ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠳᠣᠯᠣᠭ᠎ᠠ〕 Цаг төрийн үймээн – Д ᠂ Намдаг - Амьдралын зам ᠂ нэгдүгээр бүлэг - 7 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠳᠣᠯᠣᠭ᠎ᠠ〕 Цаг төрийн үймээн – Д ᠂ Намдаг - Амьдралын зам ᠂ нэгдүгээр бүлэг - 7

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠳᠣᠯᠣᠭ᠎ᠠ〕 Цаг төрийн үймээн – Д ᠂ Намдаг - Амьдралын зам ᠂ нэгдүгээр бүлэг - 7

ᠠᠩᠭᠢᠯᠠᠯ:ᠲᠤᠭᠤᠵᠢ ᠷᠣᠮᠠᠨ
2025-07-18

506

ᠵᠢᠷᠦᠬᠡᠨ ᠦ᠌ ᠴᠣᠬᠢᠯᠲᠠ ᠥᠭᠡᠷᠡᠴᠢᠯᠡᠭᠳᠡᠯ᠎ᠡ


       ᠪᠠᠯᠳᠠᠨᠴᠡᠷᠢᠩ ᠤᠯᠠᠭᠠᠨ ᠰᠢᠩᠬᠤᠨ ᠪᠤᠳᠤᠭᠲᠤ ᠣᠨᠢ ᠨᠤᠭᠤᠳ ᠢ᠋ᠶ᠋ᠠᠨ ᠭᠥᠯᠢᠷᠡᠨ ᠰᠢᠷᠳᠡᠭᠰᠡᠭᠡᠷ ᠪᠠᠷᠤᠭ ᠳᠣᠯᠣᠭ᠎ᠠ ᠬᠣᠨᠣᠭ ᠪᠣᠯᠤᠭᠰᠠᠨ ᠪᠥᠭᠡᠳ ᠡᠳᠦᠷ ᠳᠤᠮᠳᠠ ᠶ᠋ᠢᠨ ᠬᠢᠷᠢ ᠳ᠋ᠦ᠍ ᠭᠠᠳᠠᠨ᠎ᠠ ᠠ᠋ᠴᠠ ᠱᠠᠪᠢ ᠪᠠᠨ ᠣᠷᠣᠵᠤ ᠢᠷᠡᠬᠦ ᠳ᠋ᠦ᠍᠄ 
       — ᠥᠨᠥᠬᠢ ᠡᠪᠡᠳᠴᠢᠲᠡᠢ ᠬᠥᠮᠦᠨ ᠶᠠᠮᠠᠷ ᠪᠠᠢᠨ᠎ᠠ ᠪᠢᠯᠡ? ᠭᠡᠵᠦ ᠴᠣᠩᠬᠢᠭᠠᠷ ᠴᠠᠭᠠᠨ ᠪᠣᠯᠤᠭᠰᠠᠨ ᠴᠢᠷᠠᠢ ᠪᠠᠨ ᠬᠥᠳᠡᠯᠭᠡᠯ ᠦᠭᠡᠢ ᠪᠡᠷ ᠠᠰᠠᠭᠤᠪᠠ᠃  
       — ᠵᠠ ᠪᠠᠭᠰᠢ ᠠ᠋! ᠭᠠᠢᠭᠤᠢ ᠪᠣᠯᠵᠤ ᠪᠠᠢᠨ᠎ᠠ ᠰᠢᠦ᠂ ᠮᠠᠷᠠᠮᠪᠠ ᠭᠤᠸᠠᠢ ᠴᠦ᠍ ᠣᠳᠣ ᠢᠩᠭᠢᠭᠡᠳ ᠬᠣᠭᠣᠯᠠ ᠤᠮᠳᠠ ᠪᠠᠷ ᠨᠢ ᠲᠣᠷᠳᠠᠭᠠᠳ ᠪᠠᠢᠪᠠᠯ ᠤᠳᠠᠬᠤ ᠦᠭᠡᠢ ᠵᠦᠭᠡᠷ ᠪᠣᠯᠤᠨ᠎ᠠ ᠭᠡᠵᠦ ᠠᠢᠯᠠᠳᠤᠭᠰᠠᠨ᠃  
       — ᠠᠰᠢᠭᠦᠢ ᠳᠡ ᠭᠡᠵᠦ ᠪᠠᠯᠳᠠᠨᠴᠡᠷᠢᠩ ᠢᠨᠢᠶᠡᠮᠰᠦᠭᠯᠡᠨ ᠥᠨᠳᠡᠢᠵᠦ ᠪᠢᠴᠢᠬᠠᠨ ᠱᠦᠭᠦᠢ ᠶ᠋ᠢᠨ ᠢ᠋ᠶ᠋ᠡᠨ ᠨᠢᠳᠦ ᠶ᠋ᠢ ᠲᠡᠳᠡᠨ ᠭᠤᠷᠪᠠᠨ ᠶᠠᠩᠴᠢᠶᠠᠨ ᠭᠠᠷᠭᠠᠪᠠ᠃ ᠡᠭᠦᠨ ᠦ᠌ ᠤᠷᠢᠳ ᠪᠠᠯᠳᠠᠨᠴᠡᠷᠢᠩ ᠲᠡᠷᠡ ᠡᠪᠡᠳᠴᠢᠲᠡᠨ ᠳ᠋ᠦ᠍ ᠭᠤᠷᠪᠠᠨ ᠬᠣᠨᠣᠭ ᠳᠣᠳᠣᠮ ᠬᠣᠶᠠᠷ ᠶᠠᠩᠴᠢᠶᠠᠨ ᠵᠠᠷᠤᠴᠠᠭᠤᠯᠳᠠᠭ ᠪᠠᠢᠭᠰᠠᠨ ᠪᠣᠯ ᠣᠳᠣ ᠥᠭᠡᠷᠡᠴᠢᠯᠡᠨ ᠭᠤᠷᠪᠠ ᠶ᠋ᠢ ᠵᠠᠷᠤᠴᠠᠭᠤᠯᠤᠶ᠎ᠠ ᠭᠡᠵᠦ ᠪᠣᠳᠣᠭᠰᠠᠨ ᠠᠵᠢ᠃ 
       — ᠮᠠᠢ! ᠡᠭᠦᠨ ᠢ᠋ ᠡᠮᠡᠭᠡᠨ ᠳ᠋ᠦ᠍ ᠠᠪᠠᠴᠢᠵᠤ ᠥᠭ!  
       ᠨᠠᠮᠰᠠᠷᠠᠢ ᠶᠠᠩᠴᠢᠶᠠᠨ ᠢ᠋ ᠬᠦᠯᠢᠶᠡᠨ ᠠᠪᠤᠩᠭᠤᠲᠠ ᠪᠠᠨ ᠪᠣᠰᠤᠨ ᠬᠠᠷᠠᠢᠨ ᠭᠦᠶᠦᠵᠦ ᠭᠠᠷᠪᠠ᠃ ᠲᠡᠭᠦᠨ ᠳ᠋ᠦ᠍ ᠪᠣᠯ ᠡᠪᠡᠳᠴᠢᠲᠡᠨ ᠦ᠌ ᠡᠳᠡᠭᠡᠷᠡᠬᠦ᠂ ᠡᠰᠡᠬᠦ ᠣᠨᠴᠠ ᠶ᠋ᠢᠨ ᠬᠣᠯᠪᠣᠭᠳᠠᠯ ᠲᠠᠢ ᠪᠢᠰᠢ᠂ ᠬᠠᠷᠢᠨ ᠪᠠᠭᠰᠢ ᠨᠢ ᠯᠡ ᠶᠠᠮᠠᠷ ᠨᠢᠭᠡᠨ ᠦᠢᠯᠡ ᠬᠡᠷᠡᠭ ᠲᠦ᠍ ᠶᠠᠪᠤᠭᠤᠯᠤᠨ ᠭᠠᠳᠠᠭᠰᠢ ᠭᠠᠷᠭᠠᠵᠤ ᠪᠠᠢᠬᠤ ᠨᠢ ᠴᠢᠬᠤᠯᠠ ᠪᠠᠢᠳᠠᠭ ᠪᠢᠯᠡ᠃ ᠪᠠᠯᠳᠠᠨᠴᠡᠷᠢᠩ ᠳ᠋ᠦ᠍ ᠪᠣᠯ ᠲᠡᠷᠡ ᠬᠥᠮᠦᠨ ᠦ᠌ ᠡᠳᠡᠭᠡᠷᠡᠬᠦ ᠦᠨᠡᠬᠡᠷ ᠶᠡᠬᠡ ᠪᠠᠶᠠᠷ《ᠡᠪᠡᠳᠴᠢᠨ ᠦᠭᠡᠢᠷᠡᠯ ᠬᠣᠶᠠᠷ ᠲᠤ᠌ ᠨᠡᠷᠪᠡᠭᠳᠡᠭᠰᠡᠨ ᠬᠥᠭᠡᠷᠦᠬᠦᠢ ᠬᠥᠮᠦᠨ ᠢ᠋ ᠲᠡᠳᠬᠦᠨ ᠲᠡᠩᠬᠡᠷᠡᠭᠦᠯᠬᠦ ᠰᠢᠭ ᠰᠠᠢᠬᠠᠨ ᠶᠠᠭᠤᠮ᠎ᠠ ᠶᠠᠭᠤ ᠪᠠᠢᠬᠤ ᠪᠢᠯᠡ》 ᠭᠡᠵᠦ ᠪᠣᠳᠣᠨ᠎ᠠ᠃ ᠭᠡᠲᠡᠯ᠎ᠡ ᠰᠡᠳᠬᠢᠯ ᠳ᠋ᠦ᠍ᠨᠢ《ᠡᠪᠡᠳᠴᠢᠨ ᠴᠦ᠍ ᠶᠠᠭᠠᠬᠢᠬᠤ ᠪᠣᠢ᠂ ᠢᠩᠭᠢᠭᠡᠳ ᠡᠮ ᠢ᠋ᠶ᠋ᠡᠷ ᠡᠳᠡᠭᠡᠷᠡᠳᠡᠭ ᠪᠠᠢᠵᠠᠢ᠃ ᠬᠠᠷᠢᠨ ᠮᠠᠨ ᠤ᠋ ᠰᠡᠳᠬᠢᠯ ᠰᠠᠨᠠᠭᠠᠨ ᠤ᠋ ᠭᠤᠲᠤᠷᠠᠯ ᠢ᠋ ᠬᠡᠨ ᠶᠠᠭᠤ ᠪᠠᠷ ᠡᠳᠡᠭᠡᠷᠡᠭᠦᠯᠬᠦ ᠶᠦᠮ ᠪᠣᠢ?》 ᠭᠡᠵᠦ ᠥᠪᠡᠷᠲᠡᠭᠡᠨ ᠠᠰᠠᠭᠤᠳᠠᠯ ᠲᠠᠯᠪᠢᠨ᠎ᠠ᠃ ᠢᠩᠭᠢᠬᠦ ᠳ᠋ᠦ᠍ ᠡᠳᠡᠭᠡᠷᠡᠭᠦᠯᠬᠦ ᠡᠮ ᠬᠠᠮᠢᠭ᠎ᠠ ᠴᠦ᠍ ᠦᠭᠡᠢ᠃ ᠵᠥᠪᠬᠡᠨ ᠥᠪᠡᠷ ᠢ᠋ᠶ᠋ᠡᠨ ᠥᠪᠡᠷ ᠢ᠋ ᠪᠡᠨ ᠠᠷᠭᠠᠯᠠᠪᠠᠯ ᠵᠣᠬᠢᠬᠤ ᠭᠠᠭᠴᠠᠬᠠᠨ ᠬᠠᠷᠢᠭᠤᠯᠲᠠ ᠪᠠᠢᠬᠤ ᠪᠥᠭᠡᠳ ᠡᠨᠡ ᠨᠢ ᠭᠡᠪᠡᠯ ᠬᠡᠪᠲᠡᠭᠡᠳ ᠪᠠᠢᠬᠤ ᠶ᠋ᠢᠨ ᠣᠷᠣᠨ ᠳ᠋ᠤ᠌ ᠭᠠᠳᠠᠭᠤᠷ ᠳᠣᠲᠣᠭᠤᠷ ᠶᠠᠪᠤᠨ ᠡᠨᠡ ᠲᠡᠷᠡ ᠬᠥᠮᠦᠨ ᠲᠡᠢ ᠠᠭᠤᠯᠵᠠᠵᠤ ᠤᠢᠳᠬᠠᠷ ᠭᠤᠨᠢᠭ ᠢ᠋ᠶ᠋ᠠᠨ ᠮᠠᠷᠲᠠᠬᠤ ᠯᠠ ᠪᠠᠢᠯ᠎ᠠ᠃ ᠡᠢᠮᠦ ᠳ᠋ᠦ᠍ ᠪᠠᠯᠳᠠᠨᠴᠡᠷᠢᠩ ᠵᠠᠮᠢᠶᠠᠨ ᠬᠦᠩ ᠭᠡᠭᠴᠢ ᠶ᠋ᠢᠨ ᠳ᠋ᠦ᠍ ᠣᠴᠢᠬᠤ ᠪᠠᠷ ᠰᠢᠢᠳᠦᠯ᠎ᠡ᠃ ᠤᠭ ᠨᠢ ᠡᠨᠡ ᠬᠣᠶᠠᠷ ᠣᠢᠷ᠎ᠠ ᠳᠣᠲᠣᠨᠣ ᠶ᠋ᠢᠨ ᠲᠠᠨᠢᠯ ᠤ᠋ᠳ ᠪᠢᠰᠢ᠂ ᠠᠦ᠋ᠲ᠋ᠣᠨᠣᠮᠢᠲᠤ ᠶ᠋ᠢᠨ ᠦᠶ᠎ᠡ ᠳ᠋ᠦ᠍ ᠪᠠᠯᠳᠠᠨᠴᠡᠷᠢᠩ ᠬᠦᠩ ᠵᠡᠷᠭᠡ ᠱᠠᠩᠨᠠᠭᠳᠠᠬᠤ ᠳ᠋ᠠᠭᠠᠨ ᠥᠭᠡᠷ᠎ᠡ ᠨᠢᠭᠡᠨ ᠡᠷᠳᠡᠮ ᠦ᠋ᠨ ᠬᠦᠩ ᠱᠠᠩᠨᠠᠭᠳᠠᠬᠤ ᠬᠥᠮᠦᠨ ᠲᠡᠢ ᠨᠢᠭᠡᠨ ᠵᠠᠷᠯᠢᠭ ᠢ᠋ᠶ᠋ᠠᠷ ᠱᠠᠩᠨᠠᠭᠳᠠᠭᠰᠠᠨ ᠪᠥᠭᠡᠳ ᠲᠡᠷᠡ ᠨᠢ ᠡᠨᠡ ᠵᠠᠮᠢᠶᠠᠨ ᠭᠡᠭᠴᠢ ᠪᠠᠢᠵᠠᠢ᠃ ᠲᠡᠷᠡ ᠴᠠᠭ ᠠ᠋ᠴᠠ ᠬᠣᠢᠰᠢ ᠪᠠᠯᠳᠠᠨᠴᠡᠷᠢᠩ᠂ ᠵᠠᠮᠢᠶᠠᠨ ᠢ᠋ ᠳᠣᠲᠣᠷ᠎ᠠ ᠪᠠᠨ ᠳᠣᠲᠣᠨᠣᠴᠢᠯᠠᠨ ᠬᠦᠨᠳᠦᠳᠬᠡᠬᠦ ᠪᠣᠯᠤᠭᠰᠠᠨ ᠠᠵᠢ᠃ ᠭᠡᠪᠡᠴᠦ ᠵᠠᠮᠢᠶᠠᠨ ᠨᠠᠰᠤ ᠥᠨᠳᠥᠷ ᠤᠴᠢᠷ ᠦᠶᠡᠷᠬᠡᠨ ᠨᠠᠢᠵᠠᠷᠬᠠᠵᠤ ᠪᠣᠯᠳᠠᠭ ᠦᠭᠡᠢ ᠪᠠᠢᠵᠠᠢ᠃ ᠵᠠᠮᠢᠶᠠᠨ ᠭᠤᠸᠠᠢ ᠶ᠋ᠢᠨ ᠤᠷᠤᠭᠤ ᠶᠠᠪᠤᠵᠤ ᠪᠠᠢᠬᠤ ᠳ᠋ᠠᠭᠠᠨ ᠪᠠᠯᠳᠠᠨᠴᠡᠷᠢᠩ ᠵᠥᠪᠬᠡᠨ ᠠᠮᠤᠷ ᠮᠡᠳᠡᠬᠦ ᠡᠴᠡ ᠥᠭᠡᠷ᠎ᠡ ᠶ᠋ᠢ ᠪᠣᠳᠣᠬᠤ ᠦᠭᠡᠢ ᠪᠠᠢᠯ᠎ᠠ᠃ 
       ᠬᠠᠰᠢᠶᠠᠨ ᠤ᠋ ᠳᠣᠲᠣᠷ᠎ᠠ ᠪᠠᠨ ᠬᠣᠶᠠᠷ ᠭᠡᠷ ᠲᠡᠢ᠃ ᠵᠡᠭᠦᠨᠲᠡᠢ ᠪᠠᠭᠠᠪᠲᠤᠷ ᠢ᠋ ᠭᠠᠯ ᠲᠣᠭᠣᠭᠠᠨ ᠤ᠋ ᠭᠡᠷ ᠭᠡᠵᠦ ᠨᠡᠷᠡᠯᠡᠨ᠎ᠡ᠃ ᠪᠠᠷᠠᠭᠤᠨ ᠲᠠᠯ᠎ᠠ ᠶ᠋ᠢᠨ ᠲᠣᠮᠣ ᠳ᠋ᠤ᠌ ᠨᠢᠭᠤᠷ ᠨᠡᠯᠢᠶᠡᠳ ᠦᠷᠴᠢᠭᠢᠷ ᠳᠡᠭᠡᠳᠦ ᠤᠷᠤᠭᠤᠯ ᠤ᠋ᠨ ᠢ᠋ᠶ᠋ᠠᠨ ᠬᠣᠶᠠᠷ ᠵᠠᠪᠠᠵᠢᠨ ᠳ᠋ᠤ᠌ ᠰᠢᠩᠭᠡᠨ  ᠪᠤᠭᠤᠷᠤᠯ ᠰᠠᠬᠠᠯ ᠲᠠᠢ᠂ ᠲᠣᠯᠣᠭᠠᠢ ᠳ᠋ᠠᠭᠠᠨ ᠬᠥᠳᠡᠭᠡ ᠶ᠋ᠢᠨ ᠮᠠᠯᠴᠢᠳ ᠤ᠋ᠨ ᠡᠮᠦᠰᠳᠡᠭ ᠴᠠᠭᠠᠨ ᠢᠰᠡᠭᠡᠢ ᠲᠣᠭᠣᠷᠴᠣᠭ ᠲᠠᠢ᠂ ᠠᠷᠤ ᠤᠷᠤᠭᠤ ᠪᠠᠨ ᠱᠣᠳᠣᠩ ᠪᠤᠭᠤᠷᠤᠯ ᠭᠡᠵᠢᠭᠡ ᠤᠨᠵᠢᠭᠤᠯᠤᠭᠰᠠᠨ ᠬᠠᠭᠤᠴᠢᠨ ᠳᠠᠯᠢᠩᠪᠤ ᠳᠡᠪᠡᠯ ᠲᠡᠢ ᠬᠣᠷᠴᠢᠭᠢᠷ ᠡᠪᠦᠭᠡᠨ ᠵᠤᠤᠬᠠᠨ ᠤ᠋ ᠠᠮᠠᠨ ᠳᠡᠭᠡᠷ᠎ᠡ ᠰᠠᠭᠤᠨ᠎ᠠ᠃ ᠡᠨᠡ ᠪᠣᠯ ᠵᠠᠮᠢᠶᠠᠨ᠃ ᠵᠤᠤᠬᠠᠨ ᠤ᠋ ᠨᠥᠭᠦᠭᠡ ᠲᠠᠯ᠎ᠠ ᠳ᠋ᠤ᠌ ᠲᠠᠪᠤ ᠵᠢᠷᠭᠤᠭᠠᠨ ᠬᠡᠦᠬᠡᠳ ᠨᠣᠮ ᠪᠠᠷᠢᠨ ᠴᠣᠮᠴᠣᠢᠨ ᠰᠠᠭᠤᠨ᠎ᠠ᠃  
       ᠪᠦᠬᠦ ᠱᠠᠪᠢ ᠨᠠᠷ ᠤ᠋ᠨ ᠲᠣᠭ᠎ᠠ ᠨᠢ ᠬᠣᠷᠢ ᠭᠠᠷᠤᠢ ᠪᠠᠢᠬᠤ  ᠪᠥᠭᠡᠳ ᠲᠡᠳᠡᠨ ᠦ᠌ ᠨᠠᠰᠤ ᠪᠡᠶ᠎ᠡ ᠪᠡᠨ ᠵᠢᠭᠠᠯᠭᠠᠬᠤ ᠵᠦᠢᠯ ᠲᠤᠰ ᠲᠤᠰ ᠲᠠᠭᠠᠨ ᠢᠯᠭᠠᠪᠤᠷᠢ ᠲᠠᠢ ᠪᠠᠢᠬᠤ ᠤᠴᠢᠷ ᠵᠠᠮᠢᠶᠠᠨ ᠡᠳᠦᠷ ᠪᠦᠷᠢ ᠥᠷᠯᠥᠭᠡ ᠡᠴᠡ ᠠᠪᠤᠭᠠᠳ ᠦᠳᠡᠰᠢ ᠪᠣᠯᠲᠠᠯ᠎ᠠ ᠬᠡᠦᠬᠡᠳ ᠪᠠᠭᠠᠴᠤᠳ ᠠ᠋ᠴᠠ ᠦᠯᠦ ᠰᠠᠯᠤᠨ᠎ᠠ᠃ ᠲᠡᠷᠡ ᠵᠠᠭᠤᠷ᠎ᠠ ᠪᠠᠨ ᠭᠡᠷ ᠣᠷᠣᠨ ᠢ᠋ᠶ᠋ᠠᠨ ᠳᠤᠯᠠᠭᠠᠨ ᠪᠠᠢᠯᠭᠠᠬᠤ ᠭᠡᠵᠦ ᠴᠠᠭ ᠢᠮᠠᠭᠲᠠ ᠵᠤᠤᠬᠠᠨ ᠤ᠋ ᠪᠠᠨ ᠤᠷᠲᠤ ᠰᠠᠭᠤᠳᠠᠭ ᠪᠠᠢᠵᠠᠢ᠃ ᠪᠠᠯᠳᠠᠨᠴᠡᠷᠢᠩ ᠦ᠋ᠨ ᠣᠷᠣᠬᠤ ᠳ᠋ᠤ᠌ ᠪᠠᠶᠠᠷ ᠪᠠᠶᠠᠰᠬᠤᠯᠠᠩ ᠪᠣᠯᠤᠨ ᠤᠭᠲᠤᠪᠠ᠃ ᠠᠮᠤᠷ ᠮᠡᠨᠳᠦ ᠮᠡᠳᠡᠨ᠂ ᠳᠡᠭᠡᠭᠰᠢ ᠪᠡᠨ ᠰᠠᠭᠤᠯᠭᠠᠨ᠂ ᠴᠠᠢ ᠢᠳᠡᠭᠡ ᠪᠡᠷ ᠵᠣᠴᠢᠯᠠᠭᠰᠠᠨ ᠢ᠋ᠶ᠋ᠠᠨ᠄ 
       — ᠪᠢ ᠭᠡᠳᠡᠭ ᠴᠢᠨᠢ ᠬᠡᠦᠬᠡᠳ ᠪᠠᠭᠠᠴᠤᠳ ᠳᠤ ᠳᠠᠷᠤᠭᠳᠠᠭᠰᠠᠨ ᠬᠥᠮᠦᠨ ᠰᠢᠦ ᠳᠡ᠃ ᠲᠠ ᠪᠠᠢᠵᠠᠨ᠎ᠡ᠃ ᠪᠢ ᠤᠳᠠᠬᠤ ᠦᠭᠡᠢ ᠳᠠᠭᠤᠰᠤᠨ᠎ᠠ ᠭᠡᠳ ᠵᠢᠭᠠᠬᠤ ᠠᠵᠢᠯ ᠳ᠋ᠠᠭᠠᠨ ᠣᠷᠣᠪᠠ᠃  
       — ᠠᠯᠢ ᠪᠣᠢ᠂ ᠳᠣᠷᠵᠢ ᠨᠠᠭᠠᠰᠢ ᠪᠠᠨ!   
       ᠬᠡᠦᠬᠡᠳ ᠦ᠋ᠳ ᠦ᠋ᠨ ᠳᠡᠭᠡᠳᠦ ᠲᠠᠯ᠎ᠠ ᠠ᠋ᠴᠠ ᠠᠷᠪᠠᠭᠠᠳ ᠨᠠᠰᠤᠲᠠᠢ ᠵᠢᠭᠠᠯ ᠪᠣᠰᠤᠨ ᠪᠠᠭᠰᠢ ᠶ᠋ᠢᠨ ᠢ᠋ᠶ᠋ᠡᠨ ᠳᠣᠣᠷᠠᠲᠤ ᠲᠠᠯ᠎ᠠ ᠳ᠋ᠤ᠌ ᠰᠠᠭᠤᠭᠠᠳ ᠨᠣᠮ ᠢ᠋ᠶ᠋ᠠᠨ ᠪᠠᠭᠰᠢ ᠳ᠋ᠠᠭᠠᠨ ᠪᠠᠷᠢᠭᠤᠯᠤᠭᠠᠳ ᠴᠡᠭᠡᠵᠢ ᠪᠡᠷ《ᠡᠷᠬᠡ ᠶ᠋ᠢ ᠰᠤᠷᠬᠤ ᠪᠠᠷ ᠪᠡᠷᠬᠡ ᠶ᠋ᠢ ᠰᠤᠷ! ᠦᠯᠢᠭᠡᠷ ᠲᠣᠭᠣᠵᠢ ᠶ᠋ᠢ ᠣᠯᠠᠨᠲᠠ ᠤᠩᠰᠢ! ᠦᠰᠦᠭ ᠪᠦᠷᠢ ᠶ᠋ᠢ ᠰᠠᠢᠲᠤᠷ ᠠᠵᠢᠭᠯᠠ᠃ ᠦᠭᠡ ᠪᠦᠷᠢ ᠶ᠋ᠢ ᠬᠢᠴᠢᠶᠡᠩᠭᠦᠢᠯᠡᠨ ᠰᠤᠳᠤᠯ! ᠦᠨᠡᠨ ᠦᠭᠡ ᠦᠨᠡᠲᠡᠢ᠂ ᠬᠠᠭᠤᠷᠮᠠᠭ ᠦᠭᠡ ᠬᠣᠣᠷᠲᠠᠢ᠁ 》ᠭᠡᠵᠦ ᠡᠬᠢᠯᠡᠭᠡᠳ ᠴᠠᠭᠠᠰᠢ ᠨᠢ ᠶᠠᠮᠠᠷ ᠨᠢᠭᠡ ᠶᠠᠭᠤᠮ᠎ᠠ ᠲᠠᠢ ᠤᠷᠤᠯᠳᠤᠵᠤ ᠪᠠᠢᠭ᠎ᠠ ᠶᠤᠮ ᠰᠢᠭ᠋ ᠲᠣᠷᠴᠢᠭᠢᠨᠠᠭᠤᠯᠬᠤ ᠪᠥᠭᠡᠳ ᠬᠠᠮᠠᠷ ᠨᠢ ᠴᠡᠪᠡᠷ ᠪᠠᠢᠭ᠎ᠠ ᠪᠣᠯᠪᠠᠴᠤ ᠦᠶ᠎ᠡ ᠦᠶ᠎ᠡ ᠲᠦᠭᠳᠡᠷᠡᠬᠦ ᠳ᠋ᠡᠭᠡᠨ ᠨᠢᠰᠦ ᠪᠡᠨ ᠲᠠᠲᠠᠬᠤ ᠪᠠᠢᠳᠠᠯ ᠢ᠋ᠶ᠋ᠠᠷ ᠠᠭᠠᠷ ᠲᠠᠲᠠᠨ᠎ᠠ᠃ ᠪᠦᠬᠦ ᠴᠡᠭᠡᠵᠢᠯᠡᠭᠰᠡᠨ ᠢ᠋ᠶ᠋ᠡᠨ ᠤᠩᠰᠢᠵᠤ ᠭᠦᠢᠴᠡᠭᠰᠡᠨ ᠦ᠌ ᠪᠡᠨ ᠳᠠᠷᠠᠭ᠎ᠠ ᠨᠢᠭᠡ ᠬᠡᠰᠡᠭ ᠢ᠋ ᠬᠠᠭᠤᠯᠤᠨ ᠪᠢᠴᠢᠭᠡᠳ ᠮᠥᠨ ᠪᠠᠭᠰᠢ ᠳ᠋ᠠᠭᠠᠨ ᠪᠠᠷᠢᠨ ᠰᠢᠭᠦᠯᠭᠡᠨ᠎ᠡ᠃ ᠡᠨᠡ ᠵᠢᠭᠠᠯ ᠤᠩᠰᠢᠬᠤ᠂ ᠪᠢᠴᠢᠬᠦ ᠬᠣᠶᠠᠷ ᠳᠡᠭᠡᠷ᠎ᠡ ᠪᠡᠨ ᠠᠯᠳᠠᠭ᠎ᠠ ᠦᠭᠡᠢ ᠤᠴᠢᠷ ᠴᠠᠭᠠᠰᠢ ᠪᠠᠨ ᠪᠠᠰᠠ ᠴᠡᠭᠡᠵᠢᠯᠡᠬᠦ ᠪᠠ ᠪᠢᠴᠢᠬᠦ ᠳᠠᠭᠠᠭᠠᠯᠭᠠᠪᠤᠷᠢ ᠠᠪᠤᠨ ᠪᠤᠰᠤᠳ ᠲᠠᠭᠠᠨ ᠭᠠᠢᠬᠠᠭᠤᠯᠬᠤ ᠮᠡᠲᠦ ᠢᠨᠢᠶᠡᠮᠰᠦᠭᠯᠡᠨ ᠭᠠᠷᠴᠤ ᠣᠳᠪᠠ᠃  
       — ᠵᠠ ᠣᠳᠣ ᠪᠡᠯᠪᠡᠷ! ᠭᠡᠬᠦ ᠳ᠋ᠦ᠍ ᠡᠨᠡ ᠶᠡᠷᠦ ᠶᠠᠭᠠᠬᠢᠭᠰᠠᠨ ᠳᠦᠷᠰᠦ ᠦᠭᠡᠢ ᠪᠣᠯ ᠳᠠ ᠭᠡᠮᠡᠷ ᠱᠣᠳᠣᠭᠣᠷ ᠬᠠᠮᠠᠷ᠂ ᠳᠠᠩᠬᠠᠷ ᠲᠣᠯᠣᠭᠠᠢ ᠲᠠᠢ ᠠᠷᠪᠠᠨ ᠭᠤᠷᠪᠠ ᠣᠷᠴᠢᠮ ᠨᠠᠰᠤᠨ ᠤ᠋ ᠬᠦᠦ ᠢᠷᠡᠵᠦ ᠨᠣᠮ ᠢ᠋ᠶ᠋ᠠᠨ ᠮᠥᠨ ᠪᠠᠭᠰᠢ ᠳ᠋ᠠᠭᠠᠨ ᠪᠠᠷᠢᠭᠤᠯᠤᠭᠠᠳ《ᠣᠶᠤᠨ ᠲᠦᠯᠬᠢᠭᠦᠷ》 ᠭᠡᠳᠡᠭ ᠨᠣᠮ ᠤ᠋ᠨ ᠬᠡᠰᠡᠭ ᠡᠴᠡ ᠤᠩᠰᠢᠭᠰᠠᠨ ᠪᠥᠭᠡᠳ ᠲᠡᠭᠦᠨ ᠳ᠋ᠡᠭᠡᠨ ᠭᠤᠷᠪᠠ ᠠᠯᠲᠠᠨ ᠪᠠᠭᠰᠢ ᠪᠠᠷ ᠢ᠋ᠶ᠋ᠠᠨ ᠵᠢᠭᠠᠯᠠᠭᠠᠭᠤᠯᠤᠭᠰᠠᠨ ᠠ᠋ᠴᠠ ᠭᠠᠳᠠᠨ᠎ᠠ ᠬᠠᠭᠤᠯᠤᠨ ᠪᠢᠴᠢᠭᠰᠡᠨ ᠳᠡᠭᠡᠷ᠎ᠡ ᠪᠡᠨ ᠲᠠᠪᠤ ᠠᠯᠳᠠᠭᠰᠠᠨ ᠤᠴᠢᠷ ᠠᠯᠠᠭᠠᠨ ᠳᠡᠭᠡᠷ᠎ᠡ ᠪᠡᠨ ᠱᠤᠭᠤᠮ ᠢ᠋ᠶ᠋ᠠᠷ ᠨᠠᠢ᠍ᠮᠠ ᠴᠣᠬᠢᠭᠤᠯᠤᠨ ᠰᠢᠳᠬᠡᠭᠦᠯᠵᠦ᠂ ᠥᠨᠥᠬᠢ ᠪᠡᠨ ᠳᠠᠬᠢᠨ ᠳᠠᠪᠲᠠᠬᠤ ᠳᠠᠭᠠᠭᠠᠯᠭᠠᠪᠤᠷᠢ ᠠᠪᠤᠨ ᠭᠠᠷᠤᠯ᠎ᠠ᠃ 
       ᠡᠭᠦᠨᠴᠢᠯᠡᠨ ᠵᠠᠮᠢᠶᠠᠨ᠂ ᠬᠡᠦᠬᠡᠳ ᠪᠦᠷᠢ ᠳᠡᠭᠡᠷ᠎ᠡ ᠠᠵᠢᠯᠯᠠᠬᠤ ᠶ᠋ᠢ ᠪᠠᠯᠳᠠᠨᠴᠡᠷᠢᠩ ᠰᠣᠨᠢᠷᠬᠠᠨ ᠠᠵᠢᠬᠤ ᠵᠠᠭᠤᠷ᠎ᠠ ᠪᠠᠨ ᠥᠪᠡᠷ ᠦ᠋ᠨ ᠢ᠋ᠶ᠋ᠡᠨ ᠪᠣᠳᠣᠳᠠᠭ ᠢ᠋ᠶ᠋ᠠᠷ ᠲᠡᠳᠡᠨ ᠢ᠋ ᠰᠤᠷᠭᠠᠬᠤ ᠶ᠋ᠢᠨ ᠬᠡᠷᠡᠭ ᠶᠠᠭᠤ ᠪᠢᠯᠡ? ᠭᠡᠵᠦ ᠪᠣᠳᠣᠨ ᠰᠠᠭᠤᠪᠠ᠃ ᠡᠴᠦᠰ ᠦ᠋ᠨ ᠬᠡᠦᠬᠡᠳ ᠭᠡᠷ ᠡᠴᠡ ᠭᠠᠷᠤᠮᠠᠭᠴᠠ ᠵᠠᠮᠢᠶᠠᠨ᠄  
       — ᠵᠠ  ᠪᠠᠯᠳᠠᠨᠴᠡᠷᠢᠩ ᠮᠢᠨᠢ ᠰᠣᠨᠢᠨ ᠰᠠᠢᠬᠠᠨ ᠶᠠᠭᠤ ᠪᠠᠢᠨ᠎ᠠ ᠳᠠ? ᠴᠢᠷᠠᠢ ᠴᠢᠨᠢ ᠶᠠᠭᠠᠬᠢᠭᠠᠳ ᠴᠣᠩᠬᠢᠭᠠᠷ ᠪᠠᠢᠨ᠎ᠠ ᠪᠣᠢ? ᠠᠵᠢᠯ ᠰᠠᠭᠤᠳᠠᠯ ᠶᠡᠬᠡ ᠲᠡᠢ ᠪᠠᠢᠨ᠎ᠠ ᠤᠤ? ᠭᠡᠵᠦ ᠶᠡᠬᠡᠬᠡᠨ ᠶᠠᠷᠢᠶ᠎ᠠ ᠳᠡᠯᠭᠡᠮᠡᠷ ᠣᠷᠣᠭᠰᠢ ᠳᠥᠭᠥᠨ ᠰᠠᠭᠤᠪᠠ᠃ ᠭᠡᠲᠡᠯ᠎ᠡ ᠥᠨᠳᠥᠷ ᠭᠤᠸᠠᠯᠢᠭ ᠪᠡᠶ᠎ᠡ ᠲᠡᠢ ᠬᠦᠷᠡᠩ ᠪᠣᠷᠣ ᠴᠢᠷᠠᠢ ᠲᠠᠢ ᠬᠣᠷᠢ ᠭᠠᠷᠤᠢ ᠨᠠᠰᠤᠨ ᠤ᠋ ᠡᠷ᠎ᠡ ᠣᠷᠣᠵᠤ ᠢᠷᠡᠨ ᠲᠡᠳᠡᠨ ᠦ᠌ ᠶᠠᠷᠢᠶ᠎ᠠ ᠶ᠋ᠢ ᠲᠠᠰᠤᠯᠪᠠ᠃ ᠲᠡᠷᠡ ᠡᠷ᠎ᠡ ᠵᠠᠮᠢᠶᠠᠨ ᠢ᠋《ᠪᠠᠭᠰᠢ》 ᠭᠡᠵᠦ ᠳᠠᠭᠤᠳᠠᠨ ᠠᠮᠤᠷ ᠡᠷᠢᠪᠡ᠃ ᠬᠠᠷᠢᠭᠤ ᠳ᠋ᠤᠨᠢ ᠵᠠᠮᠢᠶᠠᠨ《ᠰᠦᠬᠡ》 ᠭᠡᠵᠦ ᠳᠠᠭᠤᠳᠠᠨ ᠮᠡᠨᠳᠦ ᠮᠡᠳᠡᠭᠡᠳ᠂ ᠴᠠᠢ ᠢᠳᠡᠭᠡ ᠪᠡᠷ ᠵᠣᠴᠢᠯᠠᠬᠤ ᠶ᠋ᠢᠨ ᠣᠷᠣᠨ ᠳ᠋ᠤ᠌ ᠶᠠᠩᠵᠤᠤᠷ ᠥᠭᠪᠡ᠂ ᠰᠦᠬᠡ ᠲᠡᠭᠦᠨ ᠢ᠋ ᠨᠢ ᠬᠣᠶᠠᠷ ᠭᠠᠷ ᠢ᠋ᠶ᠋ᠠᠷ ᠲᠣᠰᠣᠨ ᠠᠪᠤᠭᠠᠳ ᠲᠠᠲᠠᠬᠤ ᠶ᠋ᠢᠨ ᠣᠷᠣᠨ ᠳ᠋ᠤ᠌ ᠡᠪᠦᠷ ᠲᠡᠭᠡᠨ ᠬᠢᠪᠡ᠃  
       — ᠲᠡᠳᠡ ᠰᠦᠬᠡ ᠠ᠋᠂ ᠡᠮᠢᠶᠡᠬᠦ ᠶᠠᠭᠤ ᠪᠠᠢᠬᠤ ᠪᠣᠢ? ᠨᠠᠰᠤ ᠴᠢᠨᠢ ᠡᠷ᠎ᠡ ᠶ᠋ᠢᠨ ᠴᠢᠨᠡᠭᠡᠨ ᠳ᠋ᠦ᠍ ᠬᠦᠷᠦᠭᠰᠡᠨ ᠲᠡᠳᠦᠢ ᠦᠭᠡᠢ ᠨᠡᠷ᠎ᠡ ᠠᠯᠳᠠᠷ ᠴᠢᠨᠢ ᠣᠯᠠᠨ ᠳ᠋ᠤ᠌ ᠲᠣᠳᠣᠷᠠᠭᠰᠠᠨ ᠪᠢᠰᠢ ᠤᠤ? ᠭᠡᠵᠦ ᠵᠠᠮᠢᠶᠠᠨ ᠢ᠋ ᠬᠡᠯᠡᠬᠦ ᠳ᠋ᠦ᠍ ᠰᠦᠬᠡ《ᠵᠠ》 ᠭᠡᠳ ᠶᠠᠩᠵᠤᠤᠷ ᠢ᠋ᠶ᠋ᠠᠨ ᠪᠤᠴᠠᠭᠠᠨ ᠭᠠᠷᠭᠠᠵᠤ  ᠲᠠᠲᠠᠪᠠ᠃ ᠭᠡᠪᠡᠴᠦ ᠠᠮᠠ ᠨᠢ ᠲᠡᠳᠦᠢ ᠯᠡ ᠡᠪᠯᠢᠭ ᠦᠭᠡᠢ ᠪᠠᠢᠭ᠎ᠠ ᠶ᠋ᠢ ᠦᠵᠡᠬᠦ ᠳ᠋ᠦ᠍ ᠪᠠᠭᠰᠢ ᠶ᠋ᠢᠨ ᠢ᠋ᠶ᠋ᠡᠨ ᠳᠡᠷᠭᠡᠳᠡ ᠠᠩᠬ᠎ᠠ ᠤᠳᠠᠭ᠎ᠠ ᠲᠠᠲᠠᠵᠤ ᠪᠠᠢᠭ᠎ᠠ ᠨᠢ ᠢᠯᠡᠷᠬᠡᠢ ᠪᠠᠢᠯ᠎ᠠ᠃   
       — ᠵᠠ ᠲᠡᠭᠡᠭᠡᠳ ᠪᠠᠭᠠᠲᠤᠷ ᠨᠠᠳᠠ ᠲᠠᠢ ᠠᠭᠤᠯᠵᠠᠬᠤ ᠣᠨᠴᠠ ᠬᠡᠷᠡᠭ ᠲᠡᠢ ᠶᠠᠪᠤᠨ᠎ᠠ ᠤᠤ? ᠭᠡᠬᠦ ᠳ᠋ᠦ᠍ᠨᠢ ᠪᠠᠯᠳᠠᠨᠴᠡᠷᠢᠩ᠂ ᠬᠠᠯᠬ᠎ᠠ ᠭᠣᠣᠯ ᠤ᠋ᠨ ᠪᠠᠢᠯᠳᠤᠭᠠᠨ ᠢ᠋ᠶ᠋ᠠᠷ ᠰᠦᠬᠡ ᠭᠡᠳᠡᠭ ᠬᠥᠮᠦᠨ ᠭᠠᠷᠮᠠᠭᠠᠢ ᠪᠠᠢᠯᠳᠤᠨ ᠪᠠᠭᠠᠲᠤᠷ ᠪᠣᠯᠤᠭᠰᠠᠨ ᠢ᠋ ᠰᠠᠨᠠᠪᠠ᠃  
       ᠰᠦᠬᠡᠪᠠᠭᠠᠲᠤᠷ ᠪᠠᠭᠰᠢ ᠶ᠋ᠢᠨ ᠢ᠋ᠶ᠋ᠡᠨ ᠦᠭᠡ ᠶ᠋ᠢᠨ ᠬᠠᠷᠢᠭᠤ ᠳ᠋ᠤ᠌᠄  
       — ᠣᠨᠴᠠ ᠶ᠋ᠢᠨ ᠶᠠᠭᠤᠮ᠎ᠠ ᠦᠭᠡᠢ᠂ ᠵᠦᠭᠡᠷ ᠪᠠᠭᠰᠢ ᠳ᠋ᠤ᠌ ᠨᠢᠭᠡ ᠪᠠᠷᠠᠯᠬᠠᠶ᠎ᠠ ᠯᠠ ᠭᠡᠵᠦ᠁ ᠭᠡᠳ ᠦᠭᠡ ᠪᠡᠨ ᠲᠠᠰᠤᠯᠪᠠ᠃ ᠵᠠᠮᠢᠶᠠᠨ᠂ ᠰᠦᠬᠡ ᠶ᠋ᠢᠨ ᠦᠭᠡ ᠶ᠋ᠢᠨ ᠵᠠᠪᠰᠠᠷ ᠢ᠋ᠶ᠋ᠠᠷ《ᠵᠠ᠂  ᠤᠤᠬᠠᠢ》 ᠭᠡᠵᠦ ᠨᠢᠭᠤᠷ ᠢ᠋ ᠨᠢ ᠠᠵᠢᠵᠤ ᠪᠠᠢᠭᠰᠠᠨ ᠢ᠋ᠶ᠋ᠠᠨ᠄  
       — ᠣᠨᠴᠠ ᠶ᠋ᠢᠨ ᠶᠠᠭᠤᠮ᠎ᠠ ᠦᠭᠡᠢ ᠪᠣᠯ ᠴᠢ ᠮᠠᠷᠭᠠᠰᠢ ᠢᠷᠡᠨ᠎ᠡ ᠤᠤ ᠳᠠ?   
       — ᠵᠠ᠂ ᠰᠦᠬᠡᠪᠠᠭᠠᠲᠤᠷ ᠪᠣᠰᠤᠭᠰᠠᠨ ᠢ᠋ᠶ᠋ᠠᠨ
       — ᠦᠭᠡᠢ ᠥᠨᠥ ᠣᠷᠣᠢ ᠪᠣᠯᠬᠤ ᠪᠣᠯᠪᠠ ᠤᠤ?  
       — ᠪᠣᠯᠤᠨ᠎ᠠ ᠪᠣᠯᠤᠨ᠎ᠠ᠃  
       ᠪᠠᠯᠳᠠᠨᠴᠡᠷᠢᠩ ᠡᠳᠡᠨ ᠦ᠌ ᠬᠣᠭᠣᠷᠣᠨᠳᠣ ᠶᠠᠮᠠᠷ ᠨᠢᠭᠡᠨ ᠴᠢᠬᠤᠯᠠ ᠬᠡᠷᠡᠭ ᠪᠠᠢᠨ᠎ᠠ ᠭᠡᠳᠡᠭ ᠢ᠋ ᠮᠡᠳᠡᠪᠡ᠃ ᠭᠡᠪᠡᠴᠦ ᠪᠤᠰᠤᠳ ᠤ᠋ᠨ ᠬᠡᠷᠡᠭ ᠨᠠᠳᠠ ᠳ᠋ᠤ᠌ ᠶᠠᠭᠤᠨ ᠬᠠᠮᠢᠶ᠎ᠠ ᠭᠡᠵᠦ ᠪᠣᠳᠣᠨ᠎ᠠ᠃  
       — ᠢᠩᠭᠢᠬᠦ ᠳ᠋ᠦ᠍ ᠲᠠ ᠵᠦᠭᠡᠷ ᠴᠦ᠍ ᠦᠭᠡᠢ ᠨᠢᠭᠡ ᠪᠠᠭᠠᠲᠤᠷ ᠱᠠᠪᠢ ᠲᠠᠢ ᠬᠥᠮᠦᠨ ᠪᠠᠢᠬᠤ ᠨᠢ ᠠ᠋? 
       — ᠲᠡᠢᠮᠦ ᠠ᠋᠃ ᠪᠠᠭᠠᠲᠤᠷ᠂ ᠭᠡᠪᠡᠴᠦ᠁ ᠭᠡᠳ ᠭᠤᠨᠢᠭ ᠲᠠᠢ ᠴᠢᠷᠠᠢ ᠭᠠᠷᠭᠠᠨ᠂ ᠦᠭᠡ ᠪᠡᠨ ᠲᠠᠰᠤᠯᠪᠠ᠃  
       — ᠮᠢᠨᠦ ᠪᠣᠳᠣᠬᠤ ᠳ᠋ᠤ᠌ ᠪᠠᠭᠠᠲᠤᠷ ᠱᠠᠪᠢ ᠲᠠᠢ ᠪᠠᠢᠬᠤ ᠪᠣᠯ ᠶᠡᠷᠦ ᠪᠠᠬᠠᠳᠤᠯᠲᠠᠢ ᠯᠠ ᠬᠡᠷᠡᠭ ᠭᠡᠬᠦ ᠳ᠋ᠦ᠍᠄  
       — ᠬᠠᠵᠠᠭᠤ ᠠ᠋ᠴᠠ ᠬᠠᠷᠠᠬᠤ ᠬᠥᠮᠦᠨ ᠳ᠋ᠦ᠍ ᠲᠡᠢᠮᠦ ᠴᠦ᠍ ᠪᠠᠢᠵᠤ ᠪᠣᠯᠤᠨ᠎ᠠ᠃ ᠴᠣᠬᠣᠮ ᠮᠢᠨᠦ ᠬᠤᠪᠢ ᠳ᠋ᠤ᠌ ᠭᠡᠪᠡᠯ ᠦᠬᠡᠷ ᠫᠤᠤ ᠶ᠋ᠢᠨ ᠳᠡᠯᠪᠡᠷᠡᠬᠦ ᠰᠤᠮᠤᠨ ᠳ᠋ᠤ᠌ ᠪᠣᠯ ᠤᠤ? ᠠᠯᠢ ᠡᠷᠴᠢᠯᠡᠭᠰᠡᠨ ᠰᠤᠮᠤᠨ ᠤ᠋ ᠦᠵᠦᠭᠦᠷ ᠲᠦ᠍ ᠪᠣᠯ ᠤᠤ? ᠴᠠᠭ ᠦᠷᠭᠦᠯᠵᠢ ᠰᠡᠳᠬᠢᠯ ᠵᠣᠪᠠᠬᠤ ᠶ᠋ᠢᠨ ᠯᠡ ᠨᠡᠮᠡᠭᠦᠷᠢ ᠪᠠᠢᠳᠠᠭ ᠶᠤᠮ ᠭᠡᠯ᠎ᠡ᠃
       — ᠬᠠᠷᠢᠨ ᠯᠠ ᠳᠠ᠂ ᠵᠠᠪᠠᠯ ᠲᠡᠭᠡᠵᠦ ᠭᠤᠨᠢᠭ ᠲᠠᠢ ᠪᠠᠷ ᠲᠡᠭᠦᠰᠬᠦ ᠨᠢ ᠬᠠᠤᠯᠢ ᠪᠢᠰᠢ᠃ ᠢᠯᠠᠨ ᠲᠠᠢᠯᠵᠤ ᠶᠠᠪᠤᠬᠤ ᠬᠤᠪᠢ ᠲᠠᠢ ᠬᠦᠦ ᠴᠦ᠍ ᠪᠠᠢᠵᠤ ᠪᠣᠯᠤᠨ᠎ᠠ ᠰᠢᠦ ᠳᠡ ᠭᠡᠬᠦ ᠳ᠋ᠦ᠍ ᠵᠠᠮᠢᠶᠠᠨ ᠡᠨᠡ ᠲᠤᠬᠠᠢ ᠶᠠᠷᠢᠬᠤ ᠶ᠋ᠢ ᠡᠷᠡᠰ ᠲᠠᠲᠠᠭᠠᠯᠵᠠᠬᠤ ᠮᠡᠲᠦ ᠳᠠᠬᠢᠨ ᠡᠰᠡ ᠳᠤᠤᠭᠠᠷᠪᠠ᠃ ᠬᠠᠭᠠᠯᠭ᠎ᠠ ᠨᠢ ᠴᠦ᠍ ᠨᠡᠭᠡᠭᠡᠭᠳᠡᠨ ᠨᠢᠭᠡ ᠡᠮᠡᠭᠲᠡᠢ ᠣᠷᠣᠵᠤ ᠢᠷᠡᠯ᠎ᠡ᠃ ᠲᠡᠭᠦᠨ ᠦ᠌ ᠨᠠᠰᠤ ᠵᠠᠯᠠᠭᠤ᠂ ᠵᠢᠰᠦ ᠴᠢᠷᠠᠢ ᠭᠤᠸ᠎ᠠ ᠰᠠᠢᠬᠠᠨ᠂ ᠡᠮᠦᠰᠦᠭᠰᠡᠨ ᠬᠤᠪᠴᠠᠰᠤ ᠨᠢ ᠭᠣᠢᠳᠠ ᠳᠡᠭᠵᠢᠨ᠂ ᠪᠠᠷᠠᠭᠤᠨ ᠭᠠᠷ ᠲᠠᠭᠠᠨ ᠱᠤᠳᠤᠷᠭᠤ ᠬᠥᠭᠵᠢᠮ ᠰᠤᠭᠤᠪᠴᠢᠯᠠᠵᠤ᠂ ᠵᠡᠭᠦᠨ ᠳᠡᠭᠡᠷ᠎ᠡ ᠪᠡᠨ ᠬᠥᠬᠡ ᠲᠣᠷᠭᠠᠨ ᠪᠠᠷᠢᠨᠲᠠᠭ ᠲᠠᠢ ᠵᠤᠵᠠᠭᠠᠨ ᠳᠡᠪᠲᠡᠷ ᠵᠠᠯᠠᠭᠰᠠᠨ ᠪᠥᠭᠡᠳ ᠪᠣᠱᠣᠭ᠎ᠠ ᠳᠠᠪᠠᠩᠭᠤᠲᠠ ᠪᠠᠨ ᠡᠪᠦᠳᠦᠭ ᠨᠠᠬᠢᠰᠬᠢᠯᠭᠡᠨ ᠵᠠᠮᠢᠶᠠᠨ ᠳ᠋ᠤ᠌ ᠰᠥᠭᠥᠳᠦᠭᠡᠳ ᠲᠡᠨᠳᠡ ᠡᠴᠡ ᠬᠣᠢᠰᠢ ᠬᠠᠨᠳᠤᠨ ᠵᠤᠤᠬᠠᠨ ᠤ᠋ ᠨᠥᠭᠦᠭᠡ ᠲᠠᠯ᠎ᠠ ᠳ᠋ᠤ᠌ ᠰᠠᠭᠤᠬᠤ ᠭᠡᠬᠦ ᠳ᠋ᠦ᠍ᠨᠢ ᠵᠠᠮᠢᠶᠠᠨ᠄  
       — ᠦᠭᠡᠢ ᠬᠡᠦᠬᠡᠳ ᠡᠨᠳᠡ ᠰᠠᠭᠤ! ᠭᠡᠵᠦ ᠥᠪᠡᠷ ᠦ᠋ᠨ ᠢ᠋ᠶ᠋ᠡᠨ ᠳᠡᠭᠡᠳᠦ ᠲᠠᠯ᠎ᠠ ᠲᠠᠢᠰᠢ ᠭᠠᠵᠠᠷ ᠵᠢᠭᠠᠪᠠ᠃ ᠬᠡᠦᠬᠡᠨ᠄《ᠵᠠ》 ᠭᠡᠵᠦ ᠳᠠᠬᠢᠨ ᠮᠡᠬᠦᠰᠬᠢᠭᠡᠳ ᠵᠤᠤᠬᠠᠨ ᠤ᠋ ᠤᠷᠳᠤᠭᠤᠷ ᠲᠣᠭᠣᠷᠢᠨ ᠥᠨᠥᠬᠢ ᠵᠢᠭᠠᠭᠰᠠᠨ ᠭᠠᠵᠠᠷ ᠲᠤᠨᠢ ᠰᠥᠬᠥᠷᠡᠨ ᠰᠠᠭᠤᠯ᠎ᠠ᠃ ᠵᠠᠮᠢᠶᠠᠨ ᠳ᠋ᠤ᠌ ᠡᠨᠡ ᠡᠮᠡᠭᠲᠡᠢ ᠣᠨᠴᠠ  ᠡᠷᠬᠢᠮᠯᠡᠭᠳᠡᠳᠡᠭ ᠢ᠋ ᠪᠠᠯᠳᠠᠨᠴᠡᠷᠢᠩ ᠮᠡᠳᠡᠪᠡ᠃ ᠡᠮᠡᠭᠲᠡᠢ ᠨᠣᠮ ᠤ᠋ᠨ ᠢ᠋ᠶ᠋ᠠᠨ ᠪᠠᠷᠢᠨᠲᠠᠭ ᠢ᠋ ᠲᠠᠢᠯᠤᠨ ᠬᠡᠳᠦᠨ ᠳᠡᠪᠲᠡᠷ ᠭᠠᠷᠭᠠᠨ ᠵᠠᠮᠢᠶᠠᠨ ᠳ᠋ᠤ᠌ ᠳᠡᠪᠰᠢᠭᠦᠯᠬᠦ  ᠨᠢ ᠦᠨᠡᠬᠡᠷ ᠭᠠᠢᠬᠠᠯᠲᠠᠢ ᠪᠠᠢᠬᠤ ᠪᠥᠭᠡᠳ ᠠᠩᠬ᠎ᠠ ᠰᠠᠭᠤᠬᠤ ᠳ᠋ᠠᠭᠠᠨ ᠪᠡᠶ᠎ᠡ ᠪᠡᠨ ᠪᠠᠷᠢᠨ ᠴᠣᠮᠴᠣᠢᠭᠰᠠᠨ ᠠ᠋ᠴᠠ ᠪᠠᠨ ᠬᠠᠵᠠᠭᠤ ᠲᠡᠢᠰᠢ ᠬᠡᠯᠪᠡᠢᠨ ᠱᠤᠳᠤᠷᠭᠤ ᠪᠠᠨ ᠬᠥᠭᠯᠡᠪᠡ᠃  
       — ᠵᠠ ᠡᠬᠢᠯᠡ ᠳᠡ ᠭᠡᠵᠦ ᠵᠠᠮᠢᠶᠠᠨ ᠭᠤᠸᠠᠢ ᠶ᠋ᠢᠨ ᠬᠡᠯᠡᠬᠦ ᠳ᠋ᠦ᠍᠄ ᠬᠠᠷᠠᠭ᠎ᠠ ᠪᠠᠨ ᠲᠡᠭᠰᠢ ᠪᠣᠯᠭᠠᠨ ᠱᠤᠳᠤᠷᠭᠤ ᠶ᠋ᠢᠨ ᠢ᠋ᠶ᠋ᠡᠨ ᠡᠰᠢ ᠶ᠋ᠢ ᠠᠳᠬᠤᠭᠰᠠᠨ ᠭᠠᠷ ᠳᠡᠭᠡᠷ᠎ᠡ ᠪᠡᠨ ᠲᠤᠰᠬᠠᠨ ᠬᠡᠰᠡᠭᠬᠡᠨ ᠵᠠᠭᠤᠷ᠎ᠠ ᠪᠣᠳᠣᠭᠰᠠᠨ ᠢ᠋ᠶ᠋ᠠᠨ ᠳᠠᠷᠤᠵᠤ ᠡᠬᠢᠯᠡᠪᠡ᠃ ᠴᠣᠬᠢᠬᠤ ᠨᠢ ᠴᠡᠪᠡᠷ᠂ ᠳ᠋ᠠᠩ ᠶᠠᠩ ᠭᠡᠰᠡᠨ ᠲᠤᠩᠭᠠᠯᠠᠭ ᠠᠪᠢᠶ᠎ᠠ ᠪᠣᠷᠣᠭᠠᠨ ᠤ᠋ ᠠᠩᠬᠠᠨ ᠤ᠋ ᠳᠤᠰᠤᠯ ᠤ᠋ᠳ ᠰᠢᠭ᠋ ᠨᠢᠭᠡ ᠨᠢᠭᠡ ᠪᠡᠷ ᠢ᠋ᠶ᠋ᠡᠨ ᠴᠤᠤᠷᠢᠶᠠᠳᠠᠵᠤ ᠡᠬᠢᠯᠡᠭᠰᠡᠨ ᠢ᠋ᠶ᠋ᠡᠨ ᠴᠠᠭᠠᠰᠢ ᠪᠠᠨ ᠰᠢᠷᠦᠭᠦᠰᠦᠨ ᠬᠤᠷᠳᠤᠰᠪᠠ᠂ ᠱᠤᠳᠤᠷᠭᠤ ᠶ᠋ᠢᠨ ᠤᠷᠲᠤ ᠡᠰᠢ ᠶ᠋ᠢᠨ ᠳᠠᠭᠠᠤ ᠳᠠᠰᠢᠭᠤᠯᠳᠠᠰᠬᠢᠬᠰᠠᠨ ᠪᠡᠶ᠎ᠡ ᠨᠢ ᠤᠶᠠᠩᠭᠠᠯᠠᠬᠤ ᠠᠶ᠎ᠠ ᠪᠠᠨ ᠳ᠋ᠠᠭᠠᠨ ᠬᠥᠳᠡᠯᠦᠨ᠎ᠡ᠃  
       ᠪᠠᠯᠳᠠᠨᠴᠡᠷᠢᠩ ᠠᠯᠮᠠᠢᠷᠠᠨ ᠭᠠᠢᠬᠠᠯ᠎ᠠ᠃ ᠤᠷᠢᠳ ᠡᠮᠦᠨ᠎ᠡ ᠡᠢᠮᠦ ᠡᠮᠡᠭᠲᠡᠢ ᠶ᠋ᠢ ᠦᠵᠡᠭᠡ ᠦᠭᠡᠢ ᠳ᠋ᠡᠭᠡᠨ᠂ ᠢᠩᠭᠢᠵᠦ ᠬᠥᠭᠵᠢᠮᠳᠡᠨ᠎ᠡ ᠭᠡᠵᠦ ᠣᠭᠲᠣ ᠰᠠᠨᠠᠭ᠎ᠠ ᠦᠭᠡᠢ ᠳ᠋ᠡᠭᠡᠨ ᠲᠡᠷᠡ ᠪᠢᠯᠡ᠃ ᠭᠡᠪᠡᠴᠦ ᠪᠠᠯᠳᠠᠨᠴᠡᠷᠢᠩ ᠡᠮᠡᠭᠲᠡᠢ ᠶ᠋ᠢ ᠡᠭᠴᠡᠯᠡᠨ ᠬᠠᠷᠠᠬᠤ ᠠ᠋ᠴᠠ ᠪᠠᠨ ᠵᠣᠪᠠᠨ ᠳᠣᠷᠣᠭᠰᠢ ᠰᠢᠷᠲᠡᠵᠦ ᠵᠥᠪᠬᠡᠨ ᠨᠢᠳᠦᠨ ᠦ᠌ ᠪᠡᠨ ᠥᠨᠴᠥᠭ ᠪᠤᠯᠤᠩ ᠲᠡᠳᠦᠢᠬᠡᠨ ᠢ᠋ᠶ᠋ᠡᠷ ᠯᠡ ᠠᠵᠢᠭᠯᠠᠨ᠎ᠠ᠃ ᠡᠮᠡᠭᠲᠡᠢ ᠶ᠋ᠢᠨ ᠭᠠᠷ ᠬᠤᠷᠤᠭᠤ ᠤᠯᠠᠮ ᠢ᠋ᠶ᠋ᠠᠷ ᠬᠤᠷᠳᠤᠰᠤᠨ ᠭᠢᠯᠠᠯᠵᠠᠵᠤ ᠱᠤᠳᠤᠷᠭᠤ ᠰᠢᠷᠦᠭᠦᠨ ᠪᠣᠷᠣᠭᠠᠨ ᠤ᠋ ᠱᠠᠭᠢᠬᠤ ᠰᠢᠭ᠋ ᠪᠣᠯᠤᠭᠰᠠᠨ ᠲᠡᠳᠦᠢ ᠦᠭᠡᠢ ᠵᠥᠭᠡᠯᠡᠨ ᠬᠠᠷᠠᠴᠠᠲᠤ ᠲᠤᠩᠭᠠᠯᠠᠭ ᠨᠢᠳᠦᠨ ᠳ᠋ᠦ᠍ᠨᠢ ᠢᠨᠢᠶᠡᠮᠰᠦᠭᠯᠡᠯ ᠲᠣᠳᠣᠷᠠᠨ ᠰᠢᠭᠤᠳ ᠬᠢᠲᠠᠳ ᠬᠡᠯᠡ ᠪᠡᠷ ᠰᠢᠯᠦᠭᠯᠡᠨ ᠳᠠᠭᠤᠯᠠᠵᠤ ᠡᠬᠢᠯᠡᠪᠡ᠃ ᠪᠠᠯᠳᠠᠨᠴᠡᠷᠢᠩ ᠡᠮᠡᠭᠲᠡᠢ ᠶ᠋ᠢᠨ ᠨᠢᠭᠤᠷ ᠢ᠋ ᠡᠭᠴᠡᠯᠡᠨ ᠰᠢᠷᠳᠡᠬᠦ ᠦᠭᠡᠢ ᠪᠠᠢᠬᠤ ᠶ᠋ᠢ ᠬᠢᠴᠢᠶᠡᠭᠰᠡᠨ ᠢ᠋ᠶ᠋ᠡᠨ ᠥᠪᠡᠷ ᠦ᠋ᠨ ᠡᠷᠬᠡ ᠦᠭᠡᠢ ᠵᠢᠯᠣᠭᠣ ᠠᠯᠲᠠᠨ ᠡᠮᠡᠭᠲᠡᠢ ᠶ᠋ᠢ ᠬᠠᠷᠠᠭᠰᠠᠨ ᠪᠥᠭᠡᠳ ᠨᠢᠳᠦᠨ ᠳ᠋ᠦ᠍ᠨᠢ ᠬᠠᠴᠠᠷ ᠳᠡᠭᠡᠷ᠎ᠡ ᠪᠡᠨ ᠤᠯᠠᠭᠠᠪᠲᠤᠷ ᠲᠤᠶᠠᠭ᠎ᠠ ᠲᠠᠢ ᠳᠤᠭᠤᠢ ᠴᠠᠭᠠᠨ ᠴᠢᠷᠠᠢ᠂ ᠲᠠᠯᠪᠢᠭᠤᠨ ᠪᠣᠯᠤᠭᠠᠳ ᠲᠤᠩᠭᠠᠯᠠᠭ ᠬᠠᠷ᠎ᠠ ᠨᠢᠳᠦ᠂ ᠤᠬᠠᠭᠠᠯᠢᠭ ᠪᠠᠢᠷᠢ ᠶ᠋ᠢᠨ ᠲᠡᠨᠢᠭᠡᠷ ᠮᠠᠩᠨᠠᠢ ᠪᠠ ᠬᠡᠵᠢᠶ᠎ᠡ ᠪᠣᠯᠪᠠᠴᠤ ᠠᠭᠤᠷ ᠬᠢᠯᠢᠩᠨᠡᠯ ᠦ᠋ᠨ ᠮᠠᠭᠤᠬᠠᠢ ᠦᠭᠡᠰ ᠭᠠᠷᠤᠮ᠎ᠠ ᠦᠭᠡᠢ ᠵᠤᠵᠠᠭᠠᠪᠲᠤᠷ ᠤᠯᠠᠭᠠᠨ ᠤᠷᠤᠭᠤᠯ ᠲᠤᠰᠬᠤ ᠪᠥᠭᠡᠳ ᠴᠠᠭᠠᠰᠢ ᠪᠠᠨ ᠪᠠᠰᠠ ᠲᠥᠷᠥᠭᠦᠯᠬᠦ ᠦᠷ᠎ᠡ ᠬᠡᠦᠬᠡᠳ ᠶᠦ᠍ᠭᠡᠨ ᠡᠰᠡᠨ ᠮᠡᠨᠳᠦ ᠪᠡᠷ ᠪᠣᠢᠵᠢᠭᠤᠯᠬᠤ ᠶ᠋ᠢᠨ ᠪᠡᠯᠭᠡ ᠲᠡᠮᠳᠡᠭ ᠪᠣᠯᠤᠭᠰᠠᠨ ᠴᠡᠭᠡᠵᠢᠨ  ᠪᠡᠶ᠎ᠡ ᠶ᠋ᠢᠨ ᠬᠢᠨᠢ ᠣᠷᠣᠭᠰᠢ ᠲᠦᠷᠢᠨ ᠳᠣᠪᠣᠢᠭᠰᠠᠨ ᠬᠣᠶᠠᠷ ᠬᠡᠰᠡᠭ ᠤᠭ ᠪᠡᠶ᠎ᠡ ᠨᠢ ᠭᠤᠸ᠎ᠠ ᠰᠠᠢᠬᠠᠨ ᠢ᠋ ᠤᠯᠠᠮ ᠢ᠋ᠶ᠋ᠠᠷ ᠦᠵᠡᠰᠬᠦᠯᠡᠩ ᠲᠡᠭᠦᠯᠳᠡᠷ ᠪᠣᠯᠭᠠᠭᠰᠠᠨ ᠠᠵᠢ᠃ ᠨᠢᠭᠡ ᠦᠶ᠎ᠡ ᠰᠢᠯᠦᠭ ᠳᠠᠭᠤᠯᠠᠯ ᠱᠤᠳᠤᠷᠭᠤ ᠶ᠋ᠢᠨ ᠴᠢᠪᠬᠠᠳᠠᠰᠤ ᠲᠠᠢ ᠶᠠᠪ ᠴᠠᠪ ᠨᠠᠢᠷᠠᠨ ᠶᠠᠪᠤᠭᠳᠠᠬᠤ ᠶ᠋ᠢ ᠨᠢ ᠰᠣᠨᠣᠰᠬᠤ ᠳ᠋ᠤ᠌᠄  

          《ᠢᠨᠠᠭ ᠠᠮᠠᠷᠠᠭ ᠭᠡᠳᠡᠭ     
           ᠶᠢᠷᠲᠢᠨᠴᠦ ᠶ᠋ᠢᠨ ᠦᠭᠡ ᠬᠡᠮᠡᠪᠡᠴᠦ   
           ᠢᠮᠠᠭᠲᠠ ᠵᠢᠷᠤᠮ ᠢ᠋ ᠬᠠᠮᠲᠤᠳᠬᠠᠪᠠᠰᠤ  
           ᠰᠠᠶᠢ ᠠᠮᠤᠭᠤᠯᠠᠩ ᠢ᠋ ᠣᠯᠤᠨ᠎ᠠ᠂     
           ᠢᠷᠡᠬᠦ ᠵᠠᠮ ᠰᠢᠳᠤᠷᠭᠤ ᠠᠬᠤᠢ ᠯᠠ   
           ᠬᠠᠷᠢᠬᠤ ᠠᠶᠠᠨ ᠰᠢᠯᠤᠭᠤᠨ   
           ᠶᠢᠯᠸᠢ ᠶ᠋ᠢᠨ ᠬᠠᠭᠤᠷᠮᠠᠭ ᠢ᠋ᠶ᠋ᠠᠷ ᠪᠦᠷᠬᠦᠭᠰᠡᠨ ᠢ᠋   
           ᠢᠯᠭᠠᠵᠤ ᠲᠠᠨᠢᠬᠤ ᠦᠭᠡᠢ ᠨᠢ ᠭᠣᠮᠣᠳᠠᠯᠲᠠᠢ᠁》  
               (ᠳᠦ ᠱᠢ ᠨᠢᠶᠠᠩ ᠬᠡᠮᠡᠬᠦ ᠥᠬᠢᠨ ᠬᠢᠯᠢᠩᠨᠡᠵᠦ ᠵᠠᠭᠤᠨ ᠡᠷᠳᠡᠨᠢᠲᠦ ᠠᠪᠳᠠᠷ᠎ᠠ ᠶ᠋ᠢ 
                       ᠣᠰᠤᠨ᠎ᠠ ᠲᠤᠩᠭᠠᠭᠠᠭᠰᠠᠨ ᠨᠢ ᠬᠡᠮᠡᠬᠦ ᠵᠣᠬᠢᠶᠠᠯ ᠤ᠋ᠨ ᠰᠢᠯᠦᠭ ᠡᠴᠡ) 

ᠭᠡᠬᠦ ᠮᠡᠲᠦ ᠶ᠋ᠢᠨ ᠦᠭᠡᠰ ᠴᠢᠬᠢᠨ ᠳ᠋ᠦ᠍ ᠪᠠᠷᠢᠭᠳᠠᠨ ᠰᠠᠨᠠᠭ᠎ᠠ ᠰᠡᠳᠬᠢᠬᠦᠢ ᠶ᠋ᠢ ᠪᠠᠶᠠᠷ ᠪᠠᠶᠠᠰᠬᠤᠯᠠᠩ ᠤ᠋ᠨ ᠣᠷᠣᠨ ᠳ᠋ᠤ᠌ ᠠᠪᠠᠴᠢᠨ᠎ᠠ᠃ ᠳᠠᠭᠤᠯᠠᠯ  ᠵᠣᠭᠰᠣᠨ ᠱᠤᠳᠤᠷᠭᠤ ᠭᠠᠭᠴᠠᠭᠠᠷ ᠬᠠᠩᠭᠢᠨᠠᠬᠤ ᠨᠢ ᠲᠤᠩᠭᠠᠯᠠᠭ ᠤᠰᠤ ᠥᠷᠯᠥᠭᠡ ᠶ᠋ᠢᠨ ᠨᠠᠷᠠᠨ ᠤ᠋ ᠲᠤᠰᠬᠠᠯ ᠢ᠋ ᠤᠭᠲᠤᠨ ᠮᠢᠷᠠᠯᠵᠠᠬᠤ ᠪᠤᠶᠤ ᠴᠡᠴᠡᠭ ᠦ᠋ᠨ ᠶᠡᠬᠡ ᠬᠦᠷᠢᠶᠡᠯᠡᠩ ᠳ᠋ᠦ᠍ ᠠᠯᠲᠠᠨ ᠡᠷᠪᠡᠬᠡᠢ ᠨᠦ᠍ᠭᠦᠳ ᠬᠥᠭᠡᠭᠡᠴᠡᠯᠳᠦᠨ ᠨᠠᠭᠠᠳᠬᠤ ᠶ᠋ᠢ ᠰᠠᠨᠠᠭᠳᠠᠭᠤᠯᠤᠨ᠎ᠠ᠃ ᠲᠡᠭᠡᠭᠡᠳ ᠳᠠᠭᠤᠤ ᠬᠥᠭᠵᠢᠮ ᠬᠣᠶᠠᠷ ᠳᠠᠬᠢᠨ ᠨᠠᠢᠷᠯᠠᠯᠳᠤᠬᠤ ᠳ᠋ᠠᠭᠠᠨ᠄ ᠡᠨᠡ ᠳᠡᠯᠡᠬᠡᠢ ᠶ᠋ᠢᠨ ᠬᠥᠮᠦᠨ ᠠᠮᠢᠲᠠᠳ ᠤ᠋ᠨ ᠬᠠᠷᠢᠯᠴᠠᠨ ᠳᠤᠷᠠᠯᠠᠯᠴᠠᠬᠤ ᠭᠡᠳᠡᠭ ᠬᠡᠴᠢᠨᠡᠨ ᠶᠡᠬᠡ ᠬᠤᠪᠢ ᠵᠠᠶᠠᠭᠠᠨ ᠤ᠋ ᠬᠡᠷᠡᠭ ᠪᠣᠯᠬᠤ ᠶ᠋ᠢ ᠰᠡᠳᠬᠢᠯ ᠦ᠋ᠨ ᠭᠦᠨ ᠳ᠋ᠦ᠍ ᠪᠠᠭᠤᠯᠭᠠᠨ᠎ᠠ᠃   
       ᠢᠩᠭᠢᠬᠦ ᠳ᠋ᠦ᠍᠂ ᠨᠣᠮ ᠢ᠋ ᠨᠢ ᠪᠠᠷᠢᠨ ᠰᠢᠭᠦᠵᠦ ᠰᠠᠭᠤᠭ᠎ᠠ ᠪᠠᠭᠰᠢ ᠨᠢ ᠴᠦ᠍ ᠥᠭᠡᠷ᠎ᠡ ᠴᠦ᠍ ᠦᠭᠡᠢ ᠰᠡᠳᠬᠢᠯ ᠬᠥᠳᠡᠯᠦᠨ ᠢᠨᠢᠶᠡᠮᠰᠦᠭᠯᠡᠵᠦ ᠪᠠᠢᠭ᠎ᠠ ᠦᠵᠡᠭᠳᠡᠨ᠎ᠡ᠃ ᠡᠴᠦᠰ ᠲᠦ᠋ᠨᠢ ᠪᠠᠭᠰᠢ ᠨᠢ ᠲᠡᠷᠡ ᠡᠮᠡᠭᠲᠡᠢ ᠱᠠᠪᠢ ᠳ᠋ᠠᠭᠠᠨ ᠪᠦᠲᠦᠨ ᠬᠣᠶᠠᠷ ᠬᠠᠭᠤᠳᠠᠰᠤ ᠴᠡᠭᠡᠵᠢᠯᠡᠬᠦ ᠶ᠋ᠢ ᠳᠠᠭᠠᠭᠠᠯᠭᠠᠪᠠ᠃ ᠡᠮᠡᠭᠲᠡᠢ ᠨᠣᠮ ᠢ᠋ᠶ᠋ᠠᠨ ᠪᠠᠷᠢᠨᠲᠠᠭᠯᠠᠭᠠᠳ ᠪᠣᠰᠬᠤ ᠳ᠋ᠤ᠌ ᠪᠠᠭᠰᠢ ᠨᠢ ᠦᠳᠡᠨ ᠭᠠᠷᠭᠠᠬᠤ ᠪᠣᠯᠪᠠ᠃ ᠪᠠᠯᠳᠠᠨᠴᠡᠷᠢᠩ ᠴᠦ᠍ ᠲᠡᠳᠡᠨ ᠦ᠌ ᠬᠠᠮᠲᠤ ᠭᠠᠷᠤᠯ᠎ᠠ᠃ 
       ᠭᠠᠳᠠᠭ᠎ᠠ ᠠᠯᠢ ᠬᠡᠳᠦᠢᠨ ᠨᠠᠷᠠ ᠵᠢᠷᠭᠠᠵᠤ ᠬᠠᠷᠠᠩᠭᠤᠢ ᠪᠣᠯᠤᠭᠰᠠᠨ  ᠪᠠᠢᠯ᠎ᠠ᠃ ᠬᠠᠰᠢᠶᠠᠨ ᠤ᠋ ᠬᠠᠭᠠᠯᠭᠠᠨ ᠤ᠋ ᠡᠮᠦᠨ᠎ᠡ ᠳᠥᠷᠪᠡᠨ ᠳᠤᠭᠤᠢ ᠲᠠᠢ ᠰᠡᠦᠬᠡ ᠲᠡᠷᠭᠡ ᠵᠣᠭᠰᠣᠨ᠎ᠠ᠃ ᠡᠨᠡ ᠲᠡᠷᠭᠡ ᠡᠮᠡᠭᠲᠡᠢ ᠶ᠋ᠢᠨ ᠲᠡᠷᠭᠡ ᠠᠵᠢ᠃ ᠪᠠᠯᠳᠠᠨᠴᠡᠷᠢᠩ ᠲᠡᠭᠦᠨ ᠢ᠋ ᠲᠣᠩ ᠳᠡᠭᠡᠭᠦᠷ ᠬᠥᠮᠦᠨ ᠦ᠌ ᠡᠷᠬᠡ ᠲᠠᠩᠬᠢ ᠥᠬᠢᠨ ᠪᠣᠯᠬᠤ ᠶ᠋ᠢ ᠨᠢ ᠮᠡᠳᠡᠪᠡ᠃ ᠡᠮᠡᠭᠲᠡᠢ ᠲᠡᠷᠭᠡᠨ ᠳ᠋ᠡᠭᠡᠨ ᠰᠠᠭᠤᠬᠤ ᠶ᠋ᠢᠨ ᠢ᠋ᠶ᠋ᠡᠨ ᠡᠮᠦᠨ᠎ᠡ ᠪᠠᠭᠰᠢ ᠳ᠋ᠠᠭᠠᠨ ᠡᠪᠦᠳᠦᠭ ᠳᠠᠷᠤᠨ ᠮᠡᠬᠦᠰᠬᠢᠨ ᠶᠣᠰᠣ ᠭᠦᠢᠴᠡᠳᠬᠡᠭᠡᠳ ᠳᠠᠷᠠᠭ᠎ᠠ ᠨᠢ ᠪᠠᠯᠳᠠᠨᠴᠡᠷᠢᠩ ᠳ᠋ᠦ᠍ ᠮᠥᠨ ᠶᠣᠰᠣ ᠭᠦᠢᠴᠡᠳᠬᠡᠪᠡ᠃  
       ᠪᠠᠯᠳᠠᠨᠴᠡᠷᠢᠩ ᠭᠡᠷ ᠤᠷᠤᠭᠤ ᠪᠠᠨ ᠶᠠᠪᠤᠵᠤ ᠪᠠᠢᠬᠤ ᠳ᠋ᠠᠭᠠᠨ ᠳᠠᠩ ᠰᠠᠶᠢ ᠶ᠋ᠢᠨ ᠡᠮᠡᠭᠲᠡᠢ᠂ ᠲᠡᠭᠦᠨ ᠦ᠌ ᠣᠯᠠᠨ ᠲᠠᠯ᠎ᠠ ᠶ᠋ᠢᠨ ᠣᠨᠴᠠᠭᠠᠢ ᠪᠠᠢᠳᠠᠯ᠂ ᠰᠠᠨᠠᠭᠠᠨ ᠳ᠋ᠤ᠌ ᠪᠠᠭᠲᠠᠭᠠᠰᠢ ᠦᠭᠡᠢ ᠤᠷᠠᠨ ᠴᠢᠳᠠᠪᠤᠷᠢ ᠶ᠋ᠢ ᠪᠠᠬᠠᠳᠤᠪᠠ᠃ ᠣᠭᠲᠠᠷᠭᠤᠢ ᠳ᠋ᠤ᠌ ᠦᠢ ᠲᠦᠮᠡᠨ ᠣᠳᠣᠨ ᠭᠢᠯᠠᠯᠵᠠᠬᠤ ᠶ᠋ᠢᠨ ᠳᠤᠮᠳᠠ ᠠ᠋ᠴᠠ ᠦᠳᠡᠰᠢ ᠶ᠋ᠢᠨ ᠭᠢᠯᠤᠭᠠᠨ ᠬᠡᠮᠡᠬᠦ ᠪᠢᠮᠪᠠ ᠭᠠᠷᠠᠭ ᠨᠢᠳᠦᠨ ᠦ᠌ ᠡᠮᠦᠨ᠎ᠡ ᠣᠯᠠᠨ ᠠ᠋ᠴᠠ ᠣᠨᠴᠠᠭᠠᠢ ᠲᠤᠰᠬᠤ ᠨᠢ ᠶᠡᠷᠦ ᠰᠠᠶᠢ ᠶ᠋ᠢᠨ ᠡᠮᠡᠭᠲᠡᠢ ᠰᠢᠭ ᠰᠣᠳᠣ ᠠᠵᠢ᠃《ᠲᠡᠢᠮᠦ ᠠ᠋᠂ ᠲᠡᠷᠡ ᠣᠳᠣᠨ ᠭᠠᠵᠠᠷ ᠪᠠᠭᠤᠭᠰᠠᠨ ᠤ᠋ ᠠᠳᠠᠯᠢ ᠶᠤᠮ ᠪᠠᠢᠨ᠎ᠠ ᠳᠠ》 ᠭᠡᠵᠦ ᠪᠠᠯᠳᠠᠨᠴᠡᠷᠢᠩ ᠥᠪᠡᠷ ᠲᠡᠭᠡᠨ ᠥᠭᠦᠯᠡᠪᠡ᠃ ᠬᠠᠷᠢᠭᠠᠳ ᠱᠠᠪᠢ ᠶ᠋ᠢᠨ ᠭᠠᠷ ᠢ᠋ᠶ᠋ᠠᠷ ᠬᠢᠭᠳᠡᠭᠰᠡᠨ ᠬᠣᠭᠣᠯᠠ ᠶ᠋ᠢ ᠢᠳᠡᠵᠦ ᠪᠠᠢᠬᠤ ᠳ᠋ᠤ᠌ ᠮᠥᠨ ᠯᠡ ᠪᠣᠳᠣᠭᠰᠠᠭᠠᠷ᠂ ᠳᠠᠷᠠᠭ᠎ᠠ ᠨᠢ ᠣᠷᠣᠨ ᠳ᠋ᠠᠭᠠᠨ ᠣᠷᠣᠨ ᠤᠨᠲᠠᠬᠤ ᠭᠡᠬᠦ ᠳ᠋ᠦ᠍ ᠪᠠᠰᠠ ᠡᠷᠭᠢᠯᠳᠦᠭᠰᠡᠭᠡᠷ ᠪᠥᠭᠡᠳ ᠭᠡᠲᠡᠯ᠎ᠡ ᠬᠠᠵᠠᠭᠤ ᠪᠠᠷ ᠨᠢ ᠰᠦᠬᠡᠪᠠᠭᠠᠲᠤᠷ ᠣᠷᠣᠵᠤ ᠢᠷᠡᠯ᠎ᠡ᠃《ᠲᠡᠷᠡ ᠡᠷ᠎ᠡ ᠳᠠᠩᠴᠤ ᠵᠠᠯᠠᠭᠤ ᠶᠤᠮ ᠳᠠ᠃ ᠭᠡᠪᠡᠴᠦ ᠦᠵᠡᠲᠡᠯ᠎ᠡ ᠤᠬᠠᠭᠠᠨ ᠲᠠᠢ ᠪᠣᠯᠣᠳ ᠵᠣᠷᠢᠭ ᠲᠠᠢ ᠨᠢ ᠥᠪᠡᠷ ᠦ᠋ᠨ ᠬᠢᠨᠢ ᠥᠷᠭᠡᠨ ᠮᠠᠩᠨᠠᠢ᠂ ᠡᠷᠡᠰᠯᠡᠨ ᠬᠠᠷᠠᠭᠰᠠᠨ ᠢ᠋ᠶ᠋ᠠᠨ ᠰᠢᠷᠳᠡᠬᠦ ᠰᠡᠷᠭᠦᠯᠡᠩ ᠨᠢᠳᠦ᠂ ᠤᠷᠤᠭᠤᠯ ᠤ᠋ᠨ ᠬᠢᠨᠢ ᠴᠢᠮᠪᠠᠢ ᠵᠢᠮ ᠡᠴᠡ ᠲᠡᠷᠡ ᠪᠣᠯᠭᠠᠨ ᠠ᠋ᠴᠠ ᠨᠢ ᠲᠣᠳᠣᠷᠬᠠᠢ ᠪᠠᠢᠭᠰᠠᠨ ᠠ᠋ᠴᠠ ᠭᠠᠳᠠᠨ᠎ᠠ᠂ ᠰᠦᠷᠡᠬᠡᠢ ᠬᠥᠮᠦᠨ ᠦ᠌ ᠱᠠᠪᠢ ᠪᠣᠯᠬᠤ ᠤᠴᠢᠷ ᠥᠨᠥ ᠦᠶ᠎ᠡ ᠶ᠋ᠢᠨ ᠣᠷᠣᠰ ᠣᠷᠣᠨ ᠤ᠋ ᠲᠤᠬᠠᠢ ᠵᠠᠪᠠᠯ ᠪᠣᠳᠣᠳᠠᠭ ᠪᠠᠢᠬᠤ ᠶᠣᠰᠣᠲᠠᠢ ᠰᠢᠦ ᠳᠡ》 ᠭᠡᠰᠡᠨ ᠪᠣᠳᠣᠯ ᠪᠣᠢ ᠪᠣᠯᠤᠨ ᠦᠷᠭᠦᠯᠵᠢᠯᠡᠨ᠎ᠡ᠃ ᠭᠡᠪᠡᠴᠦ ᠥᠨᠥᠬᠢ ᠡᠮᠡᠭᠲᠡᠢ ᠬᠠᠢᠷ᠎ᠠ ᠢᠨᠠᠭ ᠤ᠋ᠨ ᠲᠠᠯ᠎ᠠ ᠪᠠᠷ ᠪᠢᠰᠢ ᠪᠣᠯᠪᠠᠴᠤ ᠰᠡᠳᠬᠢᠯ ᠦ᠋ᠨ ᠭᠦᠨ ᠳ᠋ᠦ᠍ ᠬᠠᠳᠠᠭᠠᠰᠤ ᠲᠠᠢ ᠪᠠᠢᠯ᠎ᠠ᠃ ᠥᠪᠡᠷ ᠦ᠋ᠨ ᠪᠣᠳᠣᠯ ᠴᠣᠬᠣᠮ ᠶᠠᠭᠤ ᠬᠦᠰᠡᠨ ᠮᠥᠷᠥᠭᠡᠳᠴᠦ ᠪᠠᠢᠭ᠎ᠠ ᠶ᠋ᠢ ᠡᠷᠭᠢᠴᠡᠭᠦᠯᠦᠨ ᠦᠵᠡᠬᠦ ᠳ᠋ᠦ᠍ ᠬᠠᠮᠤᠭ ᠲᠡᠷᠢᠭᠦᠨ ᠰᠦᠬᠡᠪᠠᠭᠠᠲᠤᠷ ᠲᠠᠢ ᠠᠭᠤᠯᠵᠠᠨ ᠲᠠᠨᠢᠯᠴᠠᠬᠤ ᠨᠢᠭᠡ ᠵᠦᠢᠯ᠂ ᠬᠣᠶᠠᠷ ᠲᠤᠨᠢ ᠲᠡᠷᠡ ᠡᠮᠡᠭᠲᠡᠢ ᠶ᠋ᠢᠨ ᠪᠠᠷ᠎ᠠ ᠶ᠋ᠢ ᠳᠠᠬᠢᠨ ᠨᠢᠭᠡ ᠬᠠᠷᠠᠬᠤ᠂ ᠡᠢᠮᠦ ᠬᠣᠶᠠᠷ ᠬᠦᠰᠡᠯ ᠳ᠋ᠦ᠍ ᠬᠠᠮᠤᠭ ᠵᠢᠷᠦᠬᠡ ᠮᠡᠳᠡᠷᠡᠯ ᠨᠢ ᠡᠵᠡᠯᠡᠭᠳᠡᠭᠡᠳ᠂ ᠤᠷᠢᠳ ᠡᠮᠦᠨ᠎ᠡ ᠰᠠᠨᠠᠭᠳᠠᠵᠤ ᠰᠡᠳᠬᠢᠭᠳᠡᠭᠡ ᠦᠭᠡᠢ ᠣᠭᠲᠣ ᠥᠭᠡᠷ᠎ᠡ ᠡᠢᠮᠦ ᠨᠢᠭᠡ ᠰᠢᠨ᠎ᠡ ᠮᠠᠶᠢᠭ ᠤ᠋ᠨ ᠴᠣᠬᠢᠯᠲᠠ ᠴᠣᠬᠢᠵᠤ ᠡᠬᠢᠯᠡᠳᠡᠭ ᠪᠠᠢᠵᠠᠢ᠃