ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠲᠠᠪᠤ᠂ ᠬᠥᠮᠦᠨ ᠵᠠᠶᠠᠭᠠᠪᠠᠯ ᠬᠦᠨᠡᠰᠦ ᠵᠠᠶᠠᠭᠠᠨ᠎ᠠ Эр эмийн ёсон – Д᠂ Болдцэрэн <Нэгдүгээр бүлэг>– тав᠂ Хүн заяавал хүнс заяана
ᠲᠠᠪᠤ᠂ ᠬᠥᠮᠥᠨ ᠵᠠᠶᠠᠭᠠᠪᠠᠯ ᠬᠦᠨᠡᠰᠦ ᠵᠠᠶᠠᠭᠠᠨ᠎ᠠ
ᠡᠢᠨᠬᠦ ᠪᠤᠷᠠᠮ ᠤ᠋ᠨ ᠰᠠᠷ᠎ᠠ ᠥᠩᠭᠡᠷᠡᠵᠦ᠂ ᠵᠠᠯᠠᠭᠤ ᠭᠡᠷᠭᠡᠢ ᠶ᠋ᠢᠨ ᠬᠥᠯ ᠬᠦᠨᠳᠦᠷᠡᠵᠦ ᠡᠬᠢᠯᠡᠨ᠎ᠡ᠃ ᠤᠳᠠᠬᠤ ᠦᠭᠡᠢ ᠰᠢᠨ᠎ᠡ ᠬᠥᠮᠦᠨ ᠲᠡᠢ ᠪᠣᠯᠵᠤ᠂ ᠡᠴᠢᠭᠡ᠂ ᠡᠬᠡ ᠪᠣᠯᠬᠤ ᠭᠡᠵᠦ ᠪᠠᠢᠭ᠎ᠠ ᠵᠠᠯᠠᠭᠤ ᠬᠣᠣᠰ ᠤ᠋ᠳ ᠤ᠋ᠨ ᠮᠠᠩᠨᠠᠢ ᠲᠡᠨᠢᠢᠨ ᠪᠠᠶᠠᠷᠯᠠᠵᠤ᠂ ᠬᠠᠢᠷ᠎ᠠ ᠨᠢ ᠤᠯᠠᠮ ᠪᠠᠳᠠᠷᠠᠨ᠎ᠠ᠃ ᠠᠷᠭ᠎ᠠ ᠴᠦ᠍ ᠦᠭᠡᠢ ᠪᠢᠵᠡ᠃ ᠠᠮᠠᠷᠠᠭ ᠬᠣᠣᠰ ᠤ᠋ᠳ ᠪᠡᠶ᠎ᠡ ᠳ᠋ᠡᠭᠡᠨ ᠬᠡᠴᠢᠨᠡᠨ ᠬᠠᠢᠷᠠᠲᠠᠢ ᠪᠠᠢᠯ᠎ᠠ ᠴᠦ᠍ ᠭᠡᠰᠡᠨ ᠦᠷ᠎ᠡ ᠬᠡᠦᠬᠡᠳ ᠵᠠᠶᠠᠭᠠᠬᠤ ᠦᠭᠡᠢ ᠪᠣᠯ ᠶᠠᠮᠠᠷ ᠠᠵᠠ ᠵᠢᠷᠭᠠᠯ ᠪᠠᠢᠬᠤ ᠪᠢᠯᠡ᠃
ᠬᠡᠦᠬᠡᠳ ᠪᠣᠯ ᠠᠢᠯ ᠭᠡᠷ ᠦ᠋ᠨ ᠪᠠᠶᠠᠷ ᠪᠠᠶᠠᠰᠬᠤᠯᠠᠩ᠃ ᠲᠡᠢᠮᠦ ᠡᠴᠡ ᠮᠠᠨ ᠤ᠋ ᠥᠲᠡᠭᠦᠰ ᠳᠡᠭᠡᠳᠦᠰ《ᠬᠥᠮᠦᠨ ᠵᠠᠶᠠᠭᠠᠪᠠᠯ ᠬᠦᠨᠡᠰᠦ ᠵᠠᠶᠠᠭᠠᠨ᠎ᠠ》 ᠭᠡᠵᠦ ᠠᠰᠢᠳᠠ ᠶ᠋ᠢᠨ ᠪᠢᠯᠢᠭ ᠢ᠋ᠶ᠋ᠡᠷ ᠢᠷᠦᠭᠡᠳᠡᠭ᠃ ᠡᠮᠡᠭᠲᠡᠢ ᠬᠥᠮᠦᠨ ᠠᠩᠬ᠎ᠠ《ᠬᠣᠷᠮᠣᠢ ᠶ᠋ᠢᠨ ᠶᠠᠭᠤᠮ᠎ᠠ》 ᠢᠷᠡᠭᠰᠡᠨ ᠴᠠᠭ ᠠ᠋ᠴᠠ ᠠᠪᠤᠭᠠᠳ 40-50 ᠨᠠᠰᠤ ᠬᠦᠷᠲᠡᠯ᠎ᠡ ᠪᠡᠨ ᠵᠢᠷᠮᠦᠰᠦᠯᠡᠵᠦ ᠪᠣᠯᠤᠨ᠎ᠠ᠃ ᠭᠡᠪᠡᠴᠦ ᠠᠮᠢᠳᠤᠷᠠᠯ ᠨᠢᠭᠡ ᠬᠡᠪ ᠦ᠋ᠨ ᠪᠢᠰᠢ ᠬᠣᠢᠨ᠎ᠠ ᠪᠦᠷ ᠬᠥᠭᠰᠢᠷᠡᠭᠰᠡᠨ ᠬᠣᠢᠨ᠎ᠠ᠂ ᠡᠰᠡᠪᠡᠯ ᠬᠠᠷ᠎ᠠ ᠨᠢᠯᠬ᠎ᠠ ᠪᠠᠷ ᠢ᠋ᠶ᠋ᠠᠨ ᠵᠢᠷᠮᠦᠰᠦᠨ ᠪᠣᠯᠤᠭᠰᠠᠨ ᠶᠠᠪᠤᠳᠠᠯ ᠮᠡᠷ ᠰᠡᠷ ᠪᠣᠢ᠃ ᠡᠭᠦᠨ ᠡᠴᠡ ᠪᠣᠯᠵᠤ ᠬᠦᠨᠳᠦᠷᠡᠯ ᠲᠡᠢ ᠲᠥᠷᠥᠵᠦ ᠬᠡᠦᠬᠡᠳ ᠨᠢ ᠶᠠᠮᠠᠷ ᠨᠢᠭᠡ ᠡᠪᠡᠳᠴᠢᠨ ᠡᠮᠭᠡᠭ ᠲᠡᠢ ᠲᠥᠷᠥᠳᠡᠭ᠃ ᠵᠢᠷᠮᠦᠰᠦᠯᠡᠬᠦ ᠬᠠᠮᠤᠭ ᠤ᠋ᠨ ᠲᠣᠬᠢᠷᠠᠮᠵᠢ ᠲᠠᠢ ᠬᠤᠭᠤᠴᠠᠭ᠎ᠠ ᠪᠣᠯ 22-29 ᠨᠠᠰᠤ ᠭᠡᠵᠦ ᠡᠮᠴᠢ ᠨᠠᠷ ᠦᠵᠡᠳᠡᠭ᠃ ᠵᠢᠷᠮᠦᠰᠦᠨ ᠪᠣᠯᠬᠤ ᠳ᠋ᠤ᠌ ᠨᠢᠭᠡ ᠲᠠᠯ᠎ᠠ ᠪᠠᠷ ᠡᠮᠡᠭᠲᠡᠢ ᠶ᠋ᠢᠨ ᠥᠨᠳᠡᠭᠡᠨ ᠡᠰ᠂ ᠨᠥᠭᠦᠭᠡ ᠲᠠᠯ᠎ᠠ ᠪᠠᠷ ᠡᠷᠡᠭᠲᠡᠢ ᠶ᠋ᠢᠨ ᠪᠡᠯᠭᠡ ᠶ᠋ᠢᠨ ᠡᠰ ᠬᠡᠷᠡᠭᠲᠡᠢ᠃ ᠡᠳᠡᠭᠡᠷ ᠦ᠋ᠨ ᠠᠯᠢ ᠨᠢᠭᠡ ᠨᠢ ᠦᠭᠡᠢ ᠪᠣᠯ ᠵᠢᠷᠮᠦᠰᠦᠯᠡᠨᠡ ᠭᠡᠵᠦ ᠪᠠᠢᠬᠤ ᠦᠭᠡᠢ᠃ ᠡᠨᠳᠡ ᠡᠴᠡ ᠡᠷ᠎ᠡ ᠪᠡᠯᠭᠡ ᠶ᠋ᠢᠨ ᠡᠰ ᠶᠠᠭᠠᠬᠢᠵᠤ ᠤᠮᠠᠢ ᠶ᠋ᠢᠨ ᠬᠣᠭᠣᠯᠠᠢ ᠳ᠋ᠤ᠌ ᠬᠦᠷᠴᠦ ᠥᠨᠳᠡᠭᠡᠨ ᠡᠰ ᠲᠡᠢ《ᠤᠴᠠᠷᠠᠬᠤ》 ᠪᠣᠢ? ᠭᠡᠰᠡᠨ ᠠᠰᠠᠭᠤᠯᠲᠠ ᠭᠠᠷᠴᠤ ᠢᠷᠡᠨ᠎ᠡ᠃ ᠡᠷ᠎ᠡ ᠪᠡᠯᠭᠡ ᠶ᠋ᠢᠨ ᠡᠰ ᠨᠢ ᠰᠢᠯᠪᠢᠭᠦᠷ ᠦ᠋ᠨ ᠲᠤᠰᠠᠯᠠᠮᠵᠢ ᠲᠠᠢ ᠪᠠᠷ ᠨᠢᠭᠡ ᠮᠢᠨᠦ᠋ᠲ ᠳᠣᠳᠣᠮ ᠳ᠋ᠤ᠌ ᠳᠤᠮᠳᠠᠴᠢ ᠪᠠᠷ 2-3 ᠮᠢᠯᠯᠢᠮᠧᠲ᠋ᠷ ᠬᠤᠷᠳᠤ ᠲᠠᠢ ᠤᠷᠤᠭᠰᠢᠯᠠᠨ ᠬᠥᠳᠡᠯᠳᠡᠭ ᠪᠥᠭᠡᠳ ᠬᠤᠷᠢᠴᠠᠯ ᠦᠢᠯᠡᠳᠦᠭᠰᠡᠨ ᠡᠴᠡ ᠬᠣᠢᠰᠢ 30-40 ᠮᠢᠨᠦ᠋ᠲ ᠥᠩᠭᠡᠷᠡᠬᠦ ᠳ᠋ᠦ᠍ ᠤᠮᠠᠢ ᠶ᠋ᠢᠨ ᠬᠥᠨᠳᠡᠢ ᠳ᠋ᠦ᠍ ᠬᠦᠷᠴᠦ ᠬᠠᠭᠠᠰ ᠴᠠᠭ ᠤ᠋ᠨ ᠳᠠᠷᠠᠭ᠎ᠠ ᠤᠮᠠᠢ ᠶ᠋ᠢᠨ ᠬᠣᠭᠣᠯᠠᠢ ᠳ᠋ᠤ᠌ ᠣᠷᠣᠨ᠎ᠠ᠃ ᠡᠢᠮᠦ ᠳ᠋ᠦ᠍ ᠡᠮᠡᠭᠲᠡᠢ ᠬᠥᠮᠦᠨ ᠬᠡᠦᠬᠡᠳ ᠣᠯᠬᠤ ᠶ᠋ᠢ ᠬᠦᠰᠡᠪᠡᠯ ᠡᠷ᠎ᠡ ᠪᠡᠯᠭᠡ ᠶ᠋ᠢᠨ ᠡᠰ ᠤᠮᠠᠢ ᠳ᠋ᠤ᠌ ᠨᠡᠪᠲᠡᠷᠡᠨ ᠣᠷᠣᠵᠤ ᠦᠷ᠎ᠡ ᠲᠣᠭᠲᠠᠭᠠᠬᠤ ᠳ᠋ᠤ᠌ ᠳᠠᠮ ᠪᠣᠯᠬᠤ ᠶ᠋ᠢᠨ ᠲᠤᠯᠠᠳᠠ ᠬᠤᠷᠢᠴᠠᠯ ᠤ᠋ᠨ ᠳᠠᠷᠠᠭ᠎ᠠ ᠬᠠᠭᠠᠰ ᠴᠠᠭ ᠠ᠋ᠴᠠ ᠳᠣᠭᠣᠭᠰᠢ ᠦᠭᠡᠢ ᠬᠤᠭᠤᠴᠠᠭ᠎ᠠ ᠪᠠᠷ ᠠᠭᠠᠷᠴᠠᠭ ᠢ᠋ᠶ᠋ᠠᠨ ᠡᠷᠭᠦᠵᠦ ᠭᠡᠳᠡᠷᠭᠦ ᠬᠠᠷᠠᠨ ᠬᠡᠪᠲᠡᠬᠦ ᠬᠡᠷᠡᠭᠲᠡᠢ᠃ ᠡᠷ᠎ᠡ ᠪᠡᠯᠭᠡ ᠶ᠋ᠢᠨ ᠡᠰ ᠨᠢ ᠦᠷ᠎ᠡ ᠲᠣᠭᠲᠠᠭᠠᠬᠤ ᠴᠢᠳᠠᠪᠤᠷᠢ ᠪᠠᠨ 2-3 ᠬᠣᠨᠣᠭ ᠬᠠᠳᠠᠭᠠᠯᠠᠳᠠᠭ ᠪᠣᠯ ᠡᠮᠡᠭᠲᠡᠢ ᠶ᠋ᠢᠨ ᠥᠨᠳᠡᠭᠡᠨ ᠡᠰ ᠡᠨᠡ ᠴᠢᠳᠠᠪᠤᠷᠢ ᠪᠠᠨ1-2 ᠬᠣᠨᠣᠭ ᠬᠠᠳᠠᠭᠠᠯᠠᠨ᠎ᠠ᠃ ᠥᠨᠳᠡᠭᠡᠨ ᠡᠰ ᠰᠠᠷ᠎ᠠ ᠳ᠋ᠤ᠌ ᠨᠢᠭᠡ ᠤᠳᠠᠭ᠎ᠠ ᠪᠣᠯᠪᠠᠰᠤᠷᠠᠳᠠᠭ ᠪᠣᠯ ᠡᠷ᠎ᠡ ᠪᠡᠯᠭᠡ ᠶ᠋ᠢᠨ ᠡᠰ ᠰᠢᠨ᠎ᠡ ᠪᠡᠷ 3-4 ᠬᠣᠨᠣᠭ ᠲᠤ᠌ ᠯᠠ ᠪᠣᠢ ᠪᠣᠯᠤᠨ᠎ᠠ᠃ ᠡᠢᠮᠦ ᠳ᠋ᠦ᠍ ᠡᠭᠦᠨ ᠡᠴᠡ ᠣᠢᠷᠠᠬᠠᠨ ᠵᠠᠢ ᠲᠠᠢ ᠣᠯᠠᠨ ᠳᠠᠬᠢᠨ ᠬᠤᠷᠢᠴᠠᠯ ᠦᠢᠯᠡᠳᠪᠡᠯ ᠡᠷ᠎ᠡ ᠪᠡᠯᠭᠡ ᠶ᠋ᠢᠨ ᠡᠰ ᠰᠢᠨ᠎ᠡ ᠪᠡᠷ ᠪᠦᠷᠢᠨ ᠪᠣᠯᠪᠠᠰᠤᠷᠠᠵᠤ ᠠᠮᠵᠢᠬᠤ ᠦᠭᠡᠢ ᠤᠴᠢᠷ ᠠ᠋ᠴᠠ ᠵᠢᠷᠮᠦᠰᠦᠨ ᠪᠣᠯᠬᠤ ᠤᠴᠠᠷᠠᠯ ᠭᠠᠷᠭᠠᠬᠤ ᠦᠭᠡᠢ ᠶ᠋ᠢ ᠠᠩᠬᠠᠷ᠃ ᠥᠭᠡᠷ᠎ᠡ ᠪᠡᠷ ᠬᠡᠯᠡᠪᠡᠯ ᠬᠤᠷᠢᠴᠠᠯ ᠦᠢᠯᠡᠳᠬᠦ ᠪᠦᠷᠢ ᠳ᠋ᠦ᠍ ᠵᠢᠷᠮᠦᠰᠦᠨ ᠪᠣᠯᠳᠠᠭ ᠶᠤᠮ ᠪᠢᠰᠢ᠃ ᠥᠨᠳᠡᠭᠡᠨ ᠡᠰ ᠤᠮᠠᠢ ᠶ᠋ᠢᠨ ᠬᠣᠭᠣᠯᠠᠢ ᠠ᠋ᠴᠠ ᠤᠮᠠᠢ ᠶ᠋ᠢᠨ ᠬᠥᠨᠳᠡᠢ ᠬᠦᠷᠬᠦ ᠳ᠋ᠦ᠍ 6-8 ᠡᠳᠦᠷ ᠦ᠋ᠨ 《ᠵᠠᠮ》 ᠲᠤᠭᠤᠯᠤᠨ᠎ᠠ᠃ ᠢᠩᠭᠢᠬᠦ ᠵᠠᠮ ᠳ᠋ᠠᠭᠠᠨ ᠡᠷ᠎ᠡ ᠪᠡᠯᠭᠡ ᠶ᠋ᠢᠨ ᠡᠰ ᠲᠡᠢ ᠲᠠᠭᠠᠷᠠᠬᠤ ᠦᠭᠡᠢ ᠪᠣᠯ ᠶᠠᠭᠠᠬᠢᠨ ᠦᠷ᠎ᠡ ᠲᠣᠭᠲᠠᠬᠤ ᠪᠢᠯᠡ᠃ ᠬᠡᠷᠪᠡ ᠤᠮᠠᠢ ᠶ᠋ᠢᠨ ᠬᠣᠭᠣᠯᠠᠢ ᠳ᠋ᠤ᠌ ᠡᠷ᠎ᠡ ᠪᠡᠯᠭᠡ ᠶ᠋ᠢᠨ ᠡᠰ᠂ ᠥᠨᠳᠡᠭᠡᠨ ᠡᠰ ᠲᠡᠢ《ᠤᠴᠠᠷᠠᠪᠠᠯ》 ᠦᠷ᠎ᠡ ᠲᠣᠭᠲᠠᠵᠤ ᠰᠢᠨ᠎ᠡ ᠠᠮᠢᠳᠤᠷᠠᠯ ᠪᠦᠷᠢᠯᠳᠦᠨ ᠪᠣᠢ ᠪᠣᠯᠤᠨ᠎ᠠ᠃ ᠨᠢᠭᠡ ᠤᠳᠠᠭᠠᠨ ᠤ᠋ ᠬᠤᠷᠢᠴᠠᠯ ᠤ᠋ᠨ ᠦᠢᠯᠡᠳᠦᠯ ᠳ᠋ᠦ᠍ 200-300 ᠣᠷᠴᠢᠮ ᠡᠷ᠎ᠡ ᠪᠡᠯᠭᠡ ᠶ᠋ᠢᠨ ᠡᠰ ᠢᠯᠭᠠᠷᠠᠳᠠᠭ ᠪᠥᠭᠡᠳ ᠲᠡᠭᠦᠨ ᠡᠴᠡ ᠵᠥᠪᠬᠡᠨ ᠨᠢᠭᠡ ᠨᠢ ᠥᠨᠳᠡᠭᠡᠨ ᠡᠰ ᠤᠷᠤᠭᠤ ᠨᠡᠪᠲᠡᠷᠡᠨ ᠣᠷᠣᠵᠤ ᠪᠤᠰᠤᠳ ᠨᠢ ᠲᠡᠭᠦᠨ ᠳ᠋ᠦ᠍ ᠵᠠᠮ ᠲᠠᠯᠪᠢᠵᠤ ᠥᠨᠳᠡᠭᠡᠨ ᠡᠰ ᠦ᠋ᠨ ᠭᠠᠳᠠᠨ᠎ᠠ ᠲᠠᠯ᠎ᠠ ᠪᠦᠷᠬᠦᠭᠦᠯ ᠢ᠋ ᠠᠭᠤᠰᠬᠠᠬᠤ ᠡᠭᠦᠷᠭᠡ ᠲᠡᠢ᠃
ᠡᠢᠨᠬᠦ ᠡᠷ᠎ᠡ ᠪᠡᠯᠭᠡ ᠶ᠋ᠢᠨ ᠡᠰ ᠥᠨᠳᠡᠭᠡᠨ ᠡᠰ ᠤᠷᠤᠭᠤ ᠨᠡᠪᠲᠡᠷᠡᠨ ᠣᠷᠣᠭᠰᠠᠨ ᠴᠠᠭ ᠠ᠋ᠴᠠ ᠦᠷ᠎ᠡ ᠲᠣᠭᠲᠠᠭᠰᠠᠨ ᠥᠨᠳᠡᠭᠡᠨ ᠡᠰ ᠬᠤᠪᠢᠶᠠᠭᠳᠠᠵᠤ ᠦᠷ᠎ᠡ ᠬᠥᠪᠦᠷᠡᠯ ᠪᠣᠢ ᠪᠣᠯᠤᠨ᠎ᠠ᠃ ᠦᠷ᠎ᠡ ᠲᠣᠭᠲᠠᠭᠰᠠᠨ ᠥᠨᠳᠡᠭᠡᠨ ᠡᠰ ᠨᠢ ᠨᠠᠮᠢᠷᠠᠭ᠎ᠠ ᠬᠤᠴᠢᠭᠤᠷ ᠡᠰ ᠪᠠ ᠤᠮᠠᠢ ᠶ᠋ᠢᠨ ᠬᠣᠭᠣᠯᠠᠢ ᠶ᠋ᠢᠨ ᠪᠤᠯᠴᠢᠩ ᠤ᠋ᠨ ᠰᠢᠷᠬᠡᠭ ᠦ᠋ᠨ ᠠᠭᠰᠢᠯᠲᠠ ᠪᠠᠷ 6-8 ᠡᠳᠦᠷ ᠦ᠋ᠨ ᠳᠠᠷᠠᠭ᠎ᠠ ᠤᠮᠠᠢ ᠶ᠋ᠢᠨ ᠬᠣᠭᠣᠯᠠᠢ ᠳ᠋ᠤ᠌ ᠬᠦᠷᠴᠦ ᠲᠡᠭᠦᠨ ᠦ᠌ ᠰᠠᠯᠢᠰᠤᠲᠤ ᠪᠦᠷᠬᠦᠭᠦᠯ ᠳ᠋ᠦ᠍ ᠰᠢᠭᠢᠳᠦᠨ ᠪᠡᠬᠢᠯᠡᠭᠳᠡᠵᠦ ᠦᠷ᠎ᠡ ᠬᠥᠪᠦᠷᠡᠯ ᠬᠥᠭᠵᠢᠨ᠎ᠡ᠃ ᠣᠢᠷᠠᠯᠴᠠᠭ᠎ᠠ ᠪᠠᠷ ᠳᠥᠷᠪᠡᠳᠡᠬᠢ ᠰᠠᠷ᠎ᠠ ᠠ᠋ᠴᠠ ᠡᠬᠡᠰ ᠡᠭᠦᠰᠴᠦ ᠡᠨᠡ ᠡᠬᠡ ᠪᠠ ᠤᠷᠤᠭ ᠤ᠋ᠨ ᠬᠣᠭᠣᠷᠣᠨᠳᠣᠬᠢ ᠪᠣᠳᠠᠰ ᠤ᠋ᠨ ᠰᠣᠯᠢᠯᠴᠠᠭ᠎ᠠ ᠶ᠋ᠢ ᠬᠠᠩᠭᠠᠵᠤ ᠥᠭᠳᠡᠭ᠃ ᠬᠡᠳᠦᠢᠪᠡᠷ ᠡᠬᠡ ᠪᠠ ᠤᠷᠤᠭ ᠤ᠋ᠨ ᠬᠣᠭᠣᠷᠣᠨᠳᠣᠬᠢ ᠴᠢᠰᠤ ᠬᠠᠷᠢᠯᠴᠠᠨ ᠬᠣᠯᠢᠯᠳᠤᠳᠠᠭ ᠦᠭᠡᠢ ᠴᠦ᠍ ᠭᠡᠰᠡᠨ ᠡᠬᠡ ᠶ᠋ᠢᠨ ᠴᠢᠰᠤᠨ ᠳ᠋ᠤ᠌ ᠪᠠᠢᠭ᠎ᠠ ᠵᠠᠷᠢᠮ ᠬᠣᠣᠷ ᠲᠠᠢ ᠪᠣᠳᠠᠰ(ᠠᠷᠢᠬᠢ ᠲᠠᠮᠠᠬᠢᠨ ᠤ᠋ ᠬᠣᠣᠷ᠂ ᠡᠮ ᠦ᠋ᠨ ᠪᠣᠳᠠᠰ) ᠡᠬᠡᠰ ᠢ᠋ᠶ᠋ᠡᠷ ᠳᠠᠮᠵᠢᠨ ᠤᠷᠤᠭ ᠲᠤ᠌ ᠨᠡᠪᠲᠡᠷᠡᠨ ᠣᠷᠣᠵᠤ ᠪᠣᠯᠵᠣᠰᠢ ᠦᠭᠡᠢ᠃ ᠡᠢᠮᠦ ᠡᠴᠡ ᠵᠢᠷᠮᠦᠰᠦᠨ ᠦᠶ᠎ᠡ ᠳ᠋ᠦ᠍ ᠠᠷᠢᠬᠢ ᠲᠠᠮᠠᠬᠢ ᠬᠡᠷᠡᠭᠯᠡᠬᠦ᠂ ᠳᠤᠷ᠎ᠠ ᠮᠡᠳᠡᠨ ᠡᠮ ᠬᠡᠷᠡᠭᠯᠡᠬᠦ ᠶ᠋ᠢ ᠬᠠᠲᠠᠭᠤ ᠬᠣᠷᠢᠭᠯᠠᠬᠤ ᠶᠣᠰᠣᠲᠠᠢ᠃ ᠡᠬᠡ ᠬᠥᠮᠦᠨ ᠦᠷ᠎ᠡ ᠪᠡᠨ ᠬᠡᠪᠡᠯᠢ ᠳ᠋ᠡᠭᠡᠨ10 ᠰᠠᠷ᠎ᠠ ᠲᠡᠭᠡᠭᠡᠵᠦ ᠲᠥᠷᠥᠭᠦᠯᠳᠡᠭ᠃ ᠡᠨᠡ ᠬᠤᠭᠤᠴᠠᠭ᠎ᠠ ᠪᠣᠯ ᠬᠥᠮᠦᠨ ᠳ᠋ᠦ᠍ ᠠᠰᠤᠷᠤ ᠶᠡᠬᠡ ᠠᠴᠢ ᠬᠣᠯᠪᠣᠭᠳᠠᠯ ᠲᠠᠢ᠃ ᠡᠨᠡ ᠶᠠᠮᠠᠷ ᠤᠴᠢᠷ ᠲᠠᠢ ᠶᠤᠮ ᠪᠣᠢ ᠭᠡᠪᠡᠯ ᠬᠡᠷᠪᠡ ᠡᠬᠡ ᠪᠣᠯᠬᠤ ᠭᠡᠵᠦ ᠪᠠᠢᠭ᠎ᠠ ᠬᠥᠮᠦᠨ ᠬᠡᠪᠡᠯᠢ ᠳ᠋ᠡᠭᠡᠨ ᠲᠡᠭᠡᠭᠡᠬᠦ10 ᠰᠠᠷ᠎ᠠ ᠪᠤᠶᠤ 280 ᠬᠣᠨᠣᠭ ᠵᠢᠷᠮᠦᠰᠦᠨ ᠦᠶ᠎ᠡ ᠶ᠋ᠢᠨ ᠡᠷᠡᠭᠦᠯ ᠠᠬᠤᠢ ᠶ᠋ᠢᠨ ᠱᠠᠭᠠᠷᠳᠠᠯᠭ᠎ᠠ ᠶ᠋ᠢ ᠣᠨᠴᠠᠭᠠᠢ ᠰᠠᠬᠢᠬᠤ ᠦᠭᠡᠢ ᠪᠣᠯ ᠬᠡᠦᠬᠡᠳ ᠦ᠋ᠨ ᠴᠢᠨᠠᠭᠰᠢᠳᠠ ᠶ᠋ᠢᠨ ᠪᠦᠬᠦᠯᠢ ᠠᠮᠢᠳᠤᠷᠠᠯ ᠤ᠋ᠨ ᠲᠤᠷᠰᠢ ᠳ᠋ᠤ᠌ ᠬᠣᠣᠷᠲᠠᠢ ᠨᠥᠯᠥᠭᠡ ᠦᠵᠡᠭᠦᠯᠦᠨ᠎ᠡ᠃ ᠵᠢᠷᠮᠦᠰᠦᠨ ᠦᠶ᠎ᠡ ᠳ᠋ᠦ᠍ ᠲᠠᠯᠪᠢᠭᠳᠠᠳᠠᠭ ᠣᠯᠠᠨ ᠱᠠᠭᠠᠷᠳᠠᠭᠳᠠᠬᠤ ᠨᠢᠭᠡ ᠬᠡᠰᠡᠭ ᠨᠢ ᠡᠷ᠎ᠡ ᠡᠮ᠎ᠡ ᠶ᠋ᠢᠨ ᠶᠣᠰᠣᠨ ᠤ᠋ ᠠᠮᠢᠳᠤᠷᠠᠯ ᠲᠠᠢ᠂ ᠨᠥᠭᠦᠭᠡ ᠬᠡᠰᠡᠭ ᠨᠢ ᠴᠥᠭᠡᠨ ᠲᠣᠭᠠᠨ ᠤ᠋ ᠵᠠᠷᠢᠮ 《ᠮᠠᠶᠢᠭ》 ᠤ᠋ᠨ ᠬᠡᠦᠬᠡᠨ ᠨᠦ᠍ᠭᠦᠳ ᠦ᠋ᠨ ᠳᠤᠮᠳᠠ ᠭᠠᠵᠠᠷ ᠠᠪᠤᠭᠰᠠᠨ ᠬᠣᠣᠷᠲᠤ ᠵᠠᠷᠢᠮ ᠵᠤᠷᠰᠢᠯ ᠲᠠᠢ ᠬᠣᠯᠪᠣᠭ᠎ᠠ ᠲᠠᠢ᠃ ᠲᠣᠯᠣᠭᠠᠢ ᠬᠣᠯᠪᠣᠭᠠᠳ ᠲᠡᠳᠦᠢ ᠯᠡ ᠤᠳᠠᠭ᠎ᠠ ᠦᠭᠡᠢ ᠪᠤᠷᠠᠮ ᠰᠠᠷ᠎ᠠ ᠳᠡᠭᠡᠷ᠎ᠡ ᠪᠡᠨ ᠶᠠᠪᠤᠵᠤ ᠪᠠᠢᠬᠤ ᠳ᠋ᠤ᠌ ᠭᠣᠣᠯᠳᠠᠭᠤ ᠵᠢᠷᠮᠦᠰᠦᠨ ᠪᠣᠯᠴᠢᠬᠠᠳᠠᠭ ᠲᠤᠬᠠᠢ ᠳᠡᠭᠡᠷ᠎ᠡ ᠥᠭᠦᠯᠡᠭᠰᠡᠨ᠃ ᠭᠡᠲᠡᠯ᠎ᠡ ᠶᠠᠭ ᠡᠨᠡ ᠦᠶ᠎ᠡ ᠳ᠋ᠦ᠍ ᠵᠠᠯᠠᠭᠤ ᠬᠣᠣᠰ ᠤ᠋ᠨ ᠪᠡᠯᠭᠡ ᠶ᠋ᠢᠨ ᠢᠳᠡᠪᠬᠢ ᠢᠯᠠᠩᠭᠤᠶ᠎ᠠ ᠡᠷ᠎ᠡ ᠨᠥᠬᠥᠷ ᠦ᠋ᠨ ᠬᠢᠨᠢ ᠲᠤᠢᠯ ᠤ᠋ᠨ ᠥᠨᠳᠥᠷ᠃ ᠡᠳᠦᠷ ᠥᠨᠵᠢᠬᠦ ᠦᠭᠡᠢ ᠣᠢᠷᠠᠲᠤᠵᠤ ᠪᠠᠢᠭ᠎ᠠ ᠬᠢᠷᠢ ᠨᠢ ᠰᠠᠯᠤᠮᠠᠷ ᠦᠭᠡᠢ᠂ ᠲᠡᠢᠮᠦ ᠶᠡᠬᠡ ᠬᠦᠰᠡᠯᠡᠩ ᠲᠡᠢ ᠪᠠᠢᠬᠤ ᠦᠶ᠎ᠡ ᠳ᠋ᠦ᠍ ᠵᠢᠷᠮᠦᠰᠦᠨ ᠪᠣᠯᠴᠢᠬᠠᠳᠠᠭ᠃
ᠵᠢᠷᠮᠦᠰᠦᠯᠡᠭᠰᠡᠨ ᠦ᠌ ᠡᠬᠢᠨ ᠦ᠌ 2-3 ᠰᠠᠷ᠎ᠠ ᠣᠢᠷᠠᠲᠤᠬᠤ ᠶ᠋ᠢ ᠬᠠᠲᠠᠭᠤ ᠬᠣᠷᠢᠭᠯᠠᠳᠠᠭ᠃ ᠬᠣᠷᠢᠬᠤ ᠨᠢ ᠬᠡᠴᠡᠭᠦᠦ᠂ ᠬᠣᠷᠢᠬᠤ ᠦᠭᠡᠢ ᠪᠠᠢᠬᠤ ᠴᠦ᠍ ᠬᠡᠴᠡᠭᠦᠦ᠃ ᠢᠩᠭᠢᠵᠦ ᠬᠦᠰᠡᠯ ᠢ᠋ ᠬᠢᠰᠠᠳᠠᠭ ᠬᠣᠷᠸ᠎ᠠ ᠬᠣᠢᠨ᠎ᠠ ᠲᠡᠪᠴᠢᠬᠦ ᠡᠴᠡ ᠠᠷᠭ᠎ᠠ ᠦᠭᠡᠢ ᠪᠣᠯᠤᠨ᠎ᠠ᠃ ᠢᠩᠭᠢᠭᠡᠳ ᠡᠨᠡ ᠬᠤᠭᠤᠴᠠᠭ᠎ᠠ ᠥᠩᠭᠡᠷᠡᠭᠰᠡᠨ ᠦ᠌ ᠳᠠᠷᠠᠭ᠎ᠠ ᠵᠢᠷᠮᠦᠰᠦᠯᠡᠯᠲᠡ ᠶᠠᠮᠠᠷ ᠨᠢᠭᠡ ᠬᠦᠨᠳᠦᠷᠡᠯ ᠦᠭᠡᠢ ᠬᠡᠪ ᠦ᠋ᠨ ᠶᠠᠪᠤᠭᠳᠠᠵᠤ ᠪᠠᠢᠪᠠᠯ ᠣᠢᠷᠠᠲᠤᠬᠤ ᠶ᠋ᠢ ᠬᠣᠷᠢᠬᠤ ᠦᠭᠡᠢ᠃ ᠲᠡᠭᠦᠨ ᠢ᠋ ᠬᠢᠵᠠᠭᠠᠷᠯᠠᠬᠤ ᠯᠠ ᠬᠡᠷᠡᠭᠲᠡᠢ ᠪᠣᠯᠤᠨ᠎ᠠ᠃ ᠡᠨᠡ ᠶᠠᠭᠤ ᠭᠡᠰᠡᠨ ᠦᠭᠡ ᠪᠣᠢ? ᠭᠡᠪᠡᠯ ᠡᠷ᠎ᠡ ᠡᠮ᠎ᠡ ᠶ᠋ᠢᠨ ᠶᠣᠰᠣᠨ ᠢ᠋ ᠵᠢᠷᠮᠦᠰᠦᠨ ᠪᠣᠯᠤᠭ᠎ᠠ ᠦᠭᠡᠢ ᠦᠶ᠎ᠡ ᠶ᠋ᠢᠨ ᠬᠢ ᠰᠢᠭ ᠲᠡᠢᠮᠦ《ᠬᠠᠮᠢᠶ᠎ᠠ ᠦᠭᠡᠢ》 ᠦᠢᠯᠡᠳᠴᠦ ᠪᠣᠯᠬᠤ ᠦᠭᠡᠢ ᠭᠡᠰᠡᠨ ᠦᠭᠡ᠃ ᠵᠢᠷᠮᠦᠰᠦᠨ ᠦᠶ᠎ᠡ ᠶ᠋ᠢᠨ ᠬᠤᠷᠢᠴᠠᠯ ᠢ᠋ ᠪᠣᠯᠭᠣᠮᠵᠢ ᠲᠠᠢ᠂ ᠣᠭᠵᠣᠮ ᠬᠥᠳᠡᠯᠬᠦ ᠦᠭᠡᠢ ᠪᠡᠷ ᠦᠢᠯᠡᠳᠪᠡᠯ ᠵᠣᠬᠢᠨ᠎ᠠ᠃ ᠮᠥᠨ ᠬᠤᠷᠢᠴᠠᠯ ᠤ᠋ᠨ ᠳᠠᠷᠠᠭ᠎ᠠ ᠪᠡᠯᠭᠡ ᠡᠷᠬᠡᠲᠡᠨ ᠢ᠋ᠶ᠋ᠡᠨ ᠤᠬᠢᠶᠠᠵᠤ᠂ ᠪᠡᠯᠭᠡ ᠶ᠋ᠢᠨ ᠠᠷᠢᠭᠤᠨ ᠴᠡᠪᠡᠷ ᠢ᠋ ᠮᠠᠰᠢ ᠰᠠᠢᠨ ᠰᠠᠬᠢᠬᠤ ᠬᠡᠷᠡᠭᠲᠡᠢ᠃ ᠡᠨᠡ ᠦᠶ᠎ᠡ ᠳ᠋ᠦ᠍ ᠡᠬᠡ ᠶ᠋ᠢᠨ ᠬᠡᠪᠡᠯᠢ ᠳ᠋ᠦ᠍ ᠡᠳᠦᠷ ᠡᠴᠡ ᠡᠳᠦᠷ ᠲᠦ᠍ ᠥᠰᠴᠦ ᠲᠣᠮᠣᠷᠠᠵᠤ ᠪᠠᠢᠭ᠎ᠠ ᠤᠷᠤᠭ ᠢ᠋ ᠳᠠᠷᠤᠬᠤ ᠦᠭᠡᠢ ᠲᠡᠢᠮᠦ ᠯᠡ ᠪᠠᠢᠷᠢᠯᠠᠯ ᠢ᠋ ᠰᠣᠩᠭᠣᠨ ᠠᠪᠬᠤ ᠬᠡᠷᠡᠭᠲᠡᠢ᠃ ᠡᠭᠦᠨ ᠦ᠌ ᠲᠤᠯᠠᠳᠠ 《ᠠᠷᠤ ᠠ᠋ᠴᠠ》᠂ 《ᠡᠮᠡᠭᠲᠡᠢ ᠨᠢ ᠳᠡᠭᠡᠷ᠎ᠡ ᠪᠡᠨ》(ᠭᠡᠬᠦ ᠳ᠋ᠡᠭᠡᠨ ᠭᠡᠳᠡᠷᠭᠦ ᠪᠡᠨ ᠬᠠᠷᠠᠵᠤ) 《ᠬᠠᠵᠠᠭᠤ ᠠ᠋ᠴᠠ》 ᠵᠡᠷᠭᠡ ᠪᠠᠢᠷᠢᠯᠠᠯ ᠳ᠋ᠤ᠌ ᠡᠩᠭᠡᠷ ᠵᠥᠷᠢᠭᠦᠯᠬᠦ ᠨᠢ ᠲᠣᠬᠢᠷᠠᠮᠵᠢ ᠲᠠᠢ᠃ ᠮᠠᠨ ᠤ᠋ ᠨᠠᠰᠤᠲᠠᠢᠴᠤᠳ ᠤ᠋ᠨ ᠳᠣᠲᠣᠷ᠎ᠠ《ᠬᠡᠭᠡᠷ᠎ᠡ ᠶ᠋ᠢᠨ ᠭᠠᠯ ᠢ᠋ ᠬᠠᠵᠠᠭᠤ ᠠ᠋ᠴᠠ ᠨᠢ᠂ ᠬᠡᠭᠡᠯᠢ ᠲᠡᠢ ᠪᠦᠰᠡᠭᠦᠢ ᠶ᠋ᠢ ᠠᠷᠤ ᠠ᠋ᠴᠠ ᠨᠢ》 ᠭᠡᠰᠡᠨ ᠶᠠᠷᠢᠶ᠎ᠠ ᠴᠦ᠍ ᠪᠠᠢᠳᠠᠭ ᠰᠢᠦ ᠳᠡ᠃ ᠵᠢᠷᠮᠦᠰᠦᠨ ᠦᠶ᠎ᠡ ᠳ᠋ᠦ᠍ ᠡᠮᠡᠭᠲᠡᠢ ᠶ᠋ᠢᠨ ᠪᠡᠯᠭᠡ ᠶ᠋ᠢᠨ ᠳᠤᠷ᠎ᠠ ᠬᠦᠰᠡᠯ ᠶᠡᠬᠡᠪᠴᠢᠯᠡᠨ ᠪᠠᠭᠤᠷᠠᠳᠠᠭ᠃ ᠲᠡᠢᠮᠦ ᠡᠴᠡ ᠬᠠᠭᠤᠴᠢᠨ ᠰᠢᠭ᠋ ᠢ᠋ᠶ᠋ᠡᠨ ᠡᠷ᠎ᠡ ᠨᠥᠬᠥᠷ ᠲᠡᠭᠡᠨ ᠬᠠᠨᠳᠤᠵᠤ ᠴᠢᠳᠠᠬᠤ ᠦᠭᠡᠢ ᠪᠠᠢᠵᠤ ᠪᠣᠯᠤᠨ᠎ᠠ᠃ ᠡᠭᠦᠨ ᠢ᠋ ᠡᠷᠡᠭᠲᠡᠢ ᠬᠥᠮᠦᠨ ᠵᠥᠪ ᠣᠢᠯᠠᠭᠠᠬᠤ ᠬᠡᠷᠡᠭᠲᠡᠢ᠃ ᠮᠠᠭᠠᠳ ᠦᠭᠡᠢ᠂ ᠡᠭᠦᠨ ᠳ᠋ᠡᠭᠡᠨ ᠡᠬᠡᠨᠡᠷ ᠴᠢᠨᠢ ᠥᠪᠡᠷ ᠲᠡᠭᠡᠨ ᠴᠦ᠍ ᠰᠠᠨᠠᠭ᠎ᠠ ᠵᠣᠪᠠᠵᠤ ᠪᠠᠢᠵᠤ ᠪᠣᠯᠬᠤ᠃ ᠲᠡᠭᠡᠪᠡᠯ ᠲᠠᠢᠪᠤᠰᠢᠷᠠᠭᠤᠯᠵᠤ᠂ ᠰᠡᠳᠬᠢᠯ ᠢ᠋ ᠨᠢ ᠠᠮᠠᠷᠠᠭᠠᠬᠤ ᠬᠡᠷᠡᠭᠲᠡᠢ᠃ ᠭᠡᠪᠡᠴᠦ ᠵᠠᠷᠢᠮ ᠡᠮᠡᠭᠲᠡᠢ ᠬᠥᠮᠦᠨ ᠦ᠌ ᠬᠤᠷᠢᠴᠠᠬᠤ ᠳᠤᠷ᠎ᠠ ᠬᠦᠰᠡᠯ ᠨᠢ ᠵᠢᠷᠮᠦᠰᠦᠨ ᠦᠶ᠎ᠡ ᠳ᠋ᠡᠭᠡᠨ ᠤᠯᠠᠮ ᠶᠡᠬᠡᠰᠴᠦ ᠬᠠᠨᠤᠮᠵᠢ ᠠᠪᠬᠤ ᠨᠢ ᠨᠡᠮᠡᠭᠳᠡᠵᠦ ᠪᠣᠯᠤᠨ᠎ᠠ᠃ ᠡᠨᠡ ᠨᠢ ᠭᠣᠣᠯᠴᠠᠭᠤ ᠬᠡᠦᠬᠡᠳ ᠬᠦᠰᠡᠵᠦ ᠪᠠᠢᠭᠠᠳ ᠵᠢᠷᠮᠦᠰᠦᠨ ᠪᠣᠯᠬᠤ ᠲᠠᠢ ᠬᠣᠯᠪᠣᠭ᠎ᠠ ᠲᠠᠢ ᠪᠠᠢᠳᠠᠭ᠃ ᠵᠢᠷᠮᠦᠰᠦᠨ ᠦ᠌ ᠰᠡᠭᠦᠯ ᠦ᠋ᠨ ᠬᠣᠶᠠᠷ ᠰᠠᠷ᠎ᠠ ᠬᠤᠷᠢᠴᠠᠯ ᠦᠢᠯᠡᠳᠬᠦ ᠶ᠋ᠢ ᠮᠥᠨ ᠯᠡ ᠬᠣᠷᠢᠭᠯᠠᠨ᠎ᠠ᠃ ᠶᠠᠭᠠᠬᠢᠭᠠᠳ ᠭᠡᠪᠡᠯ ᠡᠨᠡ ᠦᠶ᠎ᠡ ᠳ᠋ᠦ᠍ ᠬᠤᠷᠢᠴᠠᠯ ᠦᠢᠯᠡᠳᠪᠡᠯ ᠡᠬᠡᠰ ᠬᠣᠪᠬᠣᠷᠠᠬᠤ᠂ ᠤᠰᠤ ᠡᠷᠲᠡ ᠭᠠᠷᠬᠤ ᠵᠡᠷᠭᠡ ᠠᠶᠤᠯᠲᠠᠢ᠃ ᠡᠳᠡᠭᠡᠷ ᠨᠢ ᠬᠡᠦᠬᠡᠳ ᠲᠡᠳᠦᠢ ᠦᠭᠡᠢ ᠡᠬᠡ ᠶ᠋ᠢᠨ ᠠᠮᠢ ᠨᠠᠰᠤᠨ ᠳ᠋ᠤ᠌ ᠴᠦ᠍ ᠭᠡᠰᠡᠨ ᠲᠤᠢᠯ ᠤ᠋ᠨ ᠶᠡᠬᠡ ᠠᠶᠤᠯ ᠲᠠᠢ᠂ ᠡᠢᠮᠦ ᠡᠴᠡ ᠲᠣᠭᠣᠭ᠎ᠠ ᠰᠢᠭ᠋ ᠲᠣᠮᠣ ᠭᠡᠳᠡᠰᠦ ᠲᠡᠢ ᠬᠠᠨᠢ ᠪᠠᠨ ᠠᠮᠤᠷ ᠵᠠᠶᠠᠭ᠎ᠠ ᠦᠵᠡᠭᠦᠯᠬᠦ ᠦᠭᠡᠢ ᠵᠣᠪᠠᠭᠠᠭᠠᠳ ᠪᠠᠢᠬᠤ ᠬᠡᠷᠡᠭ ᠦᠭᠡᠢ᠃ ᠵᠢᠷᠮᠦᠰᠦᠨ ᠦᠶ᠎ᠡ ᠳ᠋ᠦ᠍ ᠠᠵᠢᠯ ᠠᠮᠠᠷᠠᠯᠲᠠ ᠶ᠋ᠢᠨ ᠳᠢᠭᠯᠢᠮ ᠢ᠋ ᠰᠠᠢᠲᠤᠷ ᠰᠠᠬᠢᠬᠤ ᠬᠡᠷᠡᠭᠲᠡᠢ᠃ ᠡᠨᠡ ᠶᠠᠭᠤ ᠭᠡᠰᠡᠨ ᠦᠭᠡ ᠪᠣᠢ ᠭᠡᠪᠡᠯ ᠵᠢᠷᠮᠦᠰᠦᠨ ᠭᠡᠳ ᠶᠠᠮᠠᠷ ᠴᠦ᠍ ᠠᠵᠢᠯ ᠬᠢᠬᠦ ᠦᠭᠡᠢ ᠣᠭᠲᠣ ᠬᠥᠳᠡᠯᠬᠦ ᠪᠡᠨ ᠪᠣᠯᠢᠬᠤ᠂ ᠡᠰᠡᠪᠡᠯ ᠬᠥᠳᠡᠯᠵᠦ ᠪᠠᠷᠢᠬᠤ ᠬᠡᠷᠡᠭᠲᠡᠢ ᠭᠡᠳ ᠭᠡᠷ ᠣᠷᠣᠨ ᠤ᠋ ᠬᠠᠷ᠎ᠠ ᠪᠣᠷᠣ ᠬᠠᠮᠤᠭ ᠠᠵᠢᠯ ᠢ᠋ ᠨᠤᠭᠤᠯᠬᠤ ᠶ᠋ᠢᠨ ᠠᠯᠢ ᠠᠯᠢ ᠨᠢ ᠪᠠᠢᠵᠤ ᠪᠣᠯᠬᠤ ᠦᠭᠡᠢ ᠭᠡᠰᠡᠨ ᠦᠭᠡ᠃ ᠬᠢᠷᠢ ᠳ᠋ᠡᠭᠡᠨ ᠲᠠᠭᠠᠷᠠᠭᠰᠠᠨ ᠠᠵᠢᠯ ᠬᠢᠬᠦ ᠨᠢ ᠴᠢᠰᠤᠨ ᠡᠷᠭᠢᠯᠲᠡ ᠶ᠋ᠢ ᠰᠠᠢᠵᠢᠷᠠᠭᠤᠯᠵᠤ ᠡᠬᠡ ᠬᠡᠦᠬᠡᠳ ᠦ᠋ᠨ ᠠᠯᠢ ᠠᠯᠢᠨ ᠳ᠋ᠤᠨᠢ ᠰᠠᠢᠨ ᠢ᠋ᠶ᠋ᠠᠷ ᠨᠥᠯᠥᠭᠡᠯᠡᠨ᠎ᠡ᠃
ᠵᠢᠷᠮᠦᠰᠦᠨ ᠦᠶ᠎ᠡ ᠳ᠋ᠡᠭᠡᠨ ᠠᠷᠢᠬᠢ ᠲᠠᠮᠠᠬᠢ ᠬᠡᠷᠡᠭᠯᠡᠬᠦ᠂ ᠡᠮᠴᠢ ᠶ᠋ᠢᠨ ᠵᠥᠪᠰᠢᠶᠡᠷᠡᠯ ᠦᠭᠡᠢ ᠪᠡᠷ ᠡᠰᠡᠨ ᠪᠣᠰᠤᠨ ᠡᠮ ᠢ᠋ ᠳᠤᠷ᠎ᠠ ᠪᠠᠷ ᠢ᠋ᠶ᠋ᠠᠨ ᠤᠤᠭᠤᠬᠤ ᠶ᠋ᠢᠨ ᠬᠣᠣᠷ ᠬᠣᠯᠪᠣᠭᠳᠠᠯ ᠢ᠋ ᠣᠳᠣ ᠪᠠᠷᠤᠭ ᠪᠦᠬᠦ ᠬᠥᠮᠦᠨ ᠮᠡᠳᠡᠳᠡᠭ ᠪᠣᠯᠤᠭᠰᠠᠨ ᠤᠴᠢᠷ ᠠ᠋ᠴᠠ ᠡᠨᠳᠡ ᠨᠤᠷᠱᠤᠭᠠᠳ ᠶᠠᠭᠠᠬᠢᠬᠤᠪ᠃ ᠡᠢᠨᠬᠦ ᠡᠷᠡᠭᠦᠯ ᠴᠢᠬᠢᠷᠠᠭ ᠬᠡᠦᠬᠡᠳ ᠲᠥᠷᠥᠭᠦᠯᠬᠦ ᠳ᠋ᠦ᠍ ᠡᠬᠡ ᠬᠥᠮᠦᠨ ᠡᠴᠡ ᠶᠡᠬᠡ ᠵᠦᠢᠯ ᠰᠢᠯᠲᠠᠭᠠᠯᠠᠨ᠎ᠠ ᠭᠡᠳᠡᠭ ᠢ᠋ ᠬᠡᠯᠡᠬᠦ ᠭᠡᠰᠡᠨ ᠶᠦᠮ᠃ ᠵᠢᠷᠮᠦᠰᠦᠨ ᠦᠶ᠎ᠡ ᠳ᠋ᠦ᠍ ᠰᠦ᠂ ᠲᠠᠷᠠᠭ᠂ ᠠᠭᠠᠷᠤᠤᠯ᠂ ᠡᠭᠡᠵᠡᠭᠡᠢ᠂ ᠬᠣᠭᠣᠷᠮᠠᠭ᠂ ᠥᠨᠳᠡᠭᠡ᠂ ᠮᠢᠬ᠎ᠠ᠂ ᠤᠷᠭᠤᠮᠠᠯ ᠤ᠋ᠨ ᠲᠣᠰᠣ᠂ ᠰᠢᠨ᠎ᠡ ᠨᠣᠭᠣᠭ᠎ᠠ᠂ ᠵᠢᠮᠢᠰ᠂ ᠵᠢᠮᠢᠰᠬᠡᠨ᠎ᠡ ᠶ᠋ᠢ ᠬᠣᠭᠣᠯᠠᠨ ᠳ᠋ᠠᠭᠠᠨ ᠥᠷᠭᠡᠨ ᠬᠡᠷᠡᠭᠯᠡᠬᠦ ᠨᠢ ᠠᠰᠢᠭᠲᠠᠢ᠃ ᠬᠠᠷᠢᠨ ᠴᠠᠷᠳᠠᠭᠤᠯ ᠶᠡᠬᠡᠲᠡᠢ ᠬᠣᠭᠣᠯᠠ ᠬᠦᠨᠡᠰᠦ( ᠲᠥᠮᠥᠰᠥ᠂ ᠲᠠᠯᠬ᠎ᠠ ᠭᠡᠬᠦ ᠮᠡᠲᠦ) ᠬᠡᠳᠦ ᠶᠡᠬᠡ ᠬᠡᠷᠡᠭᠯᠡᠬᠦ ᠡᠴᠡ ᠵᠠᠢᠯᠠᠰᠬᠢ᠃ ᠡᠪᠦᠯ ᠬᠠᠪᠤᠷ ᠤ᠋ᠨ ᠤᠯᠠᠷᠢᠯ ᠳ᠋ᠤ᠌ ᠸᠢᠲ᠋ᠠᠮᠢᠨ ᠳᠤᠲᠠᠭᠳᠠᠳᠠᠭ ᠤᠴᠢᠷ ᠠ᠋ᠴᠠгендевит.суммавит.декамевит ᠵᠡᠷᠭᠡ ᠸᠢᠲ᠋ᠠᠮᠢᠨ ᠢ᠋ ᠡᠳᠦᠷ ᠲᠦ᠍3-4 ᠶ᠋ᠢ ᠤᠤᠭᠤᠬᠤ ᠨᠢ ᠠᠰᠢᠭᠲᠠᠢ᠃ ᠬᠠᠯᠠᠭᠤᠨ ᠨᠣᠭᠣᠭ᠎ᠠ᠂ ᠳᠠᠪᠤᠰᠤ᠂ ᠽᠣᠤ ᠵᠡᠷᠭᠡ ᠶ᠋ᠢ ᠬᠣᠭᠣᠯᠠᠨ ᠳ᠋ᠠᠭᠠᠨ ᠪᠠᠭ᠎ᠠ ᠬᠡᠷᠡᠭᠯᠡᠬᠦ ᠬᠡᠷᠡᠭᠲᠡᠢ᠃ ᠡᠳᠡᠭᠡᠷ ᠨᠢ ᠵᠢᠷᠮᠦᠰᠦᠨ ᠡᠮᠡᠭᠲᠡᠢ ᠶ᠋ᠢᠨ ᠪᠥᠭᠡᠷ᠎ᠡ᠂ ᠡᠯᠢᠭᠡᠨ ᠳ᠋ᠦ᠍ ᠠᠴᠢᠶᠠᠯᠠᠯ ᠢ᠋ ᠨᠡᠮᠡᠭᠳᠡᠭᠦᠯᠵᠦ ᠬᠠᠪᠤᠩ ᠡᠭᠦᠰᠬᠡᠵᠦ ᠪᠣᠯᠤᠨ᠎ᠠ᠃ ᠵᠢᠷᠮᠦᠰᠦᠨ ᠦᠶ᠎ᠡ ᠳ᠋ᠦ᠍ ᠣᠢᠷ᠎ᠠ ᠵᠠᠭᠤᠷ᠎ᠠ ᠶ᠋ᠢᠨ ᠪᠡᠶ᠎ᠡ ᠶ᠋ᠢᠨ ᠬᠦᠴᠦᠨ ᠦ᠌ ᠳᠠᠰᠬᠠᠯ ᠰᠤᠷᠭᠠᠭᠤᠯᠢ ᠬᠢᠬᠦ ᠨᠢ ᠪᠡᠶ᠎ᠡ ᠮᠠᠬᠠᠪᠣᠳ ᠢ᠋ ᠪᠡᠬᠢᠵᠢᠭᠦᠯᠵᠦ ᠲᠥᠷᠥᠬᠦ ᠦᠶ᠎ᠡ ᠳ᠋ᠦ᠍ ᠬᠢᠷᠵᠠᠩ ᠤᠷᠠᠭᠳᠠᠬᠤ ᠠ᠋ᠴᠠ ᠰᠡᠷᠭᠡᠢᠯᠡᠬᠦ ᠲᠤᠰᠠᠲᠠᠢ᠃ ᠡᠳᠦᠷ ᠪᠣᠯᠭᠠᠨ ᠬᠣᠶᠠᠷ ᠠ᠋ᠴᠠ ᠳᠣᠭᠣᠭᠰᠢ ᠦᠭᠡᠢ ᠴᠠᠭ ᠶᠠᠪᠠᠭᠠᠨ ᠶᠠᠪᠤᠬᠤ ᠳ᠋ᠤ᠌ ᠬᠠᠩᠭᠠᠯᠲᠠᠲᠠᠢ ᠪᠡᠶ᠎ᠡ ᠶ᠋ᠢᠨ ᠬᠦᠴᠦᠨ ᠦ᠌ ᠳᠠᠰᠬᠠᠯ ᠪᠣᠯᠤᠨ᠎ᠠ᠃ ᠡᠮᠡᠭᠲᠡᠢ ᠬᠥᠮᠦᠨ ᠦ᠌ ᠰᠡᠳᠬᠢᠯ ᠰᠠᠨᠠᠭ᠎ᠠ ᠵᠢᠷᠮᠦᠰᠦᠨ ᠦᠶ᠎ᠡ ᠳ᠋ᠡᠭᠡᠨ ᠶᠠᠮᠠᠷ ᠪᠠᠢᠬᠤ ᠠ᠋ᠴᠠ ᠭᠠᠷᠬᠤ ᠬᠡᠦᠬᠡᠳ ᠦ᠋ᠨ ᠡᠷᠡᠭᠦᠯ ᠮᠡᠨᠳᠦ ᠪᠠᠰᠠ ᠶᠡᠬᠡ ᠰᠢᠯᠲᠠᠭᠠᠯᠠᠨ᠎ᠠ᠃ ᠦᠷᠭᠦᠯᠵᠢ ᠶ᠋ᠢᠨ ᠰᠡᠳᠬᠢᠯ ᠰᠠᠨᠠᠭᠠᠨ ᠤ᠋ ᠳᠠᠷᠤᠯᠲᠠ ᠲᠠᠢ ᠪᠠᠢᠬᠤ ᠳ᠋ᠤ᠌᠂ ᠭᠠᠷᠤᠭᠰᠠᠨ ᠬᠡᠦᠬᠡᠳ ᠡᠪᠡᠳᠬᠦ ᠨᠢ ᠶᠡᠬᠡ᠂ ᠥᠰᠦᠯᠲᠡ ᠪᠣᠢᠵᠢᠯᠲᠠ ᠨᠢ ᠰᠤᠯᠠ ᠳᠣᠷᠣᠢ ᠪᠠᠢᠳᠠᠭ᠃ ᠬᠡᠦᠬᠡᠳ ᠢ᠋ᠶ᠋ᠡᠨ ᠭᠠᠷᠭᠠᠬᠤ ᠶ᠋ᠢ ᠳᠠᠰᠤᠨ ᠶᠠᠳᠠᠨ ᠬᠦᠯᠢᠶᠡᠵᠦ᠂ ᠳᠥᠷᠥᠭᠡ ᠦᠭᠡᠢ ᠪᠠᠢᠬᠤ ᠳ᠋ᠤᠨᠢ ᠬᠠᠢᠷ᠎ᠠ ᠬᠦᠷᠴᠦ ᠲᠥᠷᠥᠭᠰᠡᠨ ᠡᠬᠡ ᠡᠴᠡ ᠡᠷᠡᠭᠦᠯ ᠰᠠᠷᠠᠭᠤᠯ ᠪᠡᠶ᠎ᠡ ᠰᠠᠢᠲᠠᠢ ᠬᠡᠦᠬᠡᠳ ᠲᠥᠷᠥᠬᠦ ᠨᠢ ᠣᠯᠠᠨᠲᠠᠢ᠃ ᠬᠡᠦᠬᠡᠳ ᠲᠥᠷᠥᠭᠰᠡᠨ ᠢ᠋ᠶ᠋ᠡᠷ ᠡᠬᠡ ᠬᠡᠦᠬᠡᠳ ᠦ᠋ᠨ ᠰᠡᠳᠬᠢᠯ ᠦ᠋ᠨ ᠬᠣᠯᠪᠣᠭ᠎ᠠ ᠤᠯᠠᠮ ᠪᠡᠬᠢᠵᠢᠵᠦ ᠬᠥᠭᠵᠢᠨ᠎ᠡ᠃ ᠵᠢᠷᠮᠦᠰᠦᠨ ᠡᠮᠡᠭᠲᠡᠢ ᠶ᠋ᠢᠨ ᠰᠣᠨᠢᠷᠬᠠᠳᠠᠭ ᠨᠢᠭᠡ ᠠᠰᠠᠭᠤᠯᠲᠠ ᠪᠣᠯ《 ᠬᠡᠵᠢᠶ᠎ᠡ ᠲᠥᠷᠥᠬᠦ ᠪᠣᠯ》 ᠭᠡᠰᠡᠨ ᠠᠰᠠᠭᠤᠯᠲᠠ ᠪᠢᠯᠡ᠃ ᠶᠠᠭ ᠬᠡᠳᠦᠢ ᠳ᠋ᠦ᠍ ᠲᠥᠷᠥᠬᠦ ᠶ᠋ᠢ ᠲᠣᠭᠲᠠᠭᠠᠨ ᠬᠡᠯᠡᠬᠦ ᠳ᠋ᠦ᠍ ᠠᠮᠠᠷ ᠦᠭᠡᠢ ᠪᠠᠢᠳᠠᠭ᠃ ᠭᠡᠬᠦ ᠳ᠋ᠡᠭᠡᠨ ᠲᠥᠷᠥᠬᠦ ᠬᠤᠭᠤᠴᠠᠭ᠎ᠠ ᠡᠮᠴᠢ ᠶ᠋ᠢᠨ ᠬᠡᠯᠡᠭᠰᠡᠨ ᠡᠴᠡ ᠬᠣᠶᠠᠷ ᠳᠣᠯᠣᠭ᠎ᠠ ᠬᠣᠨᠣᠭ ᠨᠠᠭᠠᠨ᠎ᠠ ᠴᠠᠭᠠᠨ᠎ᠠ ᠪᠠᠢᠬᠤ ᠪᠣᠯ ᠬᠡᠪ ᠦ᠋ᠨ ᠦᠵᠡᠭᠳᠡᠯ᠃ ᠲᠥᠷᠥᠬᠦ ᠬᠤᠭᠤᠴᠠᠭ᠎ᠠ ᠶ᠋ᠢ ᠲᠣᠭᠲᠠᠭᠠᠬᠤ ᠳ᠋ᠠᠭᠠᠨ ᠦᠷ᠎ᠡ ᠲᠣᠭᠲᠠᠭᠰᠠᠨ ᠪᠠᠢᠵᠤ ᠪᠣᠯᠵᠣᠰᠢ ᠦᠭᠡᠢ ᠡᠳᠦᠷ ᠡᠴᠡ ᠤᠷᠤᠭᠰᠢ 3 ᠰᠠᠷ᠎ᠠ ᠲᠣᠭᠠᠯᠠᠳᠠᠭ᠃ ᠬᠡᠷᠪᠡ ᠰᠡᠭᠦᠯ ᠦ᠋ᠨ ᠰᠠᠷ᠎ᠠ ᠶ᠋ᠢᠨ ᠲᠡᠮᠳᠡᠭ ᠢᠷᠡᠭᠰᠡᠨ ᠡᠬᠢᠨ ᠦ᠌ ᠡᠳᠦᠷ ᠡᠴᠡ ᠲᠣᠭᠠᠯᠠᠪᠠᠯ ᠲᠡᠭᠦᠨ ᠡᠴᠡ ᠤᠷᠤᠭᠰᠢ3 ᠰᠠᠷ᠎ᠠ ᠲᠣᠭᠠᠯᠠᠵᠤ7 ᠶ᠋ᠢ ᠨᠡᠮᠡᠨ᠎ᠡ᠃ ᠢᠩᠭᠢᠬᠦ ᠳ᠋ᠦ᠍ ᠬᠡᠳᠦᠢ ᠳ᠋ᠦ᠍ ᠲᠥᠷᠥᠬᠦ ᠪᠣᠢ ᠭᠡᠳᠡᠭ ᠬᠤᠭᠤᠴᠠᠭ᠎ᠠ ᠭᠠᠷᠤᠨ᠎ᠠ᠃ ᠵᠢᠰᠢᠶ᠎ᠠ ᠨᠢ᠄ ᠰᠡᠭᠦᠯ ᠰᠠᠷ᠎ᠠ ᠶ᠋ᠢᠨ ᠲᠡᠮᠳᠡᠭ7 ᠳ᠋ᠤᠭᠠᠷ ᠰᠠᠷ᠎ᠠ ᠶ᠋ᠢᠨ ᠭᠤᠷᠪᠠᠨ ᠳ᠋ᠤ᠌ ᠢᠷᠡᠭᠰᠡᠨ ᠪᠣᠯ ᠣᠷᠣᠭᠰᠢ ᠪᠠᠨ3 ᠰᠠᠷ᠎ᠠ ᠲᠣᠭᠠᠯᠠᠬᠤ ᠳ᠋ᠤ᠌4 ᠳ᠋ᠦ᠍ᠭᠡᠷ ᠰᠠᠷ᠎ᠠ ᠶ᠋ᠢᠨ3 ᠪᠣᠯᠤᠨ᠎ᠠ᠃ ᠡᠭᠦᠨ ᠳᠡᠭᠡᠷ᠎ᠡ7 ᠶ᠋ᠢ ᠨᠡᠮᠡᠬᠦ ᠳ᠋ᠦ᠍4 ᠳ᠋ᠦ᠍ᠭᠡᠷ ᠰᠠᠷ᠎ᠠ ᠶ᠋ᠢᠨ10 ᠪᠣᠯᠤᠨ᠎ᠠ᠃ ᠥᠭᠡᠷ᠎ᠡ ᠪᠡᠷ ᠬᠡᠯᠡᠪᠡᠯ᠄4 ᠳ᠋ᠦ᠍ᠭᠡᠷ ᠰᠠᠷ᠎ᠠ ᠶ᠋ᠢᠨ10 ᠤ᠋ ᠬᠠᠪᠢᠴᠠᠭ᠎ᠠ ᠲᠠ ᠲᠥᠷᠥᠬᠦ ᠨᠢ ᠭᠡᠰᠡᠨ ᠦᠭᠡ᠃ ᠢᠷᠡᠭᠡᠳᠦᠢ ᠶ᠋ᠢᠨ ᠡᠴᠢᠭᠡ ᠡᠬᠡᠴᠦᠳ ᠦ᠋ᠨ ᠰᠡᠳᠬᠢᠯ ᠢ᠋ ᠬᠥᠳᠡᠯᠭᠡᠳᠡᠭ ᠥᠭᠡᠷ᠎ᠡ ᠨᠢᠭᠡ ᠠᠰᠠᠭᠤᠯᠲᠠ ᠪᠣᠯ ᠭᠠᠷᠬᠤ ᠬᠡᠦᠬᠡᠳ ᠦ᠋ᠨ ᠬᠦᠢᠰᠦ ᠶᠦᠮ᠃ ᠡᠨᠡ ᠨᠢ ᠥᠭᠡᠷ᠎ᠡ ᠪᠡᠷ ᠬᠡᠯᠡᠪᠡᠯ᠂ ᠬᠦᠦ᠂ ᠥᠬᠢᠨ ᠦ᠌ ᠠᠯᠢ ᠨᠢ ᠭᠠᠷᠬᠤ ᠨᠢ ᠡᠬᠡ ᠶ᠋ᠢᠨХ ᠬᠣᠷᠣᠮᠣᠰᠤᠮ ᠲᠠᠢ ᠥᠨᠳᠡᠭᠡᠨ ᠡᠰ ᠡᠴᠢᠭᠡ ᠶ᠋ᠢᠨ ᠶᠠᠮᠠᠷ ᠬᠣᠷᠣᠮᠣᠰᠤᠮ ᠲᠠᠢ ᠤᠴᠠᠷᠠᠭᠰᠠᠨ ᠠ᠋ᠴᠠ ᠰᠢᠯᠲᠠᠭᠠᠯᠠᠨ᠎ᠠ᠃ ᠬᠡᠷᠪᠡ ᠡᠬᠡ ᠶ᠋ᠢᠨХ ᠬᠣᠷᠣᠮᠣᠰᠤᠮ ᠲᠠᠢ ᠥᠨᠳᠡᠭᠡᠨ ᠡᠰ ᠡᠴᠢᠭᠡ ᠶ᠋ᠢᠨ ᠮᠥᠨХ ᠬᠣᠷᠣᠮᠣᠰᠤᠮ ᠲᠠᠢ ᠨᠡᠢᠯᠡᠭᠰᠡᠨ ᠪᠣᠯ ᠥᠬᠢᠨ ᠭᠠᠷᠤᠨ᠎ᠠ᠃ ᠬᠠᠷᠢᠨ ᠡᠴᠢᠭᠡ ᠶ᠋ᠢᠨУ ᠬᠣᠷᠣᠮᠣᠰᠤᠮ ᠲᠠᠢ ᠨᠡᠢᠯᠡᠪᠡᠯ ᠬᠦᠦ ᠭᠠᠷᠤᠨ᠎ᠠ᠃ ᠥᠭᠡᠷ᠎ᠡ ᠪᠡᠷ ᠬᠡᠯᠡᠪᠡᠯ᠂ ᠡᠷ᠎ᠡ ᠬᠦᠢᠰᠦ ᠲᠣᠳᠣᠷᠬᠠᠢᠯᠠᠳᠠᠭУ ᠬᠣᠷᠣᠮᠣᠰᠤᠮ ᠭᠠᠭᠴᠠᠬᠦ ᠡᠷ᠎ᠡ ᠬᠥᠮᠦᠨ ᠳ᠋ᠦ᠍ ᠯᠡ ᠪᠠᠢᠨ᠎ᠠ᠃ ᠡᠮᠡᠭᠲᠡᠢ ᠬᠥᠮᠦᠨ ᠦ᠌ ᠪᠡᠯᠭᠡ ᠶ᠋ᠢᠨ ᠡᠰ ᠬᠣᠶᠠᠷ ᠢᠵᠢᠯХ ᠬᠣᠷᠣᠮᠣᠰᠤᠮ ᠲᠠᠢ ᠪᠠᠢᠳᠠᠭ᠃ ᠵᠠᠷᠢᠮ ᠠᠢᠯ ᠠ᠋ᠴᠠ ᠲᠠᠩᠳᠠ ᠬᠦᠦ ᠭᠠᠷᠤᠭᠠᠳ ᠪᠠᠢᠬᠤ ᠳ᠋ᠤ᠌ ᠵᠠᠷᠢᠮ ᠠᠢᠯ ᠠ᠋ᠴᠠ ᠲᠠᠩᠳᠠ ᠥᠬᠢᠨ ᠴᠤᠪᠤᠳᠠᠭ᠃ ᠡᠭᠦᠨ ᠦ᠌ ᠨᠢᠭᠤᠴᠠ ᠶᠠᠭᠤᠨ ᠳ᠋ᠤ᠌ ᠣᠷᠣᠰᠢᠨ᠎ᠠ ᠪᠣᠢ? ᠭᠡᠵᠦ ᠬᠥᠮᠦᠨ ᠪᠦᠬᠦᠨ ᠠᠰᠠᠭᠤᠬᠤ ᠨᠢ ᠯᠠᠪᠲᠠᠢ᠃ ᠡᠭᠦᠨ ᠢ᠋ ᠲᠠᠢᠯᠪᠤᠷᠢᠯᠠᠭᠰᠠᠨ ᠶᠠᠩᠵᠤ ᠶᠠᠩᠵᠤ ᠶ᠋ᠢᠨ ᠲᠠᠭᠠᠮᠠᠭᠯᠠᠯ ᠳ᠋ᠦᠩᠨᠡᠯᠲᠡ ᠪᠣᠢ᠃ ᠡᠴᠢᠭᠡ ᠡᠬᠡ ᠨᠢ ᠵᠠᠯᠠᠭᠤ ᠪᠠᠢᠬᠤ ᠲᠣᠰᠤᠮ ᠬᠦᠦ ᠣᠯᠠᠨ ᠲᠥᠷᠥᠨ᠎ᠡ᠃ ᠡᠬᠡ ᠨᠢ ᠴᠥᠭᠡᠨ ᠤᠳᠠᠭ᠎ᠠ ᠠᠮᠤᠷᠵᠢᠪᠠᠯ ᠭᠣᠣᠯᠳᠠᠭᠤ ᠬᠦᠦ ᠣᠯᠠᠨ ᠤᠳᠠᠭ᠎ᠠ ᠠᠮᠤᠷᠵᠢᠪᠠᠯ ᠭᠣᠣᠯᠳᠠᠭᠤ ᠥᠬᠢᠨ ᠲᠥᠷᠥᠨ᠎ᠡ᠃ ᠲᠡᠭᠦᠨᠴᠢᠯᠡᠨ ᠳᠠᠪᠤᠰᠤ ᠶᠡᠬᠡᠲᠡᠢ ᠬᠣᠭᠣᠯᠠ ᠤᠮᠳᠠ᠂ ᠳᠠᠪᠤᠰᠤᠯᠠᠭᠰᠠᠨ ᠪᠢᠰᠢᠯᠠᠭ᠂ ᠬᠢᠮ᠎ᠠ᠂ ᠵᠠᠢᠳᠠᠰᠤ᠂ ᠭᠠᠬᠠᠢ ᠶ᠋ᠢᠨ ᠱᠣᠷᠪᠣᠭ ᠮᠢᠬ᠎ᠠ᠂ ᠺᠣᠹᠧ᠂ ᠴᠠᠢ ᠶᠡᠬᠡ ᠬᠡᠷᠡᠭᠯᠡᠭᠰᠡᠨ ᠡᠬᠡ ᠡᠴᠡ ᠭᠣᠣᠯᠳᠠᠭᠤ ᠬᠦᠦ ᠲᠥᠷᠥᠨ᠎ᠡ᠂ ᠬᠠᠷᠢᠨ ᠳᠠᠪᠤᠰᠤ ᠪᠠᠭᠠᠲᠠᠢ ᠬᠣᠭᠣᠯᠠ ᠤᠮᠳᠠ᠂ ᠥᠨᠳᠡᠭᠡ᠂ ᠰᠦ ᠵᠡᠷᠭᠡ ᠺᠠᠯᠼ ᠶᠡᠬᠡᠲᠡᠢ ᠬᠣᠭᠣᠯᠠ ᠶᠡᠬᠡ ᠬᠡᠷᠡᠭᠯᠡᠪᠡᠯ ᠭᠣᠣᠯᠳᠠᠭᠤ ᠥᠬᠢᠨ ᠲᠥᠷᠥᠨ᠎ᠡ ᠭᠡᠵᠡᠭᠡᠳᠡᠭ᠃ ᠮᠥᠨ ᠬᠥᠮᠦᠨ ᠦ᠌ ᠴᠢᠰᠤ ᠳᠥᠷᠪᠡᠨ4 ᠵᠢᠯ ᠳᠣᠳᠣᠮ ᠳ᠋ᠤ᠌ ᠰᠢᠨᠡᠴᠢᠯᠡᠭᠳᠡᠳᠡᠭ ᠪᠥᠭᠡᠳ ᠡᠴᠢᠭᠡ ᠶ᠋ᠢᠨ ᠴᠢᠰᠤ ᠰᠢᠨᠡᠴᠢᠯᠡᠭᠳᠡᠵᠦ ᠪᠠᠢᠭ᠎ᠠ ᠦᠶ᠎ᠡ ᠳ᠋ᠦ᠍ ᠣᠯᠳᠠᠭᠰᠠᠨ ᠬᠡᠦᠬᠡᠳ ᠬᠦᠦ᠂ ᠡᠬᠡ ᠶ᠋ᠢᠨ ᠴᠢᠰᠤ ᠰᠢᠨ᠎ᠡ ᠪᠡᠷ ᠰᠣᠯᠢᠭᠳᠠᠭᠰᠠᠨ ᠦᠶ᠎ᠡ ᠳ᠋ᠦ᠍ ᠣᠯᠳᠠᠭᠰᠠᠨ ᠬᠡᠦᠬᠡᠳ ᠥᠬᠢᠨ ᠪᠠᠢᠨ᠎ᠠ ᠭᠡᠰᠡᠨ ᠶᠠᠷᠢᠶ᠎ᠠ ᠴᠦ᠍ ᠪᠣᠢ᠃ ᠪᠠᠰᠠ ᠪᠡᠯᠭᠡ ᠶ᠋ᠢᠨ ᠴᠢᠯᠬ᠎ᠠ ᠰᠠᠢᠲᠠᠢ ᠡᠷᠡᠴᠦᠳ ᠡᠴᠡ ᠭᠣᠣᠯᠳᠠᠭᠤ ᠬᠦᠦ ᠭᠠᠷᠳᠠᠭ ᠭᠡᠨᠡᠮ᠃ ᠬᠠᠯᠵᠠᠨ ᠡᠷ᠎ᠡ ᠡᠴᠡ ᠬᠦᠦ ᠭᠠᠷᠬᠤ ᠳᠤᠷᠠᠲᠠᠢ ᠭᠡᠨ᠎ᠡ᠃ ᠭᠡᠪᠡᠴᠦ ᠡᠳᠡᠭᠡᠷ ᠨᠢ ᠦᠨᠡᠨ ᠬᠤᠳᠠᠯ ᠢ᠋ ᠬᠡᠨ ᠮᠡᠳᠡᠯ᠎ᠡ᠃ ᠳᠠᠭᠠᠪᠤᠷᠢ ᠪᠣᠯᠭᠠᠨ ᠲᠠᠢᠯᠤᠭᠳᠠᠬᠤ ᠦᠭᠡᠢ᠃ ᠲᠡᠭᠡᠬᠦ ᠪᠡᠷ ᠰᠢᠨᠵᠢᠯᠡᠬᠦ ᠤᠬᠠᠭᠠᠨ ᠨᠢᠭᠤᠴᠠ ᠶ᠋ᠢ ᠨᠢ ᠲᠠᠢᠯᠵᠤ ᠴᠢᠳᠠᠭ᠎ᠠ ᠦᠭᠡᠢ ᠪᠣᠯ ᠬᠤᠳᠠᠯ ᠭᠡᠵᠦ ᠪᠣᠯᠬᠤ ᠦᠭᠡᠢ᠃ ᠪᠠᠰᠠ ᠲᠡᠭᠦᠨ ᠳ᠋ᠦ᠍ ᠰᠣᠬᠣᠷ ᠢ᠋ᠶ᠋ᠠᠷ ᠪᠦᠷᠢᠨ ᠢᠲᠡᠭᠡᠵᠦ ᠪᠣᠯᠬᠤ ᠦᠭᠡᠢ ᠪᠠᠢᠬᠤ᠃ ᠶᠠᠮᠠᠷ ᠴᠦ᠍ ᠠᠲᠤᠭᠠᠢ ᠦᠨᠡᠨ ᠦ᠌ ᠬᠤᠪᠢ ᠶᠠᠮᠠᠷ ᠨᠢᠭᠡᠨ ᠬᠡᠮᠵᠢᠶ᠎ᠡ ᠪᠡᠷ ᠪᠣᠢ ᠶ᠋ᠢ ᠬᠦᠯᠢᠶᠡᠨ ᠵᠥᠪᠰᠢᠶᠡᠷᠡᠬᠦ ᠬᠡᠷᠡᠭᠲᠡᠢ᠃
ᠠᠨᠠᠭᠠᠬᠤ ᠤᠬᠠᠭᠠᠨ ᠤ᠋ ᠳᠥᠷᠪᠡᠨ ᠦᠨᠳᠦᠰᠦᠨ ᠳᠡᠳ᠋ ᠳᠡᠪᠲᠡᠷ ᠦ᠋ᠨ《ᠲᠣᠭᠲᠠᠬᠤ ᠶᠣᠰᠣᠨ》 ᠤ᠋ ᠪᠦᠯᠦᠭ ᠲᠦ᠍᠄《᠁ ᠰᠠᠷ᠎ᠠ ᠶ᠋ᠢᠨ ᠭᠬᠢᠷ ᠲᠡᠭᠦᠰᠪᠡᠰᠦ ᠬᠤᠷᠢᠴᠠᠯ ᠤ᠋ᠨ ᠰᠡᠳᠬᠢᠯ ᠡᠭᠦᠰᠦᠨ᠎ᠡ᠃ ᠤᠮᠠᠢ ᠶ᠋ᠢᠨ ᠡᠭᠦᠳᠡ ᠨᠡᠭᠡᠭᠡᠭᠳᠡᠵᠦ12 ᠬᠣᠨᠣᠭ ᠬᠦᠷᠲᠡᠯᠡᠬᠢ ᠠᠩᠬᠠᠨ ᠤ᠋ 3 ᠬᠣᠨᠣᠭ ᠪᠠ11ᠳᠠᠬᠢ ᠡᠳᠦᠷ ᠲᠦ᠍ ᠬᠥᠪᠡᠭᠦᠨ ᠦᠯᠦ ᠲᠣᠭᠲᠠᠨ᠎ᠠ᠃ ᠥᠬᠢᠨ ᠲᠣᠭᠲᠠᠬᠤ ᠪᠣᠯᠪᠠᠴᠤ ᠲᠡᠷᠡ ᠦᠶ᠎ᠡ ᠶ᠋ᠢᠨ ᠡᠷ᠎ᠡ ᠡᠮ᠎ᠡ ᠶ᠋ᠢᠨ ᠬᠠᠷᠢᠴᠠᠭ᠎ᠠ ᠦᠢᠯᠡᠳᠬᠦ ᠶ᠋ᠢ ᠴᠡᠭᠡᠷᠯᠡᠬᠦ ᠬᠡᠷᠡᠭᠲᠡᠢ ᠭᠡᠳ1᠂3᠂5᠂7᠂9ᠳᠠᠬᠢ ᠡᠳᠦᠷ ᠲᠦ᠍ ᠬᠥᠪᠡᠭᠦᠨ ᠲᠣᠭᠲᠠᠮᠤᠢ᠃ 2᠂4᠂6᠂8 ᠳ᠋ᠠᠬᠢ ᠡᠳᠦᠷ ᠲᠦ᠍ ᠥᠬᠢᠨ ᠲᠣᠭᠲᠠᠮᠤᠢ᠃ ᠨᠠᠷᠠ ᠰᠢᠩᠭᠡᠪᠡᠯ ᠯᠢᠩᠬᠤ᠎ᠠ ᠶ᠋ᠢᠨ ᠴᠣᠮᠣᠷᠯᠢᠭ ᠬᠤᠮᠢᠬᠤ ᠮᠡᠲᠦ ᠪᠡᠷ12 ᠳ᠋ᠤᠭᠠᠷ ᠡᠳᠦᠷ ᠢ᠋ ᠥᠩᠭᠡᠷᠡᠪᠡᠰᠦ ᠤᠮᠠᠢ ᠳ᠋ᠤ᠌ ᠳᠤᠰᠤᠯ ᠦᠯᠦ ᠲᠣᠭᠲᠠᠮᠤᠢ᠃》 ᠭᠡᠰᠡᠨ ᠪᠠᠢᠳᠠᠭ᠃ ᠢᠩᠭᠢᠭᠡᠳ ᠡᠴᠦᠰ ᠲᠦ᠋ᠨᠢ ᠭᠠᠷᠬᠤ ᠬᠡᠦᠬᠡᠳ ᠦ᠋ᠨ ᠬᠦᠢᠰᠦ ᠶ᠋ᠢ ᠡᠬᠡ ᠶ᠋ᠢᠨ ᠨᠠᠰᠤ ᠪᠠ ᠬᠡᠦᠬᠡᠳ ᠣᠯᠤᠭᠰᠠᠨ ᠰᠠᠷ᠎ᠠ ᠪᠠᠷ ᠲᠣᠳᠣᠷᠬᠠᠢᠯᠠᠳᠠᠭ ᠨᠢᠭᠡᠨ ᠡᠩ ᠦ᠋ᠨ ᠬᠢᠯᠪᠠᠷ ᠠᠷᠭ᠎ᠠ ᠶ᠋ᠢ 54 ᠳ᠋ᠤᠭᠡᠷ ᠬᠠᠭᠤᠳᠠᠰᠤᠨ ᠤ᠋ ᠬᠦᠰᠦᠨᠦᠭᠲᠦ ᠡᠴᠡ ᠦᠵᠡᠨ᠎ᠡ ᠤᠤ᠃ ᠬᠡᠷᠪᠡ ᠲᠠ32 ᠨᠠᠰᠤ ᠲᠠᠢ᠂ ᠲᠠᠩᠳᠠ ᠥᠬᠢᠨ ᠲᠡᠢ ᠪᠣᠯ ᠲᠡᠷᠡ ᠣᠨ ᠳ᠋ᠠᠭᠠᠨ1᠂3᠂11᠂12 ᠳ᠋ᠤᠭᠠᠷ ᠰᠠᠷ᠎ᠠ ᠳ᠋ᠤ᠌ ᠬᠡᠦᠬᠡᠳ ᠣᠯᠪᠠᠯ ᠬᠦᠦ ᠲᠡᠢ ᠪᠣᠯᠬᠤ ᠰᠠᠨ ᠭᠡᠰᠡᠨ ᠬᠦᠰᠡᠯ ᠴᠢᠨᠢ ᠪᠡᠶᠡᠯᠡᠬᠦ ᠪᠣᠯᠤᠮᠵᠢ ᠲᠠᠢ᠃ ᠭᠡᠪᠡᠴᠦ ᠡᠨᠡ ᠠᠷᠭ᠎ᠠ ᠨᠢ ᠪᠦᠬᠦ ᠲᠣᠬᠢᠶᠠᠯᠳᠤᠯ ᠤ᠋ᠨ20 ᠭᠠᠷᠤᠢ ᠬᠤᠪᠢ ᠳ᠋ᠤ᠌ ᠵᠥᠷᠢᠳᠡᠭ ᠢ᠋ ᠠᠩᠬᠠᠷ᠃ ᠥᠭᠡᠷ᠎ᠡ ᠪᠡᠷ ᠬᠡᠯᠡᠪᠡᠯ ᠲᠡᠭᠦᠨ ᠳ᠋ᠦ᠍ ᠪᠠᠰᠠ ᠪᠦᠷᠢᠨ ᠨᠠᠢᠳᠠᠵᠤ ᠪᠣᠯᠬᠤ ᠦᠭᠡᠢ᠃ ᠲᠠᠰᠢᠷᠠᠮ ᠳ᠋ᠤ᠌ ᠬᠡᠯᠡᠬᠦ ᠳ᠋ᠦ᠍ ᠬᠦᠦ ᠴᠦ᠍ ᠪᠠᠢ᠂ ᠥᠬᠢᠨ ᠴᠦ᠍ ᠪᠠᠢ ᠦᠷ᠎ᠡ ᠲᠡᠢ ᠬᠥᠮᠦᠨ ᠦ᠌ ᠵᠢᠷᠭᠠᠯ ᠢ᠋ ᠠᠮᠰᠠᠬᠤ ᠰᠢᠭ᠋ ᠰᠠᠢᠬᠠᠨ ᠶᠠᠭᠤᠮ᠎ᠠ ᠬᠠᠮᠢᠭ᠎ᠠ ᠪᠠᠢᠬᠤᠪ᠃ ᠬᠠᠮᠤᠭ ᠤ᠋ᠨ ᠭᠣᠣᠯ ᠨᠢ ᠲᠡᠳᠡᠨ ᠢ᠋ ᠬᠥᠮᠦᠵᠢᠭᠦᠯᠬᠦ ᠳ᠋ᠦ᠍ ᠯᠡ ᠣᠷᠣᠰᠢᠨ᠎ᠠ᠃ ᠢᠩᠭᠢᠵᠦ ᠵᠠᠯᠠᠭᠤ ᠬᠣᠣᠰ ᠤ᠋ᠳ ᠬᠤᠷᠢᠮᠯᠠᠭᠰᠠᠨ ᠤ᠋ ᠳᠠᠷᠠᠭ᠎ᠠ ᠲᠦᠳᠡᠯ ᠦᠭᠡᠢ ᠰᠢᠨ᠎ᠡ ᠬᠥᠮᠦᠨ ᠮᠡᠨᠳᠦᠯᠡᠨ᠎ᠡ᠃ ᠲᠡᠭᠦᠨ ᠢ᠋ ᠥᠯᠥᠭᠡᠢᠳᠡᠬᠦ᠂ ᠬᠠᠭᠤᠷᠠᠢᠯᠠᠬᠤ᠂ ᠬᠥᠬᠥᠭᠦᠯᠬᠦ᠂ ᠠᠷᠠᠴᠢᠯᠠᠬᠤ᠂ ᠳᠠᠪᠤᠤ ᠤᠬᠢᠶᠠᠬᠤ ᠭᠡᠳ ᠦᠢ ᠲᠦᠮᠡᠨ ᠠᠵᠢᠯ ᠳᠣᠣᠷ᠎ᠠ ᠠ᠋ᠴᠠ ᠤᠨᠳᠤᠷᠤᠨ᠎ᠠ᠃ ᠡᠨᠡ ᠦᠶ᠎ᠡ ᠳ᠋ᠦ᠍ ᠬᠠᠨᠢ ᠶ᠋ᠢᠨ ᠲᠤᠰᠠ ᠳᠠᠮ ᠬᠡᠷᠡᠭᠲᠡᠢ ᠪᠣᠯᠤᠨ᠎ᠠ᠃ ᠬᠡᠷᠪᠡ ᠲᠦᠷᠦᠯᠲᠡ ᠶᠠᠮᠠᠷ ᠨᠢᠭᠡ ᠬᠦᠨᠳᠦᠷᠡᠯ ᠦᠭᠡᠢ ᠬᠡᠪ ᠦ᠋ᠨ ᠪᠠᠢᠭᠰᠠᠨ ᠪᠣᠯ ᠲᠥᠷᠥᠭᠰᠡᠨ ᠡᠴᠡ ᠬᠣᠢᠰᠢ ᠬᠣᠶᠠᠷ ᠰᠠᠷ᠎ᠠ ᠶ᠋ᠢᠨ ᠳᠠᠷᠠᠭ᠎ᠠ ᠣᠢᠷᠠᠲᠤᠵᠤ ᠪᠣᠯᠤᠨ᠎ᠠ᠃ ᠤᠷᠠᠭᠳᠠᠯ ᠡᠭᠦᠰᠴᠦ᠂ ᠣᠶᠣᠭᠠ ᠲᠠᠯᠪᠢᠭᠤᠯᠤᠭᠰᠠᠨ ᠪᠣᠯ ᠵᠠᠪᠠᠯ ᠡᠮᠡᠭᠲᠡᠢᠴᠦᠳ ᠦ᠋ᠨ ᠡᠮᠴᠢ ᠳ᠋ᠦ᠍ ᠦᠵᠡᠭᠦᠯᠵᠦ ᠵᠥᠪᠯᠡᠯᠭᠡ ᠠᠪᠤᠭᠰᠠᠨ ᠤ᠋ ᠳᠠᠷᠠᠭ᠎ᠠ ᠣᠢᠷᠠᠲᠤᠬᠤ ᠶ᠋ᠢ ᠵᠥᠪᠰᠢᠶᠡᠷᠡᠨ᠎ᠡ᠃
ᠬᠥᠬᠥᠭᠦᠯ ᠦᠶ᠎ᠡ ᠳ᠋ᠦ᠍ ᠵᠢᠷᠮᠦᠰᠦᠨ ᠪᠣᠯᠳᠠᠭ ᠦᠭᠡᠢ ᠭᠡᠳᠡᠭ ᠦᠨᠡᠨ ᠤᠤ ᠭᠡᠳᠡᠭ ᠠᠰᠠᠭᠤᠯᠲᠠ ᠶ᠋ᠢ ᠡᠮᠡᠭᠲᠡᠢᠴᠦᠳ ᠡᠨᠳᠡ ᠲᠡᠨᠳᠡ ᠦᠭᠡᠢ ᠵᠥᠩᠳᠡᠭᠡᠨ ᠲᠠᠯᠪᠢᠳᠠᠭ᠃ ᠡᠨᠡ ᠨᠢ ᠦᠨᠡᠨ ᠦ᠌ ᠬᠤᠪᠢ ᠲᠠᠢ ᠪᠣᠯᠪᠠᠴᠤ ᠪᠠᠰᠠ ᠠᠩᠬᠠᠷᠬᠤ ᠵᠦᠢᠯ ᠪᠣᠢ᠃ ᠵᠠᠷᠢᠮ ᠡᠮᠡᠭᠲᠡᠢ ᠶ᠋ᠢᠨ《ᠬᠣᠷᠮᠣᠢ ᠶ᠋ᠢᠨ ᠶᠠᠭᠤᠮ᠎ᠠ》 ᠨᠢ ᠲᠥᠷᠥᠭᠰᠡᠨ ᠡᠴᠡ ᠬᠣᠢᠰᠢ ᠨᠢᠭᠡ ᠬᠣᠶᠠᠷᠬᠠᠨ ᠰᠠᠷ᠎ᠠ ᠶ᠋ᠢᠨ ᠳᠠᠷᠠᠭ᠎ᠠ ᠢᠷᠡᠳᠡᠭ᠃ ᠢᠩᠭᠢᠵᠦ ᠲᠥᠷᠥᠭᠰᠡᠨ ᠦ᠌ ᠳᠠᠷᠠᠭ᠎ᠠ《ᠬᠣᠷᠮᠣᠢ ᠶ᠋ᠢᠨ ᠶᠠᠭᠤᠮ᠎ᠠ》 ᠬᠡᠳᠦᠢ ᠡᠷᠲᠡ ᠢᠷᠡᠨ᠎ᠡ᠂ ᠲᠡᠳᠦᠢ ᠴᠢᠨᠡᠭᠡ ᠠᠬᠢᠭᠠᠳ ᠬᠤᠷᠳᠤᠨ ᠵᠢᠷᠮᠦᠰᠦᠯᠡᠬᠦ ᠲᠠᠯ᠎ᠠ ᠲᠠᠢ ᠪᠠᠢᠳᠠᠭ᠃ ᠡᠢᠮᠦ ᠡᠴᠡ ᠬᠥᠬᠥᠭᠦᠯ ᠦᠶ᠎ᠡ ᠳ᠋ᠦ᠍ ᠵᠢᠷᠮᠦᠰᠦᠨ ᠪᠣᠯᠳᠠᠭ ᠦᠭᠡᠢ ᠭᠡᠵᠦ ᠪᠦᠷᠢᠨ ᠨᠠᠢᠳᠠᠵᠤ ᠪᠣᠯᠬᠤ ᠦᠭᠡᠢ᠃ ᠭᠡᠪᠡᠴᠦ ᠶᠡᠬᠡᠩᠬᠢ ᠡᠮᠡᠭᠲᠡᠢᠴᠦᠳ ᠦ᠋ᠨ《ᠬᠣᠷᠮᠣᠢ ᠶ᠋ᠢᠨ ᠶᠠᠭᠤᠮ᠎ᠠ》 ᠬᠥᠬᠥᠭᠦᠯ ᠦᠶ᠎ᠡ ᠳ᠋ᠦ᠍ ᠢᠷᠡᠳᠡᠭ ᠦᠭᠡᠢ ᠪᠥᠭᠡᠳ ᠴᠣᠬᠣᠮ ᠬᠡᠵᠢᠶ᠎ᠡ ᠢᠷᠡᠬᠦ ᠶ᠋ᠢ ᠬᠡᠨ ᠴᠦ᠍ ᠤᠷᠢᠳᠠ ᠠ᠋ᠴᠠ ᠳᠠᠭᠠᠵᠤ ᠴᠢᠳᠠᠬᠤ ᠦᠭᠡᠢ᠃ ᠣᠯᠠᠨ ᠳᠠᠬᠢᠨ ᠣᠢᠷ᠎ᠠ ᠣᠢᠷᠠᠬᠠᠨ ᠲᠥᠷᠥᠬᠦ ᠨᠢ ᠭᠠᠷᠬᠤ ᠬᠡᠦᠬᠡᠳ ᠦ᠋ᠨ ᠡᠷᠡᠭᠦᠯ ᠮᠡᠨᠳᠦ ᠳ᠋ᠦ᠍ ᠮᠠᠭᠤ ᠪᠠᠷ ᠨᠥᠯᠥᠭᠡᠯᠡᠨ᠎ᠡ᠃ ᠡᠨᠳᠡ ᠡᠴᠡ ᠳᠠᠷᠠᠭ᠎ᠠ ᠶ᠋ᠢᠨ ᠬᠡᠦᠬᠡᠳ ᠢ᠋ᠶ᠋ᠡᠨ ᠬᠡᠵᠢᠶ᠎ᠡ ᠲᠥᠷᠥᠭᠦᠯᠬᠦ ᠪᠣᠢ? ᠭᠡᠰᠡᠨ ᠠᠰᠠᠭᠤᠯᠲᠠ ᠭᠠᠷᠤᠨ᠎ᠠ᠃ ᠡᠮᠴᠢ ᠨᠠᠷ2-3 ᠨᠠᠰᠤᠨ ᠤ᠋ ᠵᠠᠢᠲᠠᠢ ᠳᠠᠷᠠᠭ᠎ᠠ ᠶ᠋ᠢᠨ ᠬᠡᠦᠬᠡᠳ ᠢ᠋ᠶ᠋ᠡᠨ ᠭᠠᠷᠭᠠᠬᠤ ᠶ᠋ᠢ ᠵᠥᠪᠯᠡᠳᠡᠭ᠃ ᠡᠭᠦᠨ ᠦ᠌ ᠲᠤᠯᠠᠳᠠ ᠵᠢᠷᠮᠦᠰᠦᠯᠡᠯᠲᠡ ᠡᠴᠡ ᠰᠡᠷᠭᠡᠢᠯᠡᠬᠦ ᠠᠷᠭ᠎ᠠ ᠨᠤᠭᠤᠳ ᠢ᠋ ᠰᠠᠢᠲᠤᠷ ᠮᠡᠳᠡᠬᠦ ᠬᠡᠷᠡᠭᠲᠡᠢ ᠪᠣᠯᠤᠨ᠎ᠠ᠃ ᠡᠨᠡ ᠲᠤᠬᠠᠢ ᠪᠢᠳᠡ ᠥᠭᠦᠯᠡᠬᠦ ᠪᠣᠯᠤᠨ᠎ᠠ᠃ ᠵᠢᠷᠮᠦᠰᠦᠯᠡᠭᠰᠡᠨ ᠡᠬᠢᠨ ᠦ᠌8-10 ᠳᠣᠯᠣᠭ᠎ᠠ ᠬᠣᠨᠣᠭ ᠲᠤ᠌ ᠪᠣᠯ ᠤᠷᠤᠭ ᠤ᠋ᠨ ᠪᠦᠬᠦ ᠡᠷᠬᠡᠲᠡᠨ ᠰᠢᠰᠲ᠋ᠧᠮ ᠪᠦᠷᠢᠯᠳᠦᠨ ᠲᠣᠭᠲᠠᠳᠠᠭ ᠬᠠᠮᠤᠭ ᠤ᠋ᠨ ᠡᠮᠵᠡᠭ ᠦᠶ᠎ᠡ ᠶᠦᠮ᠃ ᠡᠨᠡ ᠦᠶ᠎ᠡ ᠳ᠋ᠦ᠍ ᠡᠮᠡᠭᠲᠡᠢ ᠬᠥᠮᠦᠨ ᠬᠠᠮᠠᠷ ᠤ᠋ᠨ ᠱᠤᠤᠬᠢᠲᠤᠨᠠᠭᠠ᠂ ᠬᠠᠨᠢᠶᠠᠳᠤ᠂ ᠲᠣᠮᠣᠭᠣ ᠵᠡᠷᠭᠡ ᠬᠠᠮ ᠰᠢᠨᠵᠢ ᠶ᠋ᠢᠨ ᠬᠠᠯᠳᠠᠪᠤᠷᠢ ᠪᠠᠷ ᠡᠪᠡᠳᠴᠢᠯᠡᠬᠦ ᠨᠢ ᠤᠷᠤᠭ ᠲᠤ᠌ ᠮᠠᠭᠤ ᠪᠠᠷ ᠨᠥᠯᠥᠭᠡᠯᠡᠵᠦ ᠨᠣᠴᠢᠲᠠᠢ ᠭᠠᠵᠢᠭ ᠡᠭᠦᠰᠬᠡᠵᠦ ᠪᠣᠯᠤᠨ᠎ᠠ᠃ ᠡᠳᠡᠭᠡᠷ ᠡᠪᠡᠳᠴᠢᠨ ᠨᠢ ᠨᠠᠮᠤᠷ ᠤ᠋ᠨ ᠰᠡᠭᠦᠯ᠂ ᠡᠪᠦᠯ ᠦ᠋ᠨ ᠤᠯᠠᠷᠢᠯ ᠤ᠋ᠨ ᠡᠬᠢ ᠪᠡᠷ ᠶᠡᠬᠡᠰᠳᠡᠭ ᠤᠴᠢᠷ ᠠ᠋ᠴᠠ ᠬᠡᠦᠬᠡᠳ ᠠᠪᠬᠤ ᠳ᠋ᠤ᠌ ᠤᠯᠠᠷᠢᠯ ᠢ᠋ ᠴᠦ᠍ ᠪᠤᠳᠤᠯᠴᠠᠬᠤ ᠤᠴᠢᠷ ᠲᠠᠢ᠃ ᠮᠥᠨ ᠬᠡᠦᠬᠡᠳ ᠭᠠᠷᠬᠤ ᠤᠯᠠᠷᠢᠯ ᠢ᠋ ᠴᠦ᠍ ᠪᠠᠰᠠ ᠬᠠᠷᠠᠭᠠᠯᠵᠠᠬᠤ ᠨᠢ ᠵᠦᠭᠡᠷ᠃ ᠬᠦᠢᠲᠡᠨ ᠦ᠌ ᠠᠮᠠ ᠴᠢᠨᠠᠭᠰᠢ ᠬᠠᠷᠠᠵᠤ ᠬᠦᠬᠦᠷ ᠦ᠋ᠨ ᠠᠮᠠ ᠨᠠᠰᠢᠯᠠᠭᠰᠠᠨ3᠂4᠂5᠂ ᠳ᠋ᠤᠭᠠᠷ ᠰᠠᠷ᠎ᠠ ᠳ᠋ᠤ᠌ ᠲᠥᠷᠥᠭᠰᠡᠨ ᠬᠡᠦᠬᠡᠳ ᠠᠯᠵᠠᠬᠤ ᠦᠭᠡᠢ᠃ ᠶᠠᠭᠠᠬᠢᠭᠠᠳ ᠭᠡᠪᠡᠯ ᠡᠷᠡᠭᠦᠯ ᠠᠭᠠᠷ ᠲᠤ᠌ ᠭᠠᠷᠴᠤ ᠡᠬᠡ ᠨᠢ ᠰᠢᠨ᠎ᠡ ᠨᠣᠭᠣᠭ᠎ᠠ᠂ ᠵᠢᠮᠢᠰ ᠲᠡᠢ ᠵᠣᠯᠭᠠᠨ᠎ᠠ᠃ ᠨᠠᠷᠠᠨ ᠤ᠋ ᠰᠠᠴᠤᠷᠠᠭ ᠪᠣᠯ ᠬᠡᠦᠬᠡᠳ ᠢ᠋ ᠰᠤᠯᠢᠳᠠᠭ᠎ᠠ ᠡᠪᠡᠳᠴᠢᠨ ᠡᠴᠡ ᠰᠡᠷᠭᠡᠢᠯᠡᠬᠦ ᠬᠠᠮᠤᠭ ᠤ᠋ᠨ ᠰᠠᠢᠨ ᠨᠠᠢᠳᠠᠪᠤᠷᠢᠲᠠᠢ《ᠡᠮ》 ᠪᠢᠯᠡ ᠲᠡᠭᠡᠪᠡᠯ ᠰᠡᠷᠢᠭᠦᠨ ᠦ᠌ ᠤᠯᠠᠷᠢᠯ ᠳ᠋ᠤ᠌(10᠂11᠂12 ᠳ᠋ᠤᠭᠠᠷ ᠰᠠᠷ᠎ᠠ ᠳ᠋ᠤ᠌) ᠲᠥᠷᠥᠭᠰᠡᠨ ᠬᠡᠦᠬᠡᠳ ᠪᠠᠷᠤᠭ ᠬᠠᠭᠠᠰ ᠵᠢᠯ ᠰᠢᠬᠠᠮ ᠠᠯᠲᠠᠨ ᠨᠠᠷᠠᠨ ᠤ᠋ ᠰᠠᠴᠤᠷᠠᠭ ᠢ᠋ ᠦᠵᠡᠬᠦ ᠦᠭᠡᠢ᠂ ᠵᠥᠪᠬᠡᠨ ᠡᠬᠡ ᠶ᠋ᠢᠨ ᠬᠥᠬᠥ ᠪᠡᠷ ᠬᠣᠭᠣᠯᠠᠯᠠᠨ᠎ᠠ᠃ ᠡᠭᠦᠨ ᠡᠴᠡ ᠪᠣᠯᠵᠤ ᠸᠢᠲ᠋ᠠᠮᠢᠨ ᠤ᠋ ᠳᠤᠲᠠᠭᠳᠠᠯ ᠳ᠋ᠤ᠌ ᠣᠷᠣᠬᠤ ᠨᠢ ᠴᠥᠭᠡᠨ ᠦᠭᠡᠢ᠃

ᠢᠩᠭᠢᠬᠦᠯᠡᠷ ᠬᠡᠦᠬᠡᠳ ᠢ᠋ᠶ᠋ᠡᠨ ᠬᠠᠪᠤᠷ ᠲᠥᠷᠥᠭᠦᠯᠬᠦ ᠶ᠋ᠢᠨ ᠲᠤᠯᠠᠳᠠ ᠲᠡᠭᠦᠨ ᠢ᠋ ᠵᠤᠨ ᠣᠯᠬᠤ ᠬᠡᠷᠡᠭᠲᠡᠢ᠃ ᠵᠤᠨ ᠤ᠋ ᠴᠠᠭ ᠲᠤ᠌ ᠡᠮᠡᠭᠲᠡᠢ ᠬᠥᠮᠦᠨ ᠪᠡᠶ᠎ᠡ ᠪᠡᠨ ᠡᠷᠡᠭᠦᠯᠵᠢᠭᠦᠯᠵᠦ᠂ ᠠᠯᠵᠢᠶᠠᠯ ᠲᠠᠢᠯᠤᠨ ᠠᠮᠠᠷᠠᠵᠤ ᠴᠢᠳᠠᠳᠠᠭ᠃
ᠬᠡᠷᠪᠡ ᠡᠨᠡ ᠦᠶ᠎ᠡ ᠬᠡᠦᠬᠡᠳ ᠣᠯᠵᠤ ᠴᠢᠳᠠᠭ᠎ᠠ ᠦᠭᠡᠢ ᠪᠣᠯ ᠬᠡᠦᠬᠡᠳ ᠢ᠋ᠶ᠋ᠡᠨ ᠡᠷᠡᠭᠦᠯ ᠴᠢᠬᠢᠷᠡᠭ ᠥᠰᠬᠡᠬᠦ ᠶ᠋ᠢᠨ ᠲᠤᠯᠠᠳᠠ ᠬᠠᠨᠢᠶᠠᠳᠤ ᠲᠣᠮᠣᠭᠣ ᠲᠤᠰᠬᠤ ᠠ᠋ᠴᠠ ᠰᠡᠷᠭᠡᠢᠯᠡᠵᠦ ᠴᠢᠨᠠᠷ ᠰᠠᠢᠲᠠᠢ ᠬᠣᠭᠣᠯᠠ ᠲᠡᠵᠢᠭᠡᠯ ᠬᠡᠷᠡᠭᠯᠡᠬᠦ ᠬᠡᠷᠡᠭᠲᠡᠢ᠃ ᠮᠠᠭᠠᠳ ᠦᠭᠡᠢ ᠡᠨᠡ ᠪᠦᠬᠦᠨ ᠢ᠋ ᠡᠴᠢᠭᠡ᠂ ᠡᠬᠡᠴᠦᠳ ᠪᠦᠭᠦᠳᠡᠭᠡᠷ ᠢ᠋ᠶ᠋ᠡᠨ ᠮᠡᠳᠡᠳᠡᠭ ᠪᠠᠢᠬᠤ ᠶ᠋ᠢ ᠬᠡᠨ ᠴᠦ᠍ ᠦᠭᠡᠢᠰᠬᠡᠬᠦ ᠦᠭᠡᠢ᠃ ᠬᠠᠷᠢᠨ ᠬᠡᠦᠬᠡᠳ ᠢ᠋ᠶ᠋ᠡᠨ ᠪᠠᠯᠴᠢᠷ ᠪᠠᠭ᠎ᠠ ᠠ᠋ᠴᠠ ᠨᠢ ᠪᠡᠯᠭᠡ ᠶ᠋ᠢᠨ ᠬᠥᠮᠦᠵᠢᠯ ᠣᠯᠭᠣᠵᠤ ᠡᠬᠢᠯᠡᠬᠦ ᠶᠣᠰᠣᠲᠠᠢ ᠶ᠋ᠢ ᠬᠥᠮᠦᠨ ᠪᠦᠬᠦᠨ ᠲᠡᠷᠡ ᠪᠦᠷᠢ ᠮᠡᠳᠡᠳᠡᠭ ᠪᠣᠯᠪᠠᠤ!
ᠪᠡᠯᠭᠡ ᠶ᠋ᠢᠨ ᠬᠥᠮᠦᠵᠢᠯ ᠬᠡᠮᠡᠬᠦ ᠡᠨᠡ ᠣᠢᠯᠠᠭᠠᠯᠲᠠ ᠪᠣᠯ《ᠬᠡᠦᠬᠡᠳ ᠬᠠᠮᠢᠭ᠎ᠠ ᠠ᠋ᠴᠠ ᠭᠠᠷᠳᠠᠭ ᠪᠣᠢ?》 ᠭᠡᠳᠡᠭ ᠠᠰᠠᠭᠤᠯᠲᠠ ᠠ᠋ᠴᠠ ᠬᠠᠪᠢ ᠦᠭᠡᠢ ᠥᠷᠭᠡᠨ ᠬᠦᠷᠢᠶ᠎ᠡ ᠲᠡᠢ ᠶᠦᠮ᠃
ᠬᠡᠦᠬᠡᠳ ᠡᠴᠢᠭᠡ ᠡᠬᠡ ᠡᠴᠡ ᠪᠡᠨ ᠶᠠᠭᠤ ᠴᠦ᠍ ᠠᠰᠠᠭᠤᠵᠤ ᠰᠣᠨᠢᠷᠬᠠᠵᠤ ᠪᠣᠯᠤᠨ᠎ᠠ᠃ ᠬᠡᠦᠬᠡᠳ ᠦ᠋ᠨ ᠠᠰᠠᠭᠤᠵᠤ ᠪᠠᠢᠭ᠎ᠠ ᠠᠰᠠᠭᠤᠯᠲᠠ ᠪᠣᠯᠭᠠᠨ ᠴᠠᠭᠠᠨ᠎ᠠ ᠪᠠᠨ ᠪᠡᠯᠭᠡ ᠶ᠋ᠢᠨ ᠰᠣᠨᠢᠷᠬᠠᠯ ᠠᠭᠤᠯᠳᠠᠭ ᠦᠭᠡᠢ᠃ ᠲᠡᠳᠡ ᠵᠥᠪᠬᠡᠨ ᠰᠣᠨᠢᠭᠤᠴᠢ ᠵᠠᠩ ᠠ᠋ᠴᠠ ᠪᠠᠨ ᠯᠠ ᠢᠨᠢᠶᠡᠳᠦᠮᠲᠡᠢ ᠠᠰᠠᠭᠤᠯᠲᠠ ᠠᠰᠠᠭᠤᠳᠠᠭ᠃ ᠪᠠᠭ᠎ᠠ ᠨᠠᠰᠤᠨ ᠤ᠋ ᠬᠡᠦᠬᠡᠳ ᠦ᠋ᠨ ᠲᠠᠯᠪᠢᠳᠠᠭ ᠠᠰᠠᠭᠤᠯᠲᠠ ᠳ᠋ᠤ᠌(ᠪᠢ ᠬᠠᠮᠢᠭ᠎ᠠ ᠠ᠋ᠴᠠ ᠭᠠᠷᠤᠭᠰᠠᠨ ᠶᠤᠮ ᠪᠣᠢ? ᠪᠢ ᠬᠠᠮᠢᠭ᠎ᠠ ᠪᠠᠢᠵᠤ ᠪᠠᠢᠭᠠᠳ ᠭᠠᠷᠤᠭᠰᠠᠨ ᠶᠤᠮ ᠪᠣᠢ? ᠪᠢ ᠶᠠᠭᠠᠬᠢᠭᠠᠳ ᠠᠪᠤ ᠰᠢᠭ᠋ ᠰᠠᠬᠠᠯ ᠦᠭᠡᠢ ᠶᠦᠮ ᠪᠣᠢ ᠭᠡᠬᠦ ᠮᠡᠲᠦ) ᠲᠣᠬᠢᠷᠠᠭᠰᠠᠨ ᠬᠠᠷᠢᠭᠤᠯᠲᠠ ᠥᠭᠬᠦ ᠦᠭᠡᠢ ᠪᠣᠯ ᠬᠡᠦᠬᠡᠳ ᠦ᠋ᠨ ᠰᠣᠨᠢᠭᠤᠴᠢ ᠵᠠᠩ ᠢ᠋ ᠤᠯᠠᠮ ᠭᠡᠵᠢᠭᠡᠳᠡᠵᠦ ᠡᠨᠡ ᠠᠰᠠᠭᠤᠯᠲᠠ ᠳ᠋ᠤ᠌ ᠬᠡᠦᠬᠡᠳ ᠦ᠋ᠨ ᠬᠠᠮᠤᠭ ᠠᠩᠬᠠᠷᠤᠯ ᠲᠥᠪᠯᠡᠷᠡᠵᠦ ᠮᠡᠳᠡᠨ᠎ᠡ᠃
ᠵᠠᠷᠢᠮ ᠡᠴᠢᠭᠡ ᠡᠬᠡ《ᠴᠢ ᠶᠠᠭᠠᠬᠢᠭᠰᠠᠨ ᠬᠡᠷᠡᠭ ᠲᠦ᠍ ᠳᠤᠷᠠᠲᠠᠢ ᠬᠡᠦᠬᠡᠳ ᠪᠣᠢ? ᠴᠢ ᠡᠨᠡ ᠲᠤᠬᠠᠢ ᠮᠡᠳᠡᠬᠦ ᠪᠣᠯᠤᠭ᠎ᠠ ᠦᠭᠡᠢ!》 ᠭᠡᠵᠦ ᠬᠠᠷᠢᠭᠤᠯᠬᠤ ᠨᠢ ᠪᠣᠢ᠃ ᠢᠩᠭᠢᠵᠦ ᠬᠡᠷᠬᠢᠪᠡᠴᠦ ᠪᠣᠯᠬᠤ ᠦᠭᠡᠢ᠃ ᠬᠡᠦᠬᠡᠳ ᠲᠦ᠍ ᠶᠠᠭᠤᠮ᠎ᠠ ᠪᠣᠯᠭᠠᠨ ᠰᠣᠨᠢᠨ ᠬᠠᠴᠢᠨ᠃ ᠡᠭᠦᠯᠡ ᠶᠠᠭᠠᠬᠢᠭᠠᠳ ᠭᠠᠷᠳᠠᠭ᠂ ᠰᠢᠬᠢᠷ ᠶᠠᠭᠠᠬᠢᠭᠠᠳ ᠭᠣᠶᠣ ᠠᠮᠲᠠᠲᠠᠢ ᠪᠠᠢᠳᠠᠭ ᠶᠤᠮ ᠭᠡᠬᠦ ᠮᠡᠲᠦ ᠪᠡᠷ ᠠᠰᠠᠭᠤᠯᠲᠠ ᠪᠣᠯᠭᠠᠨ ᠵᠥᠪᠬᠡᠨ ᠰᠣᠨᠢᠷᠬᠠᠯ ᠤ᠋ᠨ ᠲᠡᠳᠦᠢ ᠵᠣᠷᠢᠯᠭ᠎ᠠ ᠲᠠᠢ ᠪᠠᠢᠳᠠᠭ᠃
ᠬᠠᠷᠢᠭᠤᠯᠲᠠ ᠬᠠᠮᠤᠭ ᠤ᠋ᠨ ᠡᠩ ᠦ᠋ᠨ ᠲᠣᠪᠴᠢ ᠪᠠᠢᠬᠤ ᠬᠡᠷᠡᠭᠲᠡᠢ᠃ ᠵᠢᠰᠢᠶ᠎ᠠ ᠨᠢ᠄《ᠪᠢ ᠬᠦᠦ ᠪᠡᠨ ᠲᠡᠷᠡ ᠪᠠᠢᠰᠢᠩ ᠳ᠋ᠤ᠌ ᠠᠮᠤᠷᠵᠢᠬᠤ ᠭᠠᠵᠠᠷ ᠲᠤ᠌ ᠲᠦᠷᠦᠭᠦᠯᠦᠭᠡᠳ ᠢᠷᠡᠭᠰᠡᠨ》 ᠭᠡᠬᠦ ᠳ᠋ᠦ᠍ ᠬᠡᠦᠬᠡᠳ ᠲᠦ᠍ ᠬᠠᠩᠭᠠᠯᠲᠠᠢ ᠬᠠᠷᠢᠭᠤᠯᠲᠠ ᠪᠣᠯᠬᠤ ᠵᠢᠰᠢᠶ᠎ᠠ ᠲᠠᠢ᠃ ᠡᠴᠢᠭᠡ ᠡᠬᠡᠴᠦᠳ ᠬᠡᠦᠬᠡᠳ ᠢ᠋ᠶ᠋ᠡᠨ ᠡᠰᠡᠷᠭᠦ ᠬᠦᠢᠰᠦ ᠶ᠋ᠢᠨ ᠬᠥᠮᠦᠨ ᠢ᠋ᠶ᠋ᠡᠨ ᠬᠦᠨᠳᠦᠳᠬᠡᠬᠦ ᠦᠵᠡᠯ ᠢ᠋ᠶ᠋ᠡᠷ ᠬᠥᠮᠦᠵᠢᠭᠦᠯᠬᠦ ᠶᠣᠰᠣᠲᠠᠢ᠃ ᠢᠯᠠᠩᠭᠤᠶ᠎ᠠ ᠡᠷᠡᠭᠲᠡᠢ ᠬᠡᠦᠬᠡᠳ ᠢ᠋ ᠪᠦᠷ ᠪᠠᠭ᠎ᠠ ᠠ᠋ᠴᠠ ᠨᠢ ᠥᠬᠢᠳ ᠢ᠋ ᠬᠦᠨᠳᠦᠳᠬᠡᠵᠦ ᠰᠤᠷᠭᠠᠬᠤ ᠨᠢ ᠴᠢᠬᠤᠯᠠ᠃
ᠡᠴᠢᠭᠡ ᠡᠬᠡᠴᠦᠳ ᠦ᠋ᠨ ᠪᠠᠰᠠ ᠨᠢᠭᠡ ᠠᠩᠬᠠᠷᠬᠤ ᠵᠦᠢᠯ ᠪᠣᠯ ᠪᠢᠴᠢᠬᠠᠨ ᠬᠡᠦᠬᠡᠳ ᠦ᠋ᠨ ᠢ᠋ᠶ᠋ᠡᠨ ᠤᠨᠲᠠᠭ᠎ᠠ ᠰᠡᠷᠡᠭᠦᠨ ᠦ᠌ ᠵᠠᠪᠰᠠᠷ ᠡᠭᠦᠯᠡ ᠪᠣᠷᠣᠭᠠᠨ ᠤ᠋ ᠠᠵᠢᠯ ᠢᠯᠡ ᠵᠠᠳᠠᠭᠠᠢ ᠬᠢᠬᠦ ᠶ᠋ᠢ ᠴᠡᠭᠡᠷᠯᠡᠬᠦ ᠶᠠᠪᠤᠳᠠᠯ ᠶᠤᠮ᠃ ᠡᠴᠢᠭᠡ ᠡᠬᠡ ᠶ᠋ᠢᠨ ᠢ᠋ᠶ᠋ᠡᠨ ᠡᠢᠮᠦ ᠶᠠᠪᠤᠳᠠᠯ ᠢ᠋ ᠬᠡᠦᠬᠡᠳ ᠬᠥᠮᠦᠨ ᠬᠡᠵᠢᠶ᠎ᠡ ᠴᠦ᠍ ᠬᠠᠷᠠᠬᠤ ᠶᠣᠰᠣ ᠦᠭᠡᠢ᠃ ᠬᠠᠷᠢᠨ ᠲᠡᠳᠡ ᠡᠴᠢᠭᠡ ᠡᠬᠡ ᠪᠡᠨ ᠬᠣᠭᠣᠷᠣᠨᠳᠣ ᠪᠠᠨ ᠰᠠᠢᠨ ᠪᠠᠢᠳᠠᠭ ᠢ᠋ ᠮᠡᠳᠡᠬᠦ ᠳ᠋ᠦ᠍ ᠪᠣᠯᠤᠭ᠎ᠠ᠃ ᠥᠬᠢᠳ ᠬᠥᠪᠡᠭᠦᠳ ᠢ᠋ ᠲᠤᠰ ᠲᠤᠰ ᠲᠤᠨᠢ ᠪᠡᠶ᠎ᠡ ᠵᠠᠰᠠᠭᠤᠯᠵᠤ ᠪᠠᠢᠬᠤ ᠬᠡᠷᠡᠭᠲᠡᠢ᠃ ᠬᠡᠦᠬᠡᠳ ᠦ᠋ᠳ ᠲᠣᠭᠯᠠᠵᠤ ᠪᠠᠢᠬᠤ ᠳ᠋ᠠᠭᠠᠨ ᠴᠦ᠍ ᠶᠤᠮ ᠤᠤ᠂ ᠤᠰᠤᠨ ᠳ᠋ᠤ᠌ ᠣᠷᠣᠵᠤ ᠪᠠᠢᠬᠤ ᠳ᠋ᠠᠭᠠᠨ ᠬᠦᠢᠰᠦᠨ ᠦ᠌ ᠪᠡᠨ ᠢᠯᠭᠠᠪᠤᠷᠢ ᠶ᠋ᠢ ᠠᠩᠵᠠᠭᠠᠷᠠᠭ ᠦᠭᠡᠢ ᠪᠣᠯ ᠶᠠᠭ ᠰᠢᠭᠡᠬᠦ ᠳ᠋ᠡᠭᠡᠨ ᠬᠦᠷᠬᠦ ᠳ᠋ᠦ᠍《ᠳᠠᠯᠳᠠ ᠡᠷᠬᠡᠲᠡᠨ》 ᠢ᠋ᠶ᠋ᠡᠨ ᠬᠠᠷᠠᠨ᠎ᠠ᠃ ᠡᠨᠡ ᠨᠢ ᠬᠡᠦᠬᠡᠳ ᠲᠦ᠍ ᠪᠤᠷᠤᠭᠤ ᠰᠣᠨᠢᠷᠬᠠᠯ ᠲᠦᠷᠦᠭᠦᠯᠡᠵᠦ ᠮᠡᠳᠡᠬᠦ ᠶ᠋ᠢ ᠠᠩᠬᠠᠷ᠃ ᠬᠡᠦᠬᠡᠳ ᠥᠰᠴᠦ ᠲᠣᠮᠣᠷᠠᠬᠤ ᠶ᠋ᠢᠨ ᠬᠢᠷᠢ ᠪᠡᠷ ᠥᠭᠡᠷ᠎ᠡ ᠣᠯᠠᠨ ᠠᠰᠠᠭᠤᠳᠠᠯ ᠲᠤᠯᠭᠠᠷᠠᠨ᠎ᠠ᠃ ᠲᠡᠢᠮᠦ ᠡᠴᠡ ᠥᠬᠢᠳ ᠬᠥᠪᠡᠭᠦᠳ ᠲᠦ᠍ ᠲᠡᠳᠡᠨ ᠦ᠌ ᠪᠡᠶ᠎ᠡ ᠮᠠᠬᠠᠪᠣᠳ ᠲᠤ᠌ ᠭᠠᠷᠬᠤ ᠬᠤᠪᠢᠷᠠᠯ ᠥᠭᠡᠷᠡᠴᠢᠯᠡᠯᠲᠡ ᠶ᠋ᠢᠨ ᠲᠠᠯ᠎ᠠ ᠪᠠᠷ ᠤᠷᠢᠳᠤ ᠠ᠋ᠴᠠ ᠨᠢ ᠬᠡᠯᠡᠵᠦ ᠶᠠᠷᠢᠬᠤ ᠬᠡᠷᠡᠭᠲᠡᠢ᠃
ᠤᠳᠠᠬᠤ ᠦᠭᠡᠢ ᠮᠥᠮᠥ ᠨᠢ ᠲᠣᠮᠣᠷᠠᠵᠤ᠂ ᠪᠡᠶ᠎ᠡ ᠪᠡᠷ ᠨᠢ ᠦᠰᠦ ᠤᠷᠭᠤᠵᠤ᠂ ᠰᠠᠷ᠎ᠠ ᠶ᠋ᠢᠨ ᠲᠡᠮᠳᠡᠭ ᠦᠵᠡᠭᠳᠡᠬᠦ ᠶ᠋ᠢ ᠥᠬᠢᠳ ᠮᠡᠳᠡᠭᠰᠡᠨ ᠪᠠᠢᠬᠤ ᠶᠣᠰᠣᠲᠠᠢ᠃ ᠬᠥᠪᠡᠭᠦᠳ ᠲᠦ᠍ ᠵᠡᠭᠦᠳᠦ ᠨᠣᠢᠷ ᠤ᠋ᠨ ᠳᠤᠮᠳᠠ ᠦᠷ᠎ᠡ ᠶ᠋ᠢᠨ ᠰᠢᠩᠭᠡᠨ ᠥᠪᠡᠷ ᠢ᠋ᠶ᠋ᠡᠨ ᠠᠶᠠᠨᠳᠠᠭᠠᠨ ᠤᠷᠤᠰᠤᠨ ᠭᠠᠷᠬᠤ ᠨᠢ ᠬᠡᠪ ᠦ᠋ᠨ ᠦᠵᠡᠭᠳᠡᠯ᠂ ᠡᠷᠡᠭᠦᠯ ᠥᠰᠴᠦ ᠲᠣᠷᠨᠢᠵᠤ ᠪᠠᠢᠭ᠎ᠠ ᠶ᠋ᠢᠨ ᠨᠢᠭᠡ ᠢᠯᠡᠷᠡᠯ ᠭᠡᠳᠡᠭ ᠢ᠋ ᠲᠠᠢᠯᠪᠤᠷᠢᠯᠠᠵᠤ ᠥᠭᠭᠦᠭᠰᠡᠨ ᠪᠠᠢᠬᠤ ᠬᠡᠷᠡᠭᠲᠡᠢ᠃᠃ ᠪᠡᠯᠭᠡ ᠶ᠋ᠢᠨ ᠪᠣᠢᠵᠢᠯᠲᠠ ᠶ᠋ᠢᠨ ᠦᠶ᠎ᠡ ᠳ᠋ᠦ᠍ ᠪᠡᠶ᠎ᠡ ᠳ᠋ᠦ᠍ ᠭᠠᠷᠴᠤ ᠪᠣᠢ ᠬᠤᠪᠢᠷᠠᠯ ᠥᠭᠡᠷᠡᠴᠢᠯᠡᠯᠲᠡ᠂ ᠥᠬᠢᠳ ᠬᠥᠪᠡᠭᠦᠳ ᠦ᠋ᠨ ᠡᠷᠡᠭᠡᠯᠵᠡᠭᠡ ᠲᠡᠭᠡᠨᠡᠭᠡᠯᠵᠡᠯ᠂ ᠠᠢᠳᠠᠰ ᠲᠥᠷᠥᠭᠦᠯᠬᠦ ᠶᠣᠰᠣ ᠦᠭᠡᠢ᠃ ᠡᠵᠢ ᠨᠢ ᠥᠰᠴᠦ ᠪᠠᠢᠭ᠎ᠠ ᠥᠬᠢᠨ ᠲᠡᠢ ᠪᠡᠨ᠂ ᠠᠪᠤ ᠨᠢ ᠬᠦᠦ ᠲᠡᠢ ᠪᠡᠨ ᠶᠠᠷᠢᠬᠤ ᠨᠢ ᠳᠡᠭᠡᠷ᠎ᠡ᠃
ᠪᠡᠯᠭᠡ ᠶ᠋ᠢᠨ ᠪᠣᠢᠵᠢᠯᠲᠠ ᠶ᠋ᠢᠨ ᠦᠶᠡᠰ ᠪᠡᠯᠭᠡ ᠶ᠋ᠢᠨ ᠠᠷᠢᠭᠤᠨ ᠴᠡᠪᠡᠷ ᠢ᠋ ᠪᠠᠲᠤ ᠰᠠᠬᠢᠬᠤ ᠶ᠋ᠢᠨ ᠠᠴᠢ ᠬᠣᠯᠪᠣᠭᠳᠠᠯ ᠢ᠋ ᠲᠠᠢᠯᠪᠤᠷᠢᠯᠠᠨ ᠥᠭᠬᠦ ᠬᠡᠷᠡᠭ ᠲᠡᠢ᠃ ᠢᠩᠭᠢᠪᠡᠯ ᠪᠡᠯᠭᠡ ᠶ᠋ᠢᠨ ᠠᠷᠢᠭᠤᠨ ᠴᠡᠪᠡᠷ ᠢ᠋ ᠮᠠᠭᠤ ᠰᠠᠬᠢᠭᠰᠠᠨ ᠠ᠋ᠴᠠ ᠭᠠᠷᠬᠤ ᠡᠯᠳᠡᠪ ᠬᠦᠨᠳᠦᠷᠡᠯ ᠡᠴᠡ ᠰᠡᠷᠭᠡᠢᠯᠡᠬᠦ ᠲᠡᠳᠦᠢ ᠦᠭᠡᠢ ᠴᠢᠨᠠᠭᠰᠢ ᠴᠢᠨᠠᠭᠰᠢᠳᠠ ᠶ᠋ᠢᠨ ᠠᠮᠢᠳᠤᠷᠠᠯ ᠳ᠋ᠤᠨᠢ ᠶᠡᠬᠡ ᠬᠡᠷᠡᠭ ᠪᠣᠯᠤᠨ᠎ᠠ᠃ ᠴᠡᠪᠡᠷ ᠴᠡᠮᠴᠡᠭᠡᠷ ᠪᠠᠢᠳᠠᠯ ᠳ᠋ᠤ᠌ ᠰᠤᠷᠴᠢᠬᠠᠭᠰᠠᠨ ᠥᠬᠢᠳ ᠬᠥᠪᠡᠭᠦᠳ ᠬᠥᠩᠭᠡᠮᠰᠦᠭ ᠵᠠᠩ ᠬᠡᠵᠢᠶ᠎ᠡ ᠴᠦ᠍ ᠭᠠᠷᠭᠠᠬᠤ ᠦᠭᠡᠢ᠃ ᠢᠩᠭᠢᠬᠦᠯᠡᠷ ᠪᠡᠯᠭᠡ ᠡᠷᠬᠡᠲᠡᠨ ᠦ᠌ ᠠᠷᠢᠭᠤᠨ ᠴᠡᠪᠡᠷ ᠢ᠋ ᠰᠠᠬᠢᠵᠤ ᠰᠤᠷᠭᠠᠬᠤ ᠨᠢ ᠵᠠᠩ ᠰᠤᠷᠲᠠᠬᠤᠨ ᠤ᠋ ᠴᠦ᠍ ᠠᠴᠢ ᠬᠣᠯᠪᠣᠭᠳᠠᠯ ᠲᠠᠢ᠃ ᠥᠰᠪᠥᠷᠢ ᠨᠠᠰᠤᠨ ᠤ᠋ ᠥᠬᠢᠳ ᠬᠥᠪᠡᠭᠦᠳ ᠮᠠᠰᠢ ᠡᠮᠵᠡᠭᠬᠡᠨ ᠤᠯᠤᠰ ᠪᠠᠢᠳᠠᠭ᠃ ᠡᠭᠡᠴᠢ ᠨᠢ ᠨᠢᠭᠡ ᠬᠥᠪᠡᠭᠦᠨ ᠳ᠋ᠦ᠍ ᠰᠠᠢᠨ ᠪᠣᠯᠵᠤ ᠲᠡᠭᠦᠨ ᠳ᠋ᠦ᠍ ᠪᠢᠴᠢᠭ᠍ᠰᠡᠨ ᠵᠠᠬᠢᠶ᠎ᠠ ᠶ᠋ᠢ ᠳᠡᠭᠦᠦ ᠨᠢ ᠰᠠᠨᠠᠮᠰᠠᠷ ᠦᠭᠡᠢ ᠣᠯᠵᠤ ᠠᠪᠤᠭᠠᠳ ᠤᠴᠢᠷ ᠦᠭᠡᠢ ᠡᠯᠡᠭᠯᠡᠨ ᠱᠣᠣᠯᠠᠵᠤ ᠬᠡᠦᠬᠡᠳ ᠦ᠋ᠳ ᠲᠦ᠍ ᠲᠠᠷᠠᠭᠠᠨ᠎ᠠ ᠭᠡᠰᠡᠨ ᠡᠴᠡ ᠪᠣᠯᠵᠤ5 ᠳᠠᠪᠬᠤᠷ ᠲᠠᠭᠲᠤᠨ ᠠ᠋ᠴᠠ ᠦᠰᠦᠷᠴᠦ ᠨᠠᠰᠤ ᠪᠠᠷ ᠢ᠋ᠶ᠋ᠠᠨ ᠡᠷᠡᠮᠳᠡᠭ ᠵᠡᠷᠡᠮᠳᠡᠭ ᠪᠣᠯᠤᠭᠰᠠᠨ ᠭᠠᠰᠢᠭᠤᠨ ᠰᠤᠷᠭᠠᠮᠵᠢ ᠲᠠᠢ ᠶᠠᠪᠤᠳᠠᠯ ᠪᠣᠢ᠃ ᠡᠢᠮᠦ ᠡᠴᠡ ᠥᠬᠢᠳ ᠬᠥᠪᠡᠭᠦᠳ ᠦ᠋ᠨ ᠦᠶᠡᠷᠬᠡᠯ᠂ ᠨᠥᠬᠥᠷᠯᠡᠯ ᠢ᠋ ᠭᠤᠲᠤᠭᠠᠵᠤ ᠬᠡᠷᠬᠢᠪᠡᠴᠦ ᠪᠣᠯᠬᠤ ᠦᠭᠡᠢ᠃ ᠢᠩᠭᠢᠪᠡᠯ ᠲᠡᠳᠡᠨ ᠦ᠌ ᠰᠡᠳᠬᠢᠯ ᠢ᠋ ᠶᠠᠭᠤ ᠶᠠᠭᠤᠨ ᠠ᠋ᠴᠠ ᠴᠦ᠍ ᠬᠦᠴᠦᠲᠡᠢ ᠨᠥᠯᠥᠭᠡᠯᠡᠵᠦ ᠶᠠᠭᠤᠨ ᠳ᠋ᠤ᠌ ᠴᠦ᠍ ᠬᠦᠷᠭᠡᠵᠦ ᠮᠡᠳᠡᠨ᠎ᠡ᠃ ᠥᠰᠪᠥᠷᠢ ᠨᠠᠰᠤᠨ ᠤ᠋ ᠬᠡᠦᠬᠡᠳ ᠦ᠋ᠳ ᠦ᠋ᠨ ᠲᠣᠮᠣᠴᠤᠳ ᠬᠣᠭᠣᠷᠣᠨᠳᠣᠬᠢ ᠨᠠᠨᠳᠢᠨ ᠬᠠᠷᠢᠴᠠᠭ᠎ᠠ ᠶ᠋ᠢ ᠬᠡᠲᠦᠷᠬᠡᠢ ᠢᠯᠠᠨ ᠳᠠᠯᠠᠨ ᠦᠭᠡᠢ ᠦᠵᠡᠭᠦᠯᠦᠭᠰᠡᠨ ᠺᠢᠨᠣ᠋ ᠦᠵᠡᠬᠦ᠂ ᠨᠣᠮ ᠤᠩᠰᠢᠬᠤ ᠶ᠋ᠢ ᠬᠣᠷᠢᠭᠯᠠᠪᠠᠯ ᠵᠣᠬᠢᠨ᠎ᠠ᠃ ᠭᠡᠬᠦ ᠳ᠋ᠡᠭᠡᠨ ᠡᠳᠡᠭᠡᠷ ᠦ᠋ᠨ ᠤᠴᠠᠷᠠᠭᠤᠯᠬᠤ ᠬᠣᠣᠷ ᠤᠷᠰᠢᠭ ᠨᠢ ᠶᠠᠭᠤ ᠦᠵᠡᠭᠦᠯᠵᠦ ᠪᠠᠢᠭ᠎ᠠ ᠠ᠋ᠴᠠ ᠪᠤᠰᠤ᠂ ᠬᠠᠷᠢᠨ ᠶᠠᠭᠠᠬᠢᠵᠤ᠂ ᠶᠠᠮᠠᠷ ᠪᠠᠢᠳᠠᠯ ᠢ᠋ᠶ᠋ᠠᠷ ᠬᠦᠯᠢᠶᠡᠨ ᠠᠪᠴᠤ ᠪᠠᠢᠭ᠎ᠠ ᠠ᠋ᠴᠠ ᠯᠠ ᠰᠢᠯᠲᠠᠭᠠᠯᠠᠨ᠎ᠠ᠃ ᠡᠨᠡ ᠨᠢ ᠶᠠᠭᠤᠨ ᠤ᠋ ᠲᠡᠷᠢᠭᠦᠨ ᠬᠥᠮᠦᠵᠢᠯ ᠡᠴᠡ ᠯᠡ ᠪᠣᠯᠤᠨ᠎ᠠ ᠭᠡᠰᠡᠨ ᠦᠭᠡ᠃ ᠬᠡᠷᠪᠡ ᠥᠬᠢᠳ ᠬᠥᠪᠡᠭᠦᠳ ᠲᠦ᠍ ᠡᠷ᠎ᠡ ᠡᠮ᠎ᠡ ᠶ᠋ᠢᠨ ᠶᠣᠰᠣᠨ ᠤ᠋ ᠵᠣᠬᠢᠬᠤ ᠵᠥᠪ ᠬᠥᠮᠦᠵᠢᠯ ᠣᠯᠭᠣᠵᠤ ᠴᠢᠳᠠᠭᠰᠠᠨ ᠪᠣᠯ ᠲᠡᠢᠮᠦ ᠴᠦ᠍ ᠶᠡᠬᠡ ᠰᠦᠢᠳ ᠲᠡᠢ ᠶᠠᠭᠤᠮ᠎ᠠ ᠪᠣᠯᠬᠤ ᠦᠭᠡᠢ᠃
ᠬᠡᠷᠪᠡ ᠢᠩᠭᠢᠵᠦ ᠴᠢᠳᠠᠭ᠎ᠠ ᠦᠭᠡᠢ ᠪᠣᠯ ᠬᠡᠦᠬᠡᠳ ᠲᠦ᠍ ᠬᠦᠴᠦᠲᠡᠢ ᠨᠥᠯᠥᠭᠡᠯᠡᠵᠦ᠂ ᠪᠤᠷᠤᠭᠤ ᠵᠠᠮ ᠳ᠋ᠤ᠌ ᠲᠡᠳᠡᠨ ᠣᠷᠣᠭᠤᠯᠵᠤ ᠮᠡᠳᠡᠨ᠎ᠡ᠃ ᠬᠥᠮᠦᠨ ᠪᠣᠯᠭᠠᠨ ᠪᠠᠭᠰᠢ ᠪᠣᠯᠬᠤ ᠦᠭᠡᠢ᠂ ᠬᠠᠷᠢᠨ ᠬᠥᠮᠦᠨ ᠪᠣᠯᠭᠠᠨ ᠡᠴᠢᠭᠡ ᠡᠬᠡ ᠪᠣᠯᠤᠨ᠎ᠠ ᠰᠢᠦ ᠳᠡ᠃ ᠡᠢᠮᠦ ᠡᠴᠡ ᠬᠥᠮᠦᠨ ᠪᠣᠯᠭᠠᠨ ᠤ᠋ ᠡᠵᠡᠮᠰᠢᠪᠡᠯ ᠵᠣᠬᠢᠬᠤ ᠴᠢᠬᠤᠯᠠ ᠬᠥᠮᠦᠵᠢᠯ ᠪᠣᠯ ᠪᠡᠯᠭᠡ ᠶ᠋ᠢᠨ ᠬᠥᠮᠦᠵᠢᠯ ᠶᠠᠭᠠᠬᠢᠬᠤ ᠶ᠋ᠢᠨ ᠠᠷᠭ᠎ᠠ ᠦᠭᠡᠢ ᠮᠥᠨ᠃ ᠪᠢᠳᠡᠨ ᠦ᠌ ᠦᠶ᠎ᠡ ᠬᠡᠦᠬᠡᠳ ᠡᠳᠦᠷ ᠬᠣᠨᠣᠭ ᠢ᠋ᠶ᠋ᠠᠷ ᠥᠰᠴᠦ ᠥᠨᠳᠡᠢᠵᠦ ᠪᠠᠢᠨ᠎ᠠ᠃ ᠥᠰᠴᠦ ᠲᠣᠷᠨᠢᠬᠤ ᠶ᠋ᠢᠨ ᠬᠢᠷᠢ ᠪᠡᠷ ᠪᠡᠶ᠎ᠡ ᠣᠷᠭᠠᠨᠢᠰᠮ ᠳ᠋ᠤᠨᠢ ᠥᠭᠡᠷᠡᠴᠢᠯᠡᠯᠲᠡ ᠣᠷᠣᠵᠤ ᠬᠥᠮᠦᠨ ᠳ᠋ᠦ᠍ ᠶᠠᠭᠤ ᠪᠠᠢᠬᠤ ᠶᠣᠰᠣᠲᠠᠢ ᠪᠣᠢ ᠲᠡᠷᠡ ᠪᠦᠭᠦᠳᠡ ᠶ᠋ᠢ ᠪᠠᠢᠭᠠᠯᠢ ᠡᠬᠡ ᠬᠠᠷᠠᠮ ᠦᠭᠡᠢ ᠬᠠᠢᠷᠠᠯᠠᠨ᠎ᠠ᠃ ᠲᠡᠷᠡ ᠦᠶ᠎ᠡ ᠳ᠋ᠦ᠍ ᠠᠮᠢᠳᠤᠷᠠᠯ ᠤ᠋ᠨ ᠠᠯᠬᠤᠮ ᠪᠦᠷᠢ ᠳ᠋ᠦ᠍ ᠦᠯᠦ ᠮᠡᠳᠡᠬᠦ ᠠᠰᠠᠭᠤᠯᠲᠠ ᠪᠣᠯᠤᠨ ᠡᠮᠦᠨ᠎ᠡ ᠨᠢ ᠲᠤᠯᠭᠠᠷᠠᠬᠤ ᠪᠣᠢ᠃ ᠭᠡᠲᠡᠯ᠎ᠡ ᠬᠠᠷᠢᠭᠤᠯᠲᠠ ᠪᠣᠯᠭᠠᠨ ᠢ᠋ ᠭᠤᠳᠤᠮᠵᠢᠨ ᠠ᠋ᠴᠠ᠂ ᠳᠠᠮ ᠶᠠᠷᠢᠶᠠᠨ ᠠ᠋ᠴᠠ᠂ ᠥᠪᠡᠷ ᠦ᠋ᠨ ᠢᠵᠢᠯᠢ ᠨᠥᠬᠥᠳ ᠡᠴᠡ ᠪᠡᠨ ᠡᠷᠢᠵᠦ ᠶᠠᠪᠤᠬᠤ ᠶᠤᠮ ᠭᠡᠵᠦ ᠤᠤ! ᠢᠩᠭᠢᠭᠡᠳ ᠬᠠᠷᠢᠭᠤᠯᠲᠠ ᠣᠯᠳᠠᠬᠤ ᠦᠭᠡᠢ ᠪᠡᠷ ᠮᠤᠬᠤᠷᠳᠠᠮᠠᠯ ᠪᠠᠢᠳᠠᠯ ᠳ᠋ᠤ᠌ ᠣᠷᠣᠭᠠᠳ ᠢᠷᠡᠬᠦ ᠪᠡᠷ ᠶᠣᠰᠣᠲᠠᠢ ᠯᠠ ᠥᠨᠥᠬᠢ《ᠪᠣᠷᠣ ᠵᠢᠷᠦᠬᠡ ᠪᠡᠷ ᠢ᠋ᠶ᠋ᠡᠨ》 ᠠᠮᠢᠳᠤᠷᠠᠨ᠎ᠠ ᠭᠡᠳᠡᠭ ᠪᠣᠯᠤᠨ᠎ᠠ ᠳᠠ᠃ ᠡᠨᠡ《ᠪᠣᠷᠣ ᠵᠢᠷᠦᠬᠡ》 ᠡᠴᠦᠰ ᠲᠡᠭᠡᠨ ᠶᠠᠭᠤᠨ ᠳ᠋ᠤ᠌ ᠬᠦᠷᠭᠡᠳᠡᠭ ᠢ᠋ ᠨᠤᠲᠠᠯᠠᠭᠰᠠᠨ ᠭᠠᠰᠢᠭᠤᠨ ᠲᠤᠷᠰᠢᠯᠭ᠎ᠠ ᠪᠢᠳᠡᠨ ᠳ᠋ᠦ᠍ ᠪᠠᠭᠠᠳᠠᠭ᠎ᠠ ᠦᠭᠡᠢ᠃ ᠪᠢᠳᠡ1990 ᠣᠨ ᠤ᠋4 ᠳ᠋ᠦ᠍ᠭᠡᠷ ᠰᠠᠷ᠎ᠠ ᠳ᠋ᠤ᠌ ᠲᠠᠷᠢᠳᠤ ᠳ᠋ᠠᠬᠢ ᠬᠥᠮᠦᠵᠢᠯ ᠬᠥᠳᠡᠯᠮᠦᠷᠢ ᠶ᠋ᠢᠨ ᠬᠡᠦᠬᠡᠳ ᠦ᠋ᠨ ᠺᠣᠯᠣᠨᠢ ᠶ᠋ᠢᠨ ᠶᠠᠯ᠎ᠠ ᠡᠳ᠋ᠯᠡᠵᠦ ᠪᠠᠢᠭ᠎ᠠ ᠬᠡᠦᠬᠡᠳ ᠦ᠋ᠳ ᠢ᠋ ᠰᠤᠳᠤᠯᠵᠤ ᠦᠵᠡᠬᠦ ᠳ᠋ᠦ᠍ ᠲᠡᠳᠡᠨ ᠦ᠌1/3 ᠨᠢ ᠬᠦᠴᠦᠨ ᠦ᠌ ᠬᠡᠷᠡᠭᠲᠡᠨ ᠪᠠᠢᠭᠰᠠᠨ ᠶᠤᠮ᠃ ᠲᠡᠳᠡ ᠶᠡᠬᠡᠪᠴᠢᠯᠡᠨ《ᠶᠠᠮᠠᠷ ᠬᠦ᠌ ᠶᠠᠭᠤᠮ᠎ᠠ》 ᠪᠠᠢᠳᠠᠭ ᠢ᠋ ᠦᠵᠡᠬᠦ ᠪᠡᠷ ᠱᠣᠬᠣᠭᠣᠷᠠᠭᠰᠠᠨ ᠭᠡᠵᠦ ᠥᠪᠡᠷᠰᠡᠳ ᠦ᠋ᠨ ᠦᠢᠯᠡᠳᠦᠭᠰᠡᠨ ᠬᠡᠷᠡᠭ ᠢ᠋ᠶ᠋ᠡᠨ ᠲᠠᠢᠯᠪᠤᠷᠢᠯᠠᠵᠤ ᠪᠠᠢᠪᠠ᠃ ᠦᠨᠡᠨ ᠪᠠᠢᠳᠠᠯ ᠡᠢᠮᠦ ᠯᠡ ᠪᠠᠢᠭ᠎ᠠ ᠶ᠋ᠢ ᠪᠢᠳᠡ ᠮᠡᠳᠡᠭᠰᠡᠨ᠃ ᠡᠭᠦᠨ ᠡᠴᠡ ᠦᠵᠡᠪᠡᠯ᠂ ᠲᠡᠳᠡ ᠰᠢᠭᠦᠭᠴᠢ ᠶ᠋ᠢᠨ ᠶᠠᠯᠠᠳᠠᠯᠭᠠ ᠪᠠᠷ ᠬᠠᠤᠯᠢ ᠡᠷᠬᠡ ᠶ᠋ᠢᠨ ᠮᠡᠳᠡᠯᠭᠡ ᠨᠢᠮᠭᠡᠨ ᠳ᠋ᠡᠭᠡᠨ ᠪᠢᠰᠢ᠂ ᠡᠷ᠎ᠡ ᠡᠮ᠎ᠡ ᠶ᠋ᠢᠨ ᠶᠣᠰᠣᠨ ᠤ᠋ ᠬᠥᠮᠦᠵᠢᠯ ᠮᠠᠭᠤ ᠠ᠋ᠴᠠ ᠭᠡᠮᠲᠦ ᠬᠡᠷᠡᠭ ᠦᠢᠯᠡᠳᠬᠦ ᠦᠨᠳᠦᠰᠦᠨ ᠨᠥᠬᠥᠴᠡᠯ ᠰᠢᠯᠲᠠᠭᠠᠨ ᠨᠢ ᠪᠣᠯᠳᠠᠭ ᠶᠤᠮ ᠪᠢᠰᠢ ᠪᠠᠢᠭ᠎ᠠ ᠭᠡᠰᠡᠨ ᠪᠣᠳᠣᠯ ᠲᠥᠷᠥᠭᠰᠡᠨ ᠶᠦᠮ᠃ ᠬᠡᠷᠪᠡ ᠡᠨᠡ ᠲᠤᠬᠠᠢ ᠮᠡᠳᠡᠵᠦ ᠪᠠᠢᠭᠰᠠᠨ᠂ ᠵᠢᠭᠠᠯᠭᠠᠭᠰᠠᠨ ᠪᠣᠯ ᠡᠷ᠎ᠡ ᠡᠮ᠎ᠡ ᠶ᠋ᠢᠨ ᠶᠣᠰᠣᠨ— ᠡᠷᠬᠢᠮ ᠶᠣᠰᠣ ᠭᠡᠳᠡᠭ ᠢ᠋ ᠣᠢᠯᠠᠭᠠᠬᠤ ᠪᠠᠢᠭᠰᠠᠨ ᠪᠣᠯ ᠪᠡᠯᠭᠡ ᠶ᠋ᠢᠨ ᠠᠮᠢᠳᠤᠷᠠᠯ ᠤ᠋ᠨ ᠨᠠᠭᠠᠳᠤ ᠵᠠᠬ᠎ᠠ ᠶ᠋ᠢᠨ ᠭᠡᠮ ᠬᠡᠮᠵᠢᠶ᠎ᠡ ᠶ᠋ᠢ ᠬᠡᠳᠦᠢᠨ ᠮᠡᠳᠡᠵᠦ᠂ ᠥᠪᠡᠷ ᠢ᠋ ᠪᠡᠨ ᠵᠠᠬᠢᠷᠴᠤ᠂ ᠤᠳᠤᠷᠢᠳᠬᠤ ᠴᠢᠳᠠᠪᠤᠷᠢ ᠲᠠᠢ ᠢᠷᠭᠡᠨ ᠪᠣᠯᠬᠤ ᠪᠠᠢᠭᠰᠠᠨ ᠪᠤᠰᠤ ᠤᠤ᠃ ᠢᠩᠭᠢᠬᠦᠯᠡᠷ ᠪᠢᠳᠡ ᠣᠯᠠᠨᠲᠠ ᠰᠣᠨᠣᠰᠴᠤ᠂ ᠪᠠᠷᠤᠭ ᠴᠢᠬᠢ ᠲᠦᠭᠵᠢᠷᠡᠵᠦ ᠣᠯᠢᠭ ᠪᠣᠯᠤᠭᠰᠠᠨ ᠶᠣᠰᠣ ᠰᠤᠷᠲᠠᠬᠤᠨ ᠤ᠋᠂ ᠪᠡᠶ᠎ᠡ ᠪᠢᠯᠳᠠᠷ ᠤ᠋ᠨ᠂ ᠬᠥᠳᠡᠯᠮᠦᠷᠢ ᠶ᠋ᠢᠨ᠂ ᠭᠤᠸ᠎ᠠ ᠵᠦᠢ ᠶ᠋ᠢᠨ ᠬᠥᠮᠦᠵᠢᠯ ᠡᠴᠡ ᠢᠯᠡᠭᠦᠦ ᠴᠦ᠍ ᠪᠢᠰᠢ ᠶᠦᠮ ᠭᠡᠬᠦ ᠳ᠋ᠦ᠍ ᠶᠠᠭᠠᠬᠢᠪᠠᠴᠤ ᠳᠤᠲᠠᠭᠤ ᠦᠭᠡᠢ ᠠᠴᠢ ᠬᠣᠯᠪᠣᠭᠳᠠᠯ ᠲᠠᠢ ᠪᠡᠯᠭᠡ ᠶ᠋ᠢᠨ ᠬᠥᠮᠦᠵᠢᠯ ᠢ᠋ ᠦᠷ᠎ᠡ ᠬᠡᠦᠬᠡᠳ ᠲᠡᠭᠡᠨ ᠣᠯᠭᠣᠭᠠᠳ ᠵᠣᠭᠰᠣᠬᠤ ᠦᠭᠡᠢ ᠡᠴᠢᠭᠡ ᠡᠬᠡᠴᠦᠳ ᠥᠪᠡᠷᠰᠡᠳ ᠢ᠋ᠶ᠋ᠡᠨ ᠴᠦ᠍ ᠰᠠᠢᠨ ᠮᠡᠳᠡᠬᠦ ᠬᠡᠷᠡᠭᠲᠡᠢ ᠶ᠋ᠢ ᠬᠠᠷᠠᠭᠤᠯᠵᠤ ᠪᠠᠢᠭ᠎ᠠ ᠶᠤᠮ᠃
