ᠬᠠᠨᠢ ᠶ᠋ᠢᠨ ᠵᠠᠶᠠᠭ᠎ᠠ-ᠠᠨᠠᠷ ᠮᠥᠩᠬᠡᠪᠠᠲᠤ Ханийн заяа-Анар Мөнхбат Khaniin Zaya-Anar Munkhbat
ᠬᠠᠨᠢ ᠶ᠋ᠢᠨ ᠵᠠᠶᠠᠭ᠎ᠠ
ᠦᠭᠡ᠄ ᠪ᠊᠂ ᠣᠶᠤᠨᠳᠠᠯᠠᠢ
ᠠᠶ᠎ᠠ᠄ ᠤᠷᠳᠤᠨᠠᠰᠤᠨ
ᠬᠥᠭᠵᠢᠮ ᠦ᠋ᠨ ᠨᠠᠢᠷᠠᠭᠤᠯᠭ᠎ᠠ᠄ ᠫ᠊᠂ ᠰᠦᠬᠡᠳᠠᠮᠪᠠ
ᠳᠠᠭᠤᠴᠢᠨ᠄ ᠠᠨᠳᠠᠪᠠᠭᠠᠳᠤᠷ ᠤ᠋ᠨ ᠮᠥᠩᠬᠡᠪᠠᠲᠤ
ᠪᠣᠷᠤᠬᠦᠦ ᠶ᠋ᠢᠨ ᠠᠨᠠᠷ
ᠳᠡᠭᠵᠢᠨ ᠬᠥᠭ ᠲᠡᠢ ᠬᠤᠭᠤᠷ ᠴᠤ᠌ ᠶᠤᠮ ᠤᠤ᠂ ᠮᠢᠨᠦ ᠯᠡ ᠠᠮᠠᠷᠠᠭ ᠬᠦ
ᠳᠡᠷᠭᠡᠳᠡ ᠴᠢᠨᠢ ᠰᠠᠭᠤᠬᠤᠯᠠᠷ ᠬᠠᠢᠷ᠎ᠠ ᠶ᠋ᠢᠨ ᠳᠠᠭᠤᠤ ᠨᠤᠭᠤᠳ ᠬᠠᠩᠭᠢᠨᠠᠭᠠᠳ ᠪᠠᠢᠨ᠎ᠠ ᠬᠦ
ᠳᠡᠷᠪᠡᠨ ᠨᠢᠰᠳᠡᠭ ᠰᠢᠪᠠᠭᠤᠬᠠᠢ ᠴᠤ᠌ ᠶᠤᠮ ᠤᠤ᠂ ᠮᠢᠨᠦ ᠯᠡ ᠠᠮᠠᠷᠠᠭ ᠬᠦ
ᠲᠠᠮᠪᠠᠷᠠᠯ ᠲᠠᠢ ᠵᠡᠭᠦᠳᠦᠨ ᠳ᠋ᠦ᠍ ᠳᠤᠷᠠᠯᠠᠯ ᠤ᠋ᠨ ᠦᠯᠢᠭᠡᠷ ᠱᠤᠯᠤᠭᠠᠨᠠᠭᠠᠳ ᠪᠠᠢᠨ᠎ᠠ ᠬᠦ
ᠬᠤᠭᠤᠷ ᠤ᠋ᠨ ᠬᠣᠶᠠᠷ ᠤᠲᠠᠰᠤ ᠯᠠ ᠶᠤᠮ ᠳᠠ᠂ ᠴᠢ ᠪᠢᠳᠡᠨ ᠬᠣᠶᠠᠷ ᠬᠦ
ᠬᠣᠷᠸ᠎ᠠ ᠶ᠋ᠢᠨ ᠰᠣᠨᠣᠷ ᠢ᠋ ᠠᠮᠢᠳᠤᠷᠠᠯ ᠤ᠋ᠨ ᠡᠭᠡᠰᠢᠭ ᠢ᠋ᠶ᠋ᠡᠷ ᠪᠠᠶᠠᠰᠬᠠᠭᠠᠳ ᠪᠠᠢᠨ᠎ᠠ ᠬᠦ
ᠬᠤᠨ ᠤ᠋ ᠬᠣᠶᠠᠷ ᠵᠢᠭᠦᠷ ᠴᠦ᠍ ᠶᠣᠮ ᠳᠡ᠂ ᠴᠢ ᠪᠢᠳᠡᠨ ᠬᠣᠶᠠᠷ ᠬᠦ
ᠬᠤᠷ᠎ᠠ ᠲᠠᠢ ᠰᠠᠯᠬᠢ ᠲᠠᠢ ᠲᠡᠭᠷᠢ ᠶ᠋ᠢᠨ ᠮᠠᠨᠳᠤᠯ ᠠ᠋ᠴᠠ ᠴᠣᠭ ᠲᠤ᠌ ᠪᠠᠨ ᠳᠡᠪᠢᠨᠡ ᠬᠦ
ᠠᠢ ᠬᠦ᠂ ᠵᠧ ᠬᠦ
ᠬᠤᠷ᠎ᠠ ᠲᠠᠢ ᠰᠠᠯᠬᠢ ᠲᠠᠢ ᠲᠡᠭᠷᠢ ᠶ᠋ᠢᠨ ᠮᠠᠨᠳᠤᠯ ᠠ᠋ᠴᠠ ᠴᠣᠭ ᠲᠤ᠌ ᠪᠠᠨ ᠳᠡᠪᠢᠨᠡ ᠬᠦ
ᠬᠠᠨ ᠰᠠᠨᠰᠠᠷ ᠤ᠋ᠨ ᠨᠠᠷᠠ ᠴᠦ᠍ ᠶᠤᠮ ᠤᠤ᠂ ᠮᠢᠨᠦ ᠬᠣᠩᠭᠣᠷ ᠬᠦ
ᠬᠠᠮᠢᠭ᠎ᠠ ᠶᠠᠪᠤᠭᠰᠠᠨ ᠴᠤ᠌ ᠬᠠᠯᠠᠮᠵᠢ ᠶ᠋ᠢᠨ ᠭᠡᠭᠡ ᠨᠠᠳᠠ ᠳᠡᠭᠡᠷ᠎ᠡ ᠲᠤᠰᠤᠨ᠎ᠠ ᠬᠦ
ᠬᠠᠩᠭᠠᠢ ᠨᠤᠲᠤᠭ ᠲᠤ᠌ ᠪᠠᠨ ᠬᠠᠭᠠᠨ ᠨᠢ ᠴᠦ᠍ ᠶᠣᠮ ᠤᠤ᠂ ᠮᠢᠨᠦ ᠬᠣᠩᠭᠣᠷ ᠬᠦ
ᠬᠠᠨᠠᠲᠤ ᠶ᠋ᠢᠨ ᠬᠣᠢᠮᠣᠷ ᠲᠤ᠌ ᠤᠬᠠᠭ᠎ᠠ ᠪᠣᠳᠣᠯ ᠢ᠋ ᠠᠷᠭᠠᠮᠵᠢᠭᠠᠳ ᠪᠠᠢᠨ᠎ᠠ ᠬᠦ
ᠰᠠᠨᠰᠠᠷ ᠤ᠋ᠨ ᠬᠣᠶᠠᠷ ᠣᠳᠣ ᠯᠠ ᠶᠤᠮ ᠳᠠ᠂ ᠴᠢ ᠪᠢᠳᠡᠨ ᠬᠣᠶᠠᠷ ᠬᠦ
ᠰᠠᠢᠨ ᠤ᠋ ᠰᠣᠪᠢᠩ ᠢ᠋ᠶ᠋ᠠᠷ ᠪᠡᠶᠡᠰ ᠢ᠋ᠶ᠋ᠡᠨ ᠰᠢᠷᠲᠡᠭᠡᠳ ᠲᠣᠷᠮᠣᠯᠵᠠᠭᠠᠳ ᠪᠠᠢᠨ᠎ᠠ ᠬᠦ
ᠰᠠᠭᠠᠬᠠᠯᠲᠠ ᠶ᠋ᠢᠨ ᠬᠣᠶᠠᠷ ᠬᠡᠦᠬᠡᠳ ᠰᠢᠦ ᠳᠡ᠂ ᠴᠢ ᠪᠢᠳᠡᠨ ᠬᠣᠶᠠᠷ ᠬᠦ
ᠰᠠᠷᠠᠭᠤᠯᠬᠠᠨ ᠨᠤᠲᠤᠭ ᠲᠤ᠌ ᠪᠠᠨ ᠠᠢᠯ ᠪᠣᠯᠤᠭᠠᠳ ᠤᠳᠤᠮ ᠢ᠋ᠶ᠋ᠠᠨ ᠵᠠᠯᠭᠠᠨ᠎ᠠ ᠬᠦ
ᠠᠢ ᠬᠦ᠂ ᠵᠧ ᠬᠦ
ᠰᠠᠷᠠᠭᠤᠯᠬᠠᠨ ᠨᠤᠲᠤᠭ ᠲᠤ᠌ ᠪᠠᠨ ᠠᠢᠯ ᠪᠣᠯᠤᠭᠠᠳ ᠤᠳᠤᠮ ᠢ᠋ᠶ᠋ᠠᠨ ᠵᠠᠯᠭᠠᠨ᠎ᠠ ᠬᠦ
ᠠᠢ ᠬᠦ᠂ ᠵᠧ ᠬᠦ
ᠰᠠᠷᠠᠭᠤᠯᠬᠠᠨ ᠨᠤᠲᠤᠭ ᠲᠤ᠌ ᠪᠠᠨ ᠠᠢᠯ ᠪᠣᠯᠤᠭᠠᠳ ᠤᠳᠤᠮ ᠢ᠋ᠶ᠋ᠠᠨ ᠵᠠᠯᠭᠠᠨ᠎ᠠ ᠬᠦ
ᠤᠳᠤᠮ ᠢ᠋ᠶ᠋ᠠᠨ ᠵᠠᠯᠭᠠᠨ᠎ᠠ ᠬᠦ
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠠᠯᠲᠠᠨᠴᠢᠮᠡᠭ
