ᠪᠠᠶᠠᠷ ᠨᠡᠮᠡᠶ᠎ᠡ -ᠠᠨᠠᠷ Баяр нэмье-АнарAnar - Bayar nemie ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠷ ᠨᠡᠮᠡᠶ᠎ᠡ -ᠠᠨᠠᠷ Баяр нэмье-АнарAnar - Bayar nemie

ᠪᠠᠶᠠᠷ ᠨᠡᠮᠡᠶ᠎ᠡ -ᠠᠨᠠᠷ Баяр нэмье-АнарAnar - Bayar nemie

ᠠᠩᠭᠢᠯᠠᠯ:ᠳᠠᠭᠤᠤ ᠬᠥᠭᠵᠢᠮ
2025-07-20

1452

ᠪᠠᠶᠠᠷ ᠨᠡᠮᠡᠶ᠎ᠡ

  ᠦᠭᠡ᠄ ᠮ᠂ ᠴᠠᠷᠠᠩᠳᠣᠭᠲᠤᠬᠤ 
  ᠠᠶ᠎ᠠ᠄ ᠨᠠ᠊᠂ ᠵᠠᠩᠴᠢᠨᠨᠤᠷᠪᠤ 
  ᠳᠠᠭᠤᠴᠢᠨ᠄ ᠯ᠂ ᠡᠷᠳᠡᠨᠢᠪᠣᠯᠣᠳ 
              ᠪ᠊᠂ ᠪᠢᠮᠪᠠᠳᠣᠷᠵᠢ 
              ᠪᠣᠷᠤᠬᠦᠦ ᠶ᠋ᠢᠨ ᠠᠨᠠᠷ  

ᠥᠷᠥᠮ᠎ᠡ ᠲᠡᠢ ᠰᠢᠷᠭᠠᠯ ᠴᠠᠢ ᠪᠠᠨ ᠵᠢᠷᠭᠠᠯ ᠠᠮᠲᠠᠯᠠᠨ ᠬᠦᠷᠲᠡᠨ᠎ᠡ ᠤᠤ 
ᠥᠭᠡᠳᠡᠯᠡᠬᠦ ᠲᠤᠯᠭᠠᠨ ᠤ᠋ ᠭᠠᠯ ᠢ᠋ᠶ᠋ᠠᠨ ᠥᠨᠢ ᠮᠥᠩᠬᠡᠳᠡ ᠪᠠᠳᠠᠷᠠᠭᠠᠨ᠎ᠠ ᠤᠤ 
ᠤᠷᠭᠤᠵᠤ ᠪᠠᠢᠭ᠎ᠠ ᠴᠡᠴᠡᠭ ᠢ᠋ ᠤᠷᠮ᠎ᠠ ᠶ᠋ᠢᠨ ᠳᠡᠭᠡᠳᠦ ᠪᠡᠷ ᠢᠷᠥᠭᠡᠨ᠎ᠡ ᠤᠤ 
ᠤᠬᠠᠭᠠᠨᠲᠤ ᠤᠳᠤᠮ ᠤ᠋ᠨ ᠵᠠᠩᠰᠢᠯ ᠢ᠋ᠶ᠋ᠠᠨ ᠤᠯᠠᠮ ᠶᠡᠬᠡ ᠪᠡᠷ ᠳᠡᠭᠡᠳᠦᠯᠡᠨ᠎ᠡ ᠤᠤ 

ᠰᠠᠢᠬᠠᠨ ᠢᠷᠦᠭᠡᠯ ᠢ᠋ᠶ᠋ᠡᠨ ᠡᠷᠭᠦᠯ᠎ᠡ ᠪᠢ 
ᠲᠠᠨ ᠤ᠋ ᠰᠡᠳᠬᠢᠯ ᠳ᠋ᠦ᠍ ᠵᠢᠷᠭᠠᠯ ᠨᠡᠮᠡᠶ᠎ᠡ ᠠ᠋ 
ᠰᠠᠢᠬᠠᠨ ᠳᠠᠭᠤᠤ ᠪᠠᠨ ᠳᠠᠭᠤᠯᠠᠯ᠎ᠠ ᠪᠢ 
ᠲᠠ ᠪᠦᠬᠦᠨ ᠳ᠋ᠡᠭᠡᠨ ᠪᠠᠶᠠᠷ ᠨᠡᠮᠡᠶ᠎ᠡ ᠠ᠋ 

ᠬᠣᠣᠰ ᠮᠣᠷᠢ ᠲᠠᠢ ᠵᠠᠶᠠᠭ᠎ᠠ ᠶ᠋ᠢ ᠴᠠᠭᠠᠨ ᠰᠦ ᠪᠡᠷ ᠮᠢᠯᠢᠶᠠᠨ᠎ᠠ ᠤᠤ
ᠬᠣᠯᠠ ᠠ᠋ᠴᠠ ᠢᠷᠡᠭᠰᠡᠨ ᠵᠣᠴᠢᠳ ᠤ᠋ᠨ ᠠᠮᠤᠷ ᠮᠡᠨᠳᠦ ᠶ᠋ᠢ ᠠᠢᠯᠠᠳᠬᠠᠨ᠎ᠠ ᠤᠤ
ᠬᠣᠪᠣᠷ ᠨᠠᠨᠳᠢᠨ ᠬᠠᠭᠤᠴᠢ ᠶᠠᠷᠢᠶ᠎ᠠ ᠳᠡᠯᠭᠡᠵᠦ ᠨᠠᠢᠷᠯᠠᠨ᠎ᠠ ᠤᠤ
ᠬᠣᠯᠪᠣᠭ᠎ᠠ ᠴᠡᠩᠬᠡᠷ ᠠᠭᠤᠯᠠᠰ ᠬᠠᠭᠠᠷᠠᠨ ᠭᠡᠭᠡᠯᠵᠡᠲᠡᠯ᠎ᠡ ᠳᠠᠭᠤᠯᠠᠨ᠎ᠠ ᠤᠤ

ᠰᠠᠢᠬᠠᠨ ᠢᠷᠦᠭᠡᠯ ᠢ᠋ᠶ᠋ᠡᠨ ᠡᠷᠭᠦᠯ᠎ᠡ ᠪᠢ
ᠲᠠᠨ ᠤ᠋ ᠰᠡᠳᠬᠢᠯ ᠳ᠋ᠦ᠍ ᠵᠢᠷᠭᠠᠯ ᠨᠡᠮᠡᠶ᠎ᠡ ᠠ᠋
ᠰᠠᠢᠬᠠᠨ ᠳᠠᠭᠤᠤ ᠪᠠᠨ ᠳᠠᠭᠤᠯᠠᠯ᠎ᠠ ᠪᠢ
ᠲᠠ ᠪᠦᠬᠦᠨ ᠳ᠋ᠡᠭᠡᠨ ᠪᠠᠶᠠᠷ ᠨᠡᠮᠡᠶ᠎ᠡ ᠠ᠋

ᠨᠠᠷᠠ ᠵᠥᠪ ᠡᠷᠭᠢᠭᠰᠡᠨ ᠳᠤᠭᠤᠷ᠎ᠠ  ᠪᠠᠨ ᠲᠦᠷᠡᠨ ᠳᠠᠭᠤᠯᠠᠨ᠎ᠠ ᠤᠤ
ᠨᠠᠰᠤᠲᠠᠨ ᠪᠤᠭᠤᠷᠤᠯ ᠢ᠋ᠶ᠋ᠠᠨ ᠬᠦᠨᠳᠦᠯᠡᠨ ᠬᠠᠳᠠᠭ ᠳᠡᠯᠭᠡᠨ ᠵᠣᠯᠭᠠᠨ᠎ᠠ ᠤᠤ
ᠶᠠᠷᠢᠬᠤ ᠬᠡᠯᠡᠬᠦ ᠦᠭᠡᠰ ᠦ᠋ᠨ ᠰᠠᠢᠬᠠᠨ ᠢ᠋ᠶ᠋ᠠᠷ ᠪᠢᠯᠬᠠᠨ ᠨᠠᠢᠷᠯᠠᠨ᠎ᠠ ᠤᠤ
ᠢᠷᠠᠭᠤᠬᠠᠨ ᠶᠠᠲᠤᠭ᠎ᠠ ᠶ᠋ᠢᠨ ᠠᠶᠠᠯᠠᠭᠤᠨ ᠳ᠋ᠤ᠌ ᠪᠣᠷᠣᠭᠠᠨ ᠵᠦᠰᠡᠷᠡᠲᠡᠯ᠎ᠡ ᠳᠠᠭᠤᠯᠠᠨ᠎ᠠ ᠤᠤ

ᠰᠠᠢᠬᠠᠨ ᠢᠷᠦᠭᠡᠯ ᠢ᠋ᠶ᠋ᠡᠨ ᠡᠷᠭᠦᠯ᠎ᠡ ᠪᠢ
ᠲᠠᠨ ᠤ᠋ ᠰᠡᠳᠬᠢᠯ ᠳ᠋ᠦ᠍ ᠵᠢᠷᠭᠠᠯ ᠨᠡᠮᠡᠶ᠎ᠡ ᠠ᠋
ᠰᠠᠢᠬᠠᠨ ᠳᠠᠭᠤᠤ ᠪᠠᠨ ᠳᠠᠭᠤᠯᠠᠯ᠎ᠠ ᠪᠢ
ᠲᠠ ᠪᠦᠬᠦᠨ ᠳ᠋ᠡᠭᠡᠨ ᠪᠠᠶᠠᠷ ᠨᠡᠮᠡᠶ᠎ᠡ ᠠ᠋

ᠰᠠᠢᠬᠠᠨ ᠢᠷᠦᠭᠡᠯ ᠢ᠋ᠶ᠋ᠡᠨ ᠡᠷᠭᠦᠯ᠎ᠡ ᠪᠢ
ᠲᠠᠨ ᠤ᠋ ᠰᠡᠳᠬᠢᠯ ᠳ᠋ᠦ᠍ ᠵᠢᠷᠭᠠᠯ ᠨᠡᠮᠡᠶ᠎ᠡ ᠠ᠋
ᠰᠠᠢᠬᠠᠨ ᠳᠠᠭᠤᠤ ᠪᠠᠨ ᠳᠠᠭᠤᠯᠠᠯ᠎ᠠ ᠪᠢ
ᠲᠠ ᠪᠦᠬᠦᠨ ᠳ᠋ᠡᠭᠡᠨ ᠪᠠᠶᠠᠷ ᠨᠡᠮᠡᠶ᠎ᠡ ᠠ᠋
ᠲᠠ ᠪᠦᠬᠦᠨ ᠳ᠋ᠡᠭᠡᠨ ᠪᠠᠶᠠᠷ᠂ ᠪᠠᠶᠠᠷ ᠨᠡᠮᠡᠶ᠎ᠡ ᠠ᠋

  ᠦᠰᠦᠭ ᠬᠠᠲᠠᠵᠤ᠂ ᠠᠮᠢᠯᠠᠭᠤᠯᠤᠭᠰᠠᠨ ᠠᠯᠲᠠᠨᠴᠢᠮᠡᠭ