ᠮᠢᠨᠦ ᠨᠤᠲᠤᠭ- ᠰᠣᠳᠤᠪᠢᠯᠢᠭ᠌ Миний нутаг -Содбилэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠨᠤᠲᠤᠭ- ᠰᠣᠳᠤᠪᠢᠯᠢᠭ᠌ Миний нутаг -Содбилэг

ᠮᠢᠨᠦ ᠨᠤᠲᠤᠭ- ᠰᠣᠳᠤᠪᠢᠯᠢᠭ᠌ Миний нутаг -Содбилэг

ᠠᠩᠭᠢᠯᠠᠯ:ᠳᠠᠭᠤᠤ ᠬᠥᠭᠵᠢᠮ
2025-07-19

358

ᠮᠢᠨᠦ ᠨᠤᠲᠤᠭ

  ᠦᠭᠡ᠂ ᠠᠶ᠎ᠠ᠂ ᠳᠠᠭᠤᠴᠢᠨ᠄ ᠰᠣᠳᠤᠪᠢᠯᠢᠭ᠌ 

ᠪᠤᠮᠠᠨ ᠲᠦᠮᠡᠨ ᠦ᠌ ᠰᠢᠲᠦᠭᠡᠨ ᠪᠣᠯᠤᠭᠰᠠᠨ 
ᠪᠣᠭᠳᠠ ᠰᠦᠷᠯᠢᠭ ᠠᠭᠤᠯᠠ ᠮᠢᠨᠢ 
ᠪᠤᠶᠠᠨᠲᠤ ᠠᠷᠠᠳ ᠢ᠋ᠶ᠋ᠠᠨ ᠤᠮᠳᠠᠭᠠᠯᠠᠭᠰᠠᠨ 
ᠪᠣᠯᠣᠷ ᠲᠤᠩᠭᠠᠯᠠᠭ ᠴᠣᠣᠯ ᠭᠣᠣᠯ ᠮᠢᠨᠢ 

ᠵᠦᠢᠯ ᠦ᠋ᠨ ᠴᠡᠴᠡᠭ ᠮᠢᠷᠠᠯᠵᠠᠭᠰᠠᠨ 
ᠵᠡᠷᠭᠡᠯᠭᠡᠨ ᠲᠡᠢ ᠰᠠᠢᠬᠠᠨ ᠬᠠᠢᠷᠬᠠᠨ ᠮᠢᠨᠢ 
ᠵᠠᠭᠤᠨ ᠣᠯᠠᠨ ᠤ᠋ ᠪᠠᠬᠠᠷᠬᠠᠯ ᠪᠣᠯᠤᠭᠰᠠᠨ 
ᠵᠢᠷᠤᠭ ᠰᠢᠭ᠋ ᠪᠠᠢᠭᠠᠯᠢ ᠲᠠᠢ ᠨᠤᠲᠤᠭ ᠮᠢᠨᠢ 
ᠬᠣᠷᠸ᠎ᠠ ᠳ᠋ᠤ᠌ ᠬᠣᠣᠰ ᠦᠭᠡᠢ ᠮᠢᠨᠦ ᠨᠤᠲᠤᠭ
ᠬᠣᠨᠣᠭ ᠤ᠋ᠨ ᠵᠡᠭᠦᠳᠦ ᠡᠴᠡ ᠭᠠᠷᠳᠠᠭ ᠦᠭᠡᠢ
ᠰᠠᠢᠬᠠᠨ ᠣᠷᠣᠨ

ᠲᠠᠩᠰᠤᠭ ᠲᠠᠯ᠎ᠠ ᠶ᠋ᠢᠨ ᠢ᠋ᠶ᠋ᠡᠨ ᠠᠭᠤᠳᠠᠮ ᠳ᠋ᠤ᠌ ᠨᠠᠯᠠᠢᠭᠰᠠᠨ
ᠲᠠᠪᠤᠨ ᠡᠷᠳᠡᠨᠢ ᠶ᠋ᠢᠨ ᠰᠦᠷᠦᠭ ᠮᠢᠨᠢ
ᠲᠠᠪᠢᠯᠠᠩ ᠵᠠᠶᠠᠭᠠᠨ ᠤ᠋ ᠨᠠᠢᠷᠠᠭ ᠪᠣᠯᠤᠭᠰᠠᠨ
ᠲᠠᠪᠠᠲᠠᠢ ᠰᠠᠢᠬᠠᠨ ᠣᠷᠣᠨ ᠮᠢᠨᠢ
ᠬᠣᠷᠸ᠎ᠠ ᠳ᠋ᠤ᠌ ᠬᠣᠣᠰ ᠦᠭᠡᠢ ᠮᠢᠨᠦ ᠨᠤᠲᠤᠭ
ᠬᠣᠨᠣᠭ ᠤ᠋ᠨ ᠵᠡᠭᠦᠳᠦ ᠡᠴᠡ ᠭᠠᠷᠳᠠᠭ ᠦᠭᠡᠢ
ᠰᠠᠢᠬᠠᠨ ᠣᠷᠣᠨ
ᠬᠣᠷᠸ᠎ᠠ ᠳ᠋ᠤ᠌ ᠬᠣᠣᠰ ᠦᠭᠡᠢ ᠮᠢᠨᠦ ᠨᠤᠲᠤᠭ
ᠬᠣᠨᠣᠭ ᠤ᠋ᠨ ᠵᠡᠭᠦᠳᠦ ᠡᠴᠡ ᠭᠠᠷᠳᠠᠭ ᠦᠭᠡᠢ
ᠰᠠᠢᠬᠠᠨ ᠣᠷᠣᠨ
ᠬᠣᠨᠣᠭ ᠤ᠋ᠨ ᠵᠡᠭᠦᠳᠦ ᠡᠴᠡ ᠭᠠᠷᠳᠠᠭ ᠦᠭᠡᠢ
ᠰᠠᠢᠬᠠᠨ ᠣᠷᠣᠨ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ᠄ ᠲᠤᠭᠴᠢ ᠯᠤᠪᠰᠠᠩ