠵᠢᠩ ᠪᠠᠢᠵᠠᠢ᠃ ᠰᠡᠭᠦᠯᠴᠢ ᠶ᠋ᠢᠨ ᠲᠡᠷᠭᠡᠨ ᠦ᠌ ᠦᠬᠡᠷ ᠦ᠋ᠨ ᠬᠦᠵᠦᠭᠦᠨ ᠳ᠋ᠡᠬᠢ ᠲᠣᠮᠣ ᠲᠡᠮᠦᠷ ᠬᠣᠩᠬᠣ ᠵᠣᠭᠰᠣᠭ᠎ᠠ ᠵᠠᠢ ᠦᠭᠡᠢ ᠲᠦᠩ ᠲᠦᠩ ᠴᠣᠬᠢᠯᠠᠬᠤ ᠪᠣᠯᠪᠠᠴᠤ ᠲᠡᠮᠡᠭᠡᠨ ᠵᠢᠩ ᠦ᠋ᠨ ᠴᠤᠪᠤᠭᠠᠨ ᠳ᠋ᠤ᠌ ᠳᠣᠣᠷᠠᠬᠠᠨ ᠢ᠋ᠶ᠋ᠠᠨ ᠭᠦᠢᠴᠡᠭᠳᠡᠬᠦ ᠠᠵᠢ᠃ ᠪᠦᠬᠦ ᠦᠬᠡᠷ ᠦ᠋ᠨ ᠲᠣᠭ᠎ᠠ ᠠᠷᠪᠠᠭᠠᠳᠬᠠᠨ ᠪᠠᠢᠬᠤ ᠠᠲᠠᠯ᠎ᠠ ᠬᠠᠵᠠᠭᠤ ᠳ᠋ᠤᠨᠢ ᠳᠥᠷᠪᠡᠨ ᠲᠣᠮᠣ ᠬᠥᠮᠦᠨ᠂ ᠨᠢᠭᠡ ᠬᠡᠦᠬᠡᠳ᠂ ᠬᠣᠶᠠᠷ ᠨᠣᠬᠠᠢ ᠶᠠᠪᠤᠬᠤ ᠨᠢ ᠮᠣᠩᠭᠣᠯ ᠠᠶᠠᠨᠴᠢᠳ ᠲᠤ ᠬᠠᠪᠬ᠎ᠠ ᠠ᠋ᠴᠠ ᠪᠠᠨ ᠭᠢᠨᠵᠢ ᠨᠢ ᠭᠡᠭᠴᠢ ᠶ᠋ᠢ ᠪᠣᠳᠣᠭᠳᠠᠭᠤᠯᠤᠨ᠎ᠠ᠃ ᠢᠯᠠᠩᠭᠤᠶ᠎ᠠ ᠳ᠋ᠠᠨᠽᠠᠨ ᠳ᠋ᠤ᠌ ᠲᠡᠳᠡᠨ ᠦ᠌ ᠳᠡᠷᠭᠡᠳᠡᠭᠦᠷ ᠭᠤᠷᠪᠠᠨ ᠪᠡᠶ᠎ᠡ ᠬᠦᠨᠳᠦ ᠭᠡᠭᠴᠢ ᠠᠴᠢᠶ᠎ᠠ ᠪᠦᠬᠦᠢ ᠲᠠᠪᠢ ᠭᠠᠷᠤᠢ ᠲᠡᠮᠡᠭᠡ ᠲᠡᠢ ᠥᠩᠭᠡᠷᠡᠬᠦ ᠳ᠋ᠦ᠍᠂ ᠥᠪᠡᠷᠰᠡᠳ ᠦ᠋ᠨ ᠢ᠋ᠶ᠋ᠡᠨ ᠠᠭᠤᠯᠠ ᠤᠰᠤ᠂ ᠠᠳᠤᠭᠤᠰᠤ ᠠᠮᠢᠲᠠᠨ ᠪᠦᠭᠦᠳᠡ ᠶ᠋ᠢᠨ ᠳᠡᠭᠡᠭᠦᠷ ᠰᠡᠭᠦᠳᠡᠷ ᠲᠤᠰᠬᠠᠨ ᠥᠩᠭᠡᠷᠡᠳᠡᠭ ᠡᠭᠦᠯᠡ ᠲᠡᠢ ᠠᠳᠠᠯᠢᠬᠠᠨ ᠪᠠᠬᠠᠳᠤᠭᠤᠰᠢᠲᠠᠢ ᠪᠠᠢᠯ᠎ᠠ᠃