ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠵᠢᠷᠭᠤᠭ᠎ᠠ〕 Цаг төрийн үймээн – Д ᠂ Намдаг - Амьдралын зам ᠂ нэгдүгээр бүлэг - 6 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠵᠢᠷᠭᠤᠭ᠎ᠠ〕 Цаг төрийн үймээн – Д ᠂ Намдаг - Амьдралын зам ᠂ нэгдүгээр бүлэг - 6

ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠵᠢᠷᠭᠤᠭ᠎ᠠ〕 Цаг төрийн үймээн – Д ᠂ Намдаг - Амьдралын зам ᠂ нэгдүгээр бүлэг - 6

ᠠᠩᠭᠢᠯᠠᠯ:ᠲᠤᠭᠤᠵᠢ ᠷᠣᠮᠠᠨ
2025-07-15

561

ᠪᠠᠭᠰᠢ ᠶᠢᠨ ᠠᠢᠯᠠᠳᠬᠠᠪᠤᠷᠢ


       ᠲᠥᠷᠥ ᠶ᠋ᠢᠨ ᠬᠠᠷ᠎ᠠ ᠬᠥᠮᠦᠨ ᠪᠣᠯᠬᠤ ᠭᠡᠵᠦ ᠲᠣᠯᠣᠭᠠᠢ ᠳᠡᠭᠡᠷ᠎ᠡ ᠳᠠᠪ ᠲᠠᠯᠪᠢᠭᠰᠠᠨ ᠨᠢ ᠨᠡᠯᠢᠶᠡᠳ ᠤᠷᠭᠤᠭᠰᠠᠨ ᠪᠣᠯᠪᠠᠴᠤ ᠰᠦᠯᠵᠢᠶᠡᠰᠦ ᠠᠪᠬᠤ ᠪᠣᠯᠤᠭ᠎ᠠ ᠦᠭᠡᠢ ᠪᠠᠢᠭ᠎ᠠ ᠭᠡᠵᠢᠭᠡ ᠲᠡᠢ ᠰᠥᠭᠰᠡᠭᠡᠷ ᠬᠦᠦ ᠶ᠋ᠢᠨ ᠨᠡᠷ᠎ᠡ ᠨᠠᠮᠰᠠᠷᠠᠢ᠂ ᠨᠠᠰᠤ ᠠᠷᠪᠠᠨ ᠵᠢᠷᠭᠤᠭ᠎ᠠ ᠣᠷᠴᠢᠮ᠂ ᠣᠷᠣᠨ ᠨᠤᠲᠤᠭ ᠨᠢ ᠬᠥᠳᠡᠭᠡ ᠪᠥᠭᠡᠳ ᠡᠷᠳᠡᠮ ᠨᠣᠮ ᠰᠤᠷᠬᠤ ᠪᠠᠷ ᠨᠠᠮᠤᠷ ᠤ᠋ᠨ ᠳᠤᠮᠳᠠ ᠰᠠᠷ᠎ᠠ ᠶ᠋ᠢᠨ ᠦᠶ᠎ᠡ ᠪᠡᠷ ᠡᠨᠳᠡ ᠣᠷᠣᠵᠤ ᠢᠷᠡᠭᠡᠳ ᠬᠠᠪᠤᠷ ᠤ᠋ᠨ ᠰᠡᠭᠦᠯ ᠰᠠᠷ᠎ᠠ ᠶ᠋ᠢᠨ ᠰᠢᠪᠲᠤᠷᠭ᠎ᠠ ᠪᠠᠷ ᠪᠤᠴᠠᠳᠠᠭ ᠪᠠᠢᠯ᠎ᠠ᠃ ᠵᠢᠭᠠᠯᠭᠠᠬᠤ ᠵᠦᠢᠯ ᠨᠢ ᠮᠣᠩᠭᠣᠯ᠂ ᠮᠠᠨᠵᠤ᠂ ᠬᠢᠲᠠᠳ ᠭᠤᠷᠪᠠᠨ ᠲᠥᠷᠥᠯ ᠦ᠋ᠨ ᠬᠡᠯᠡ ᠪᠢᠴᠢᠭ ᠪᠣᠯᠬᠤ ᠠ᠋ᠴᠠ ᠭᠠᠳᠠᠨ᠎ᠠ ᠰᠤᠸᠠᠮᠫᠠᠨ ᠴᠣᠬᠢᠨ ᠲᠣᠭ᠎ᠠ ᠪᠣᠳᠣᠨ᠎ᠠ᠃ ᠡᠢᠨ ᠬᠦ᠌ ᠪᠠᠯᠳᠠᠨᠴᠢᠷᠢᠩ ᠤ᠋ᠨ ᠳᠡᠷᠭᠡᠳᠡ ᠰᠠᠭᠤᠭᠰᠠᠭᠠᠷ ᠡᠳᠦᠭᠡ ᠭᠤᠷᠪᠠᠳᠠᠬᠢ ᠵᠢᠯ ᠳᠡᠭᠡᠷ᠎ᠡ ᠶᠠᠪᠤᠭ᠎ᠠ ᠪᠢᠯᠡ᠃ ᠭᠡᠲᠡᠯ᠎ᠡ ᠰᠡᠭᠦᠯᠴᠢ ᠶ᠋ᠢᠨ ᠬᠡᠳᠦᠨ ᠡᠳᠦᠷ ᠪᠠᠭᠰᠢ ᠨᠢ ᠶᠡᠷᠦ ᠬᠢᠴᠢᠶᠡᠯ ᠵᠢᠭᠠᠭᠰᠠᠨ ᠦᠭᠡᠢ ᠪᠥᠭᠡᠳ ᠴᠣᠬᠣᠮ ᠶᠠᠭᠤᠨ ᠠ᠋ᠴᠠ ᠪᠣᠯᠤᠭᠰᠠᠨ ᠢ᠋ ᠨᠠᠮᠰᠠᠷᠠᠢ ᠦᠯᠦ ᠮᠡᠳᠡᠨ᠎ᠡ᠃ ᠠᠵᠢᠬᠤ ᠳ᠋ᠤ᠌ ᠵᠢᠰᠦ ᠴᠢᠷᠠᠢ ᠨᠢ ᠳᠣᠷᠣᠢᠲᠠᠨ ᠴᠣᠩᠬᠣᠢᠵᠤ ᠦᠷᠭᠦᠯᠵᠢ ᠳᠡᠭᠡᠭᠰᠢ ᠭᠥᠯᠢᠷᠡᠨ ᠬᠡᠪᠲᠡᠬᠦ ᠪᠣᠯᠤᠭᠰᠠᠨ ᠢ᠋ ᠨᠢ ᠪᠣᠳᠣᠪᠠᠯ ᠶᠠᠮᠠᠷ ᠨᠢᠭᠡᠨ ᠬᠦᠨᠳᠦ ᠡᠪᠡᠳᠴᠢᠨ ᠬᠦᠷᠦᠭᠰᠡᠨ ᠪᠣᠯᠪᠠ ᠤᠤ? ᠭᠡᠵᠦ ᠳᠣᠲᠣᠷ᠎ᠠ ᠪᠠᠨ ᠪᠠᠬᠠᠨ ᠵᠣᠪᠠᠳᠠᠭ ᠪᠠᠢᠯ᠎ᠠ᠃ ᠬᠠᠷᠢᠨ ᠥᠴᠥᠭᠡᠳᠦᠷ ᠨᠠᠮᠰᠠᠷᠠᠢ ᠡᠪᠡᠳᠴᠢᠲᠡᠨ ᠬᠥᠮᠦᠨ ᠳ᠋ᠦ᠍ ᠡᠮ ᠵᠠᠯᠠᠭᠤᠯᠤᠭᠰᠠᠨ ᠤ᠋ ᠪᠠᠨ ᠳᠠᠷᠠᠭ᠎ᠠ ᠡᠷᠭᠢᠵᠦ ᠢᠷᠡᠭᠡᠳ ᠪᠠᠭᠰᠢ ᠶ᠋ᠢᠨ ᠢ᠋ᠶ᠋ᠡᠨ ᠡᠵᠡᠭᠦᠢ ᠪᠠᠢᠬᠤ ᠳ᠋ᠤ᠌ ᠪᠡᠶ᠎ᠡ ᠨᠢ ᠰᠠᠢᠵᠢᠷᠠᠵᠤ ᠪᠠᠢᠭ᠎ᠠ ᠪᠣᠯᠪᠠ ᠤᠤ? ᠭᠡᠵᠦ ᠪᠠᠶᠠᠷᠯᠠᠵᠠᠢ᠃ ᠭᠡᠪᠡᠴᠦ ᠰᠥᠨᠢ ᠢᠷᠡᠬᠦ ᠦᠭᠡᠢ ᠪᠠᠢᠬᠤ ᠳ᠋ᠤᠨᠢ ᠪᠠᠰᠠ ᠯᠠ ᠡᠯᠳᠡᠪ ᠳᠣᠯᠣᠭᠠᠨ ᠵᠣᠷ ᠤ᠋ᠨ ᠶᠠᠭᠤᠮ᠎ᠠ ᠶ᠋ᠢ ᠪᠣᠳᠣᠨ ᠬᠦᠯᠢᠶᠡᠵᠦ ᠪᠠᠢᠭᠠᠳ ᠨᠢᠭᠡ ᠮᠡᠳᠡᠬᠦ ᠳ᠋ᠦ᠍ ᠨᠠᠮ ᠤᠨᠲᠠᠵᠤ ᠣᠷᠬᠢᠭᠰᠠᠨ ᠠᠵᠢ᠃ ᠥᠷᠯᠥᠭᠡ ᠰᠡᠷᠡᠩᠭᠦᠲᠡ ᠪᠡᠨ ᠥᠨᠳᠡᠢᠵᠦ ᠬᠠᠷᠠᠩᠭᠤᠢ ᠶ᠋ᠢᠨ ᠳᠤᠮᠳᠠ ᠪᠠᠭᠰᠢ ᠶ᠋ᠢᠨ ᠠᠮᠢᠰᠬᠤᠯᠯᠠᠬᠤ ᠴᠢᠮᠡᠭᠡ ᠶ᠋ᠢ ᠣᠯᠵᠤ ᠰᠣᠨᠣᠰᠤᠨ ᠪᠠᠶᠠᠷᠯᠠᠭᠰᠠᠨ ᠢ᠋ᠶ᠋ᠠᠨ᠂ ᠶᠠᠭᠠᠷᠠᠨ ᠪᠣᠰᠤᠨ ᠬᠠᠷᠠᠢᠵᠤ᠂ ᠡᠷᠦᠬᠡ ᠪᠡᠨ ᠲᠡᠳᠡᠨ ᠭᠠᠯ ᠲᠦᠯᠡᠵᠦ ᠴᠠᠢ ᠴᠢᠨᠠᠪᠠ᠃ ᠳᠠᠷᠠᠭ᠎ᠠ ᠨᠢ ᠶᠠᠮᠠᠷ ᠴᠦ᠍ ᠠᠨᠢᠷ ᠴᠢᠮᠡᠭᠡ ᠭᠠᠷᠭᠠᠯ ᠦᠭᠡᠢ ᠪᠡᠷ ᠨᠣᠮ ᠢ᠋ᠶ᠋ᠠᠨ ᠪᠠᠷᠢᠨ ᠴᠣᠮᠴᠣᠢᠨ ᠰᠠᠭᠤᠨ᠎ᠠ᠃ ᠪᠠᠯᠳᠠᠨᠴᠢᠷᠢᠩ ᠤ᠋ᠨ ᠥᠨᠳᠡᠢᠬᠦ ᠳ᠋ᠦ᠍ ᠨᠣᠮ ᠢ᠋ᠶ᠋ᠠᠨ ᠶᠠᠭᠠᠷᠠᠨ ᠬᠣᠢᠰᠢ ᠲᠠᠯᠪᠢᠵᠤ ᠭᠠᠷ ᠨᠢᠭᠤᠷ ᠤᠬᠢᠶᠠᠬᠤ ᠤᠰᠤ ᠶ᠋ᠢ ᠨᠢ ᠲᠦᠮᠫᠡᠨ ᠳ᠋ᠦ᠍ ᠬᠢᠬᠦ ᠲᠡᠳᠦᠢ ᠦᠭᠡᠢ ᠠᠯᠴᠢᠭᠤᠷ ᠪᠠᠷᠢᠨ ᠲᠣᠪ ᠳᠤᠭᠤᠢ ᠵᠣᠭᠰᠣᠪᠠ᠃ ᠡᠨᠡ ᠪᠣᠯ ᠨᠠᠮᠰᠠᠷᠠᠢ ᠶ᠋ᠢᠨ ᠡᠳᠦᠷ ᠳᠣᠳᠣᠮ ᠤ᠋ᠨ ᠬᠢᠳᠡᠭ ᠠᠵᠢᠯ ᠪᠠᠢᠯ᠎ᠠ᠃ ᠳᠠᠷᠠᠭ᠎ᠠ ᠳ᠋ᠤᠨᠢ ᠨᠠᠮᠰᠠᠷᠠᠢ ᠪᠠᠭᠰᠢ ᠶ᠋ᠢᠨ ᠢ᠋ᠶ᠋ᠡᠨ ᠥᠷᠯᠥᠭᠡ ᠶ᠋ᠢᠨ ᠵᠠᠭᠤᠰᠢ ᠶ᠋ᠢ ᠰᠢᠷᠡᠭᠡᠨ ᠳᠡᠭᠡᠷ᠎ᠡ ᠲᠠᠯᠪᠢᠭᠠᠳ ᠴᠠᠢ ᠶ᠋ᠢ ᠨᠢ ᠠᠶᠠᠭᠠᠯᠠᠨ ᠭᠠᠷᠳᠠᠭᠤᠯᠵᠤ ᠥᠭᠭᠦᠭᠡᠳ ᠳᠠᠬᠢᠨ ᠨᠣᠮ ᠢ᠋ᠶ᠋ᠠᠨ ᠪᠠᠷᠢᠪᠠ᠃ ᠥᠨᠥᠳᠥᠷ ᠦ᠋ᠨ ᠬᠤᠪᠢ ᠳ᠋ᠤ᠌ ᠨᠠᠮᠰᠠᠷᠠᠢ ᠳ᠋ᠤ᠌ ᠨᠡᠮᠡᠨ ᠰᠤᠷᠴᠤ ᠪᠠᠢᠭ᠎ᠠ ᠶᠠᠭᠤ ᠴᠦ᠍ ᠦᠭᠡᠢ᠂ ᠵᠥᠪᠬᠡᠨ ᠤᠷᠢᠳ ᠤ᠋ᠨ ᠢ᠋ᠶ᠋ᠠᠨ ᠦᠵᠡᠭᠰᠡᠨ ᠢ᠋ ᠳᠡᠮᠡᠢ ᠨᠠᠭᠠᠰᠢ ᠴᠠᠭᠠᠰᠢ ᠨᠢ ᠡᠷᠭᠢᠭᠦᠯᠦᠨ ᠰᠢᠷᠲᠡᠵᠦ ᠪᠠᠢᠭ᠎ᠠ ᠪᠥᠭᠡᠳ ᠰᠡᠳᠬᠢᠯ ᠳ᠋ᠡᠭᠡᠨ《ᠪᠠᠭᠰᠢ ᠥᠨᠥᠳᠥᠷ ᠨᠣᠮ ᠵᠢᠭᠠᠬᠤ ᠪᠣᠯ ᠤᠤ? ᠦᠭᠡᠢ ᠪᠣᠯ ᠤᠤ?》 ᠭᠡᠵᠦ ᠪᠣᠳᠣᠨ᠎ᠠ᠃ 
       — ᠥᠨᠥᠬᠢ ᠡᠪᠡᠳᠴᠢᠲᠡᠨ ᠬᠥᠮᠦᠨ ᠮᠠᠨᠢ ᠶᠠᠭᠤ ᠪᠣᠯᠵᠤ ᠪᠠᠢᠭ᠎ᠠ ᠪᠢᠯᠡ ᠳᠠ᠂ ᠭᠡᠬᠦ ᠳ᠋ᠦ᠍ ᠨᠢ᠄ 
       — ᠪᠠᠭᠰᠢ ᠠ᠋᠂ ᠥᠴᠥᠭᠡᠳᠦᠷ ᠣᠷᠣᠢ ᠪᠣᠯᠲᠠᠯ᠎ᠠ ᠠᠮᠢᠰᠬᠤᠯ ᠨᠢ ᠰᠤᠯᠠ ᠴᠢᠭ ᠢ᠋ᠶ᠋ᠡᠷ ᠢ᠋ᠶ᠋ᠡᠨ ᠯᠡ ᠪᠠᠢᠭᠰᠠᠨ ᠳᠠ ᠭᠡᠳ ᠨᠠᠮᠰᠠᠷᠠᠢ᠄
       — ᠲᠠ ᠨᠣᠮ ᠵᠢᠭᠠᠬᠤ ᠤᠤ? ᠭᠡᠳᠡᠭ ᠦᠭᠡ ᠶ᠋ᠢ ᠠᠮᠠᠨ ᠠ᠋ᠴᠠ ᠪᠠᠨ ᠠᠷᠠᠢ ᠭᠡᠵᠦ ᠭᠠᠷᠭᠠᠵᠤ ᠬᠡᠯᠡᠪᠡ᠃ ᠪᠠᠯᠳᠠᠨᠴᠢᠷᠢᠩ ᠳᠤᠭᠤᠯᠠᠭ᠎ᠠ ᠦᠭᠡᠢ ᠮᠡᠲᠦ ᠠᠶᠠᠭ᠎ᠠ ᠲᠠᠢ ᠴᠠᠢ ᠤᠷᠤᠭᠤ ᠪᠠᠨ ᠭᠥᠯᠢᠷᠡᠨ ᠰᠠᠭᠤᠭᠰᠠᠨ ᠢ᠋ᠶ᠋ᠠᠨ᠂ ᠰᠠᠨᠠᠭ᠎ᠠ ᠠᠯᠳᠠᠭᠠᠳ᠄ 
       — ᠦᠭᠡᠢ ᠠ᠋᠂ ᠵᠢᠭᠠᠬᠤ ᠦᠭᠡᠢ᠂ ᠶᠡᠷᠦ ᠨᠢ ᠨᠣᠮ ᠰᠤᠷᠬᠤ ᠶ᠋ᠢᠨ ᠬᠡᠷᠡᠭ ᠶᠠᠭᠤ ᠪᠢᠯᠡ? 
       ᠨᠠᠮᠰᠠᠷᠠᠢ ᠶ᠋ᠢᠨ ᠰᠡᠳᠬᠢᠯ ᠲᠤᠩ ᠠᠶ᠎ᠠ ᠦᠭᠡᠢ ᠪᠣᠯᠪᠠ᠃ ᠶᠠᠭᠤᠨ ᠤ᠋ ᠤᠷᠢᠳ ᠥᠪᠡᠷ ᠢ᠋ ᠪᠡᠨ ᠶᠠᠮᠠᠷ ᠨᠢᠭᠡᠨ ᠪᠤᠷᠤᠭᠤ ᠲᠠᠢ ᠶᠠᠭᠤᠮ᠎ᠠ ᠬᠢᠭᠰᠡᠨ ᠡᠴᠡ ᠡᠢᠮᠦ ᠪᠣᠯᠪᠠ ᠤᠤ ᠭᠡᠵᠦ ᠰᠡᠳᠬᠢᠯ ᠲᠦᠭᠰᠢᠨ᠎ᠡ᠃ ᠥᠩᠭᠡᠷᠡᠭᠰᠡᠨ ᠬᠡᠷᠡᠭ ᠦ᠋ᠳ ᠢ᠋ ᠡᠷᠭᠢᠴᠡᠭᠦᠯᠦᠨ ᠦᠵᠡᠬᠦ ᠳ᠋ᠦ᠍ ᠨᠢᠭᠡ ᠤᠳᠠᠭ᠎ᠠ ᠪᠤᠤᠵᠠᠨ ᠤ᠋ ᠮᠢᠬᠠᠨ ᠳ᠋ᠤ᠌ ᠳᠠᠪᠤᠰᠤ ᠮᠠᠷᠲᠠᠭᠰᠠᠨ ᠠ᠋ᠴᠠ ᠥᠭᠡᠷ᠎ᠡ ᠣᠰᠣᠯ ᠡᠨᠳᠡᠯ ᠭᠠᠷᠤᠭ᠎ᠠ ᠦᠭᠡᠢ ᠪᠠᠢᠬᠤ ᠪᠥᠭᠡᠳ ᠶᠡᠷᠦ ᠲᠡᠭᠦᠨ ᠡᠴᠡ ᠡᠢᠮᠦ ᠬᠡᠷᠡᠭ ᠪᠣᠯᠤᠮᠠᠷ ᠦᠭᠡᠢ ᠭᠡᠵᠦ ᠪᠣᠳᠣᠪᠠ᠃ 
       — ᠪᠣᠳᠣᠪᠠᠯ ᠴᠢ ᠶᠠᠭᠠᠬᠢᠭᠠᠳ ᠨᠣᠮ ᠦᠵᠡᠬᠦ ᠬᠡᠷᠡᠭ ᠦᠭᠡᠢ ᠶ᠋ᠢ ᠮᠡᠳᠡᠬᠦ ᠦᠭᠡᠢ ᠪᠠᠢᠭ᠎ᠠ ᠪᠢᠵᠡ ᠳᠡ!
       — ᠵᠠ ᠪᠠᠭᠰᠢ ᠠ᠋᠂ ᠲᠡᠢᠮᠦ᠃ 
       — ᠡᠨᠳᠡ ᠰᠤᠭᠤ᠂ ᠤᠴᠢᠷ ᠢ᠋ ᠨᠢ ᠪᠢ ᠶᠠᠷᠢᠶ᠎ᠠ᠃  ᠨᠠᠮᠰᠠᠷᠠᠢ《ᠵᠠ》 ᠭᠡᠳ ᠳᠣᠣᠷᠠᠬᠠᠨ ᠲᠠᠯ᠎ᠠ ᠳ᠋ᠤᠨᠢ ᠣᠴᠢᠨ ᠡᠭᠡᠭᠡ ᠯᠡ ᠥᠴᠥᠭᠡᠳᠦᠷ ᠦ᠋ᠨ ᠪᠣᠭᠳᠠ ᠳ᠋ᠤ᠌ ᠮᠥᠷᠭᠥᠭᠰᠡᠨ ᠰᠢᠭ ᠪᠥᠬᠥᠢᠨ ᠠᠯᠠᠭ᠎ᠠ ᠬᠠᠪᠰᠤᠷᠤᠨ ᠰᠠᠭᠤᠨ᠎ᠠ᠃ ᠪᠠᠯᠳᠠᠨᠴᠢᠷᠢᠩ ᠠᠶᠠᠭ᠎ᠠ ᠲᠠᠢ ᠴᠠᠢ ᠶ᠋ᠢᠨ ᠢ᠋ᠶ᠋ᠡᠨ ᠰᠢᠪᠬᠠᠷᠤᠤ ᠶ᠋ᠢ ᠶᠡᠬᠡ ᠪᠡᠷ ᠪᠠᠯᠭᠤᠨ《ᠠᠢ ᠰᠢᠭ᠋》 ᠭᠡᠵᠦ ᠠᠶᠠᠭ᠎ᠠ ᠪᠠᠨ ᠰᠢᠷᠡᠭᠡᠨ ᠳᠡᠭᠡᠷ᠎ᠡ ᠲᠠᠯᠪᠢᠨ ᠰᠠᠢᠬᠠᠨ ᠬᠠᠷ᠎ᠠ ᠰᠠᠬᠠᠯ ᠢ᠋ᠶ᠋ᠠᠨ ᠵᠡᠭᠦᠨ ᠪᠠᠷᠠᠭᠤᠨ ᠲᠠᠢᠰᠢ ᠨᠢ ᠰᠡᠯᠡᠭᠦᠯᠦᠨ ᠲᠠᠢᠪᠤᠩ ᠢ᠋ᠶ᠋ᠠᠷ ᠢᠯᠢᠭᠡᠳ ᠦᠭᠡ ᠪᠡᠨ ᠬᠡᠯᠡᠪᠡ᠃ 
       — ᠪᠢ ᠠᠷᠪᠠᠨ ᠨᠠᠰᠤᠲᠠᠢ ᠠ᠋ᠴᠠ ᠪᠠᠨ ᠡᠬᠢᠯᠡᠨ ᠡᠭᠡᠭᠡ ᠯᠡ ᠴᠢᠮ᠎ᠠ ᠰᠢᠭ᠋ ᠡᠨᠡ ᠳᠡᠯᠡᠬᠡᠢ ᠶ᠋ᠢᠨ ᠡᠷᠢᠶᠡᠨ ᠴᠠᠭᠠᠰᠤ ᠨᠤᠭᠤᠳ ᠢ᠋ ᠶᠡᠬᠡ ᠶᠠᠭᠤᠮᠠᠨ ᠳ᠋ᠤ᠌ ᠪᠣᠳᠣᠨ ᠡᠷᠭᠢᠭᠦᠯᠵᠦ ᠡᠬᠢᠯᠡᠭᠰᠡᠨ ᠶᠦᠮ᠃ 
       — ᠵᠠ ᠠ᠋᠃ 
       — ᠪᠠᠭᠰᠢ ᠮᠢᠨᠢ ᠴᠦ᠍ ᠮᠥᠨ ᠣᠳᠣ ᠪᠢ ᠴᠢᠮᠠᠢ᠍ᠢ ᠶᠠᠭᠠᠬᠢᠵᠤ ᠰᠤᠷᠭᠠᠬᠤ ᠭᠡᠵᠦ ᠪᠠᠢᠭ᠎ᠠ ᠰᠢᠭ᠋ ᠬᠠᠮᠤᠭ ᠠᠩᠬᠠᠷᠤᠯ ᠢ᠋ᠶ᠋ᠠᠨ ᠲᠠᠯᠪᠢᠳᠠᠭ ᠪᠠᠢᠯ᠎ᠠ᠃ 
       — ᠵᠠ ᠠ᠋᠃  ᠲᠡᠷᠡ ᠪᠣᠯ ᠮᠠᠨᠵᠤ ᠶ᠋ᠢᠨ ᠦᠶ᠎ᠡ᠃ ᠪᠠᠭᠰᠢ ᠮᠢᠨᠢ ᠳᠠᠯᠠ ᠭᠠᠷᠤᠭᠰᠠᠨ ᠡᠪᠦᠭᠡᠨ᠃ ᠵᠠᠯᠠᠭᠤ ᠳ᠋ᠠᠭᠠᠨ ᠬᠣᠰᠢᠭᠤ ᠵᠠᠬᠢᠷᠤᠭᠴᠢ ᠪᠠᠢᠭᠠᠳ ᠮᠠᠨᠵᠤ ᠶ᠋ᠢᠨ ᠲᠥᠷᠥ ᠳ᠋ᠦ᠍ ᠬᠡᠷᠡᠭ ᠪᠤᠷᠤᠭᠤᠲᠠᠨ ᠵᠡᠷᠭᠡ ᠵᠢᠩᠰᠡ ᠪᠡᠨ ᠠᠯᠳᠠᠭᠰᠠᠨ ᠬᠥᠮᠦᠨ᠃ 
       — ᠵᠠ ᠠ᠋᠃  ᠮᠠᠨᠵᠤ ᠂ ᠬᠢᠲᠠᠳ᠂ ᠲᠥᠪᠡᠳ᠂ ᠮᠣᠩᠭᠣᠯ ᠳᠥᠷᠪᠡᠨ ᠤᠯᠤᠰ ᠤ᠋ᠨ ᠬᠡᠯᠡ ᠪᠢᠴᠢᠭ ᠲᠦ᠍ ᠨᠡᠪᠲᠡᠷᠬᠡᠢ ᠪᠣᠯᠤᠭᠠᠳ ᠲᠡᠷᠡ ᠤᠯᠤᠰ ᠪᠣᠯᠭᠠᠨ ᠤ᠋ ᠲᠡᠦᠬᠡ ᠱᠠᠰᠲᠢᠷ᠂ ᠭᠦᠨ ᠤᠬᠠᠭᠠᠨ᠂ ᠤᠳᠬ᠎ᠠ ᠵᠣᠬᠢᠶᠠᠯ ᠤ᠋ᠳ ᠢ᠋ ᠮᠡᠳᠡᠬᠦ ᠶ᠋ᠢᠨ ᠳᠡᠭᠡᠷ᠎ᠡ ᠥᠪᠡᠷ ᠦ᠋ᠨ ᠤᠯᠤᠰ ᠤ᠋ᠨ ᠲᠡᠦᠬᠡ ᠶ᠋ᠢ ᠰᠤᠳᠤᠯᠤᠭᠰᠠᠨ ᠨᠢ ᠭᠣᠴᠣ᠂ ᠬᠣᠶᠠᠷ ᠮᠢᠩᠭᠠᠨ ᠵᠢᠯ ᠦ᠋ᠨ ᠡᠮᠦᠨᠡᠬᠢ ᠾᠦᠩᠨᠦ᠂ ᠳᠦᠩᠬᠣ᠂ ᠰᠢᠶᠠᠨᠪᠢ ᠠ᠋ᠴᠠ ᠠᠪᠤᠭᠠᠳ ᠬᠥᠬᠡ ᠮᠣᠩᠭᠣᠯ ᠤ᠋ᠨ ᠴᠢᠩᠭᠢᠰ ᠬᠠᠭᠠᠨ᠂ ᠲᠡᠭᠦᠨ ᠦ᠌ ᠬᠣᠢᠴᠢ ᠥᠭᠡᠳᠡᠢ ᠬᠤᠪᠢᠯᠠᠢ᠃ ᠲᠣᠭᠣᠭᠠᠨᠲᠡᠮᠦᠷ ᠡᠳᠡᠭᠡᠷ ᠦ᠋ᠨ ᠶᠠᠪᠤᠳᠠᠯ ᠢ᠋ ᠮᠡᠳᠡᠬᠦ ᠲᠡᠳᠦᠢ ᠦᠭᠡᠢ᠂ ᠲᠡᠷᠡ ᠦᠶ᠎ᠡ ᠶ᠋ᠢᠨ ᠶᠠᠪᠤᠳᠠᠯ ᠤ᠋ᠳ ᠢ᠋ ᠨᠢᠳᠦ ᠪᠡᠷ ᠦᠵᠡᠭᠰᠡᠨ ᠶᠦᠮ ᠰᠢᠭ ᠲᠣᠭᠠᠴᠢᠵᠤ ᠴᠢᠳᠠᠳᠠᠭ ᠰᠠᠨ᠃  ᠳᠠᠷᠠᠭ᠎ᠠ ᠨᠢ ᠮᠠᠨᠵᠤ ᠶ᠋ᠢᠨ ᠬᠠᠭᠠᠳ ᠤ᠋ᠳ ᠤ᠋ᠨ ᠲᠤᠬᠠᠢ ᠲᠡᠳᠡᠨ ᠦ᠌ ᠮᠣᠩᠭᠣᠯ ᠤᠷᠤᠭᠤ ᠶᠠᠪᠤᠭᠤᠯᠵᠤ ᠪᠠᠢᠭᠰᠠᠨ ᠪᠣᠳᠣᠯᠭ᠎ᠠ ᠨᠤᠭᠤᠳ ᠢ᠋ ᠠᠭᠤᠳᠠᠯᠤᠨ ᠶᠠᠷᠢᠬᠤ ᠶ᠋ᠢ ᠨᠢ ᠰᠣᠨᠣᠰᠪᠠᠯ ᠬᠡᠨ ᠪᠣᠯᠪᠠᠴᠤ ᠤᠯᠤᠰ ᠣᠷᠣᠨ ᠤ᠋ ᠪᠠᠨ ᠬᠤᠪᠢ ᠵᠠᠶᠠᠭᠠᠨ ᠤ᠋ ᠲᠤᠬᠠᠢ ᠳ᠋ᠤ᠌ ᠡᠷᠬᠡ ᠦᠭᠡᠢ ᠨᠢᠭᠡ ᠶ᠋ᠢ ᠪᠣᠳᠣᠬᠤ ᠳ᠋ᠤ᠌ ᠬᠦᠷᠦᠨ᠎ᠡ᠃ ᠡᠭᠦᠨ ᠢ᠋ᠶ᠋ᠡᠷ ᠢ᠋ᠶ᠋ᠡᠨ ᠮᠢᠨᠦ ᠪᠠᠭᠰᠢ ᠣᠯᠠᠨ ᠲᠦᠮᠡᠨ ᠳ᠋ᠦ᠍ ᠡᠷᠳᠡᠮᠲᠡᠨ ᠭᠡᠭᠳᠡᠭᠰᠡᠨ ᠬᠥᠮᠦᠨ ᠪᠠᠢᠭᠰᠠᠨ ᠶᠤᠮ᠃ 
       — ᠵᠠ ᠠ᠋᠃  
       — ᠪᠢ ᠠᠷᠪᠠᠨ ᠵᠢᠯ ᠳᠡᠷᠭᠡᠳᠡ ᠨᠢ ᠰᠠᠭᠤᠭᠰᠠᠨ ᠶᠤᠮ᠃ ᠲᠡᠭᠡᠭᠡᠳ ᠮᠥᠨ ᠪᠠᠭᠰᠢ ᠶ᠋ᠢᠨ ᠵᠠᠷᠯᠢᠭ ᠢ᠋ ᠲᠠᠭᠠᠨ ᠮᠠᠨᠵᠤ ᠶ᠋ᠢ ᠡᠰᠡᠷᠭᠦᠴᠡᠬᠦ ᠦᠢᠯᠡᠰ ᠲᠦ᠍ ᠣᠷᠣᠯᠴᠠᠭᠰᠠᠨ ᠶᠤᠮ᠃ ᠠᠦ᠋ᠲ᠋ᠣᠨᠣᠮᠢᠲᠤ ᠶ᠋ᠢᠨ ᠦᠶ᠎ᠡ ᠳ᠋ᠦ᠍ ᠲᠥᠷᠥ ᠶ᠋ᠢᠨ ᠳᠡᠭᠡᠳᠦ ᠡᠷᠬᠡᠨ ᠳ᠋ᠦ᠍ ᠭᠠᠷᠤᠭ᠎ᠠ ᠦᠭᠡᠢ ᠪᠣᠯᠪᠠᠴᠤ ᠳᠡᠳ᠋ ᠲᠦᠰᠢᠮᠡᠯ᠂ ᠡᠷᠬᠢᠯᠡᠭᠰᠡᠨ ᠲᠦᠰᠢᠮᠡᠯ᠂ ᠬᠢᠯᠢ ᠬᠢᠵᠠᠭᠠᠷ ᠢ᠋ ᠬᠢᠨᠠᠨ ᠲᠣᠬᠣᠨᠢᠭᠤᠯᠬᠤ ᠰᠠᠢᠳ ᠭᠡᠬᠦ ᠵᠡᠷᠭᠡ ᠠᠯᠪᠠᠨ ᠳ᠋ᠤ᠌ ᠤᠳᠠᠭ᠎ᠠ ᠳᠠᠷᠠᠭᠠᠯᠠᠨ ᠲᠣᠮᠢᠯᠠᠭᠳᠠᠵᠤ ᠶᠠᠪᠤᠭᠰᠠᠭᠠᠷ ᠬᠦᠩ ᠵᠡᠷᠭᠡ ᠱᠠᠩᠨᠠᠭᠳᠠᠭᠰᠠᠨ ᠶᠤᠮ ᠭᠡᠳ ᠪᠠᠯᠳᠠᠨᠴᠢᠷᠢᠩ᠂ ᠣᠯᠠᠨ᠎ᠠ ᠡᠷᠭᠦᠭᠳᠡᠭᠰᠡᠨ ᠦ᠌ ᠳᠥᠷᠪᠡᠳᠦᠭᠡᠷ ᠣᠨ ᠤ᠋ ᠬᠢᠶᠠᠭᠲᠤ ᠬᠣᠲᠠ ᠳ᠋ᠤ᠌ ᠪᠣᠯᠤᠭᠰᠠᠨ ᠣᠷᠣᠰ᠂ ᠬᠢᠲᠠᠳ ᠮᠣᠩᠭᠣᠯ ᠭᠤᠷᠪᠠᠨ ᠤᠯᠤᠰ ᠤ᠋ᠨ ᠬᠡᠯᠡᠯᠴᠡᠭᠡᠷ ᠲᠦ᠍ ᠨᠢᠭᠤᠨ ᠵᠥᠪᠯᠡᠬᠦ ᠶ᠋ᠢᠨ ᠡᠭᠦᠷᠭᠡ ᠶ᠋ᠢ ᠬᠦᠯᠢᠶᠡᠭᠰᠡᠨ ᠪᠢᠴᠢᠭᠡᠴᠢ ᠪᠡᠷ ᠣᠴᠢᠭᠰᠠᠨ ᠲᠤᠬᠠᠢ ᠶᠠᠷᠢᠶᠠᠨ ᠳ᠋ᠤ᠌ ᠣᠷᠣᠯ᠎ᠠ᠃ ᠡᠨᠡ ᠪᠣᠯ ᠪᠠᠯᠳᠠᠨᠴᠢᠷᠢᠩ ᠤ᠋ᠨ ᠤᠳᠠᠭ᠎ᠠ ᠳᠠᠷᠠᠭᠠᠯᠠᠨ ᠬᠢᠭᠰᠡᠨ ᠠᠵᠢᠯ ᠤ᠋ᠳ ᠤ᠋ᠨ ᠬᠠᠮᠤᠭ ᠤ᠋ᠨ ᠬᠦᠨᠳᠦ ᠨᠢ ᠪᠠᠢᠵᠠᠢ᠃
       ᠠᠩᠬ᠎ᠠ ᠣᠷᠣᠰ ᠤ᠋ᠨ ᠬᠠᠭᠠᠨᠲᠤ ᠵᠠᠰᠠᠭ ᠪᠦᠬᠦ ᠮᠣᠩᠭᠣᠯ ᠣᠷᠣᠨ ᠢ᠋ ᠬᠢᠲᠠᠳ ᠠ᠋ᠴᠠ ᠲᠠᠰᠤᠷᠠᠨ ᠲᠤᠰᠬᠠᠢ ᠤᠯᠤᠰ ᠪᠣᠯᠬᠤ ᠡᠷᠡᠮᠡᠯᠵᠡᠯᠡᠯ ᠢ᠋ ᠪᠦᠷᠢᠨ ᠳᠦᠭᠦᠷᠡᠩ ᠰᠠᠢᠰᠢᠶᠠᠨ ᠡᠢᠮᠦ ᠴᠦ᠍ ᠶᠠᠭᠤᠮ᠎ᠠ᠂ ᠲᠡᠢᠮᠦ ᠴᠦ᠍ ᠶᠠᠭᠤᠮ᠎ᠠ ᠪᠠᠷ ᠲᠤᠰᠠᠯᠠᠨ᠎ᠠ᠂ ᠭᠢᠯᠠᠢᠯᠭᠠᠨ᠎ᠠ ᠭᠡᠵᠦ ᠨᠢᠭᠤᠴᠠ ᠭᠡᠷ᠎ᠡ ᠲᠣᠭᠲᠠᠭᠠᠨ᠂ ᠥᠳᠥᠭᠡᠨ ᠬᠠᠳᠬᠤᠵᠤ ᠪᠠᠢᠭᠰᠠᠨ ᠨᠢ ᠲᠡᠷᠡ ᠬᠤᠷᠠᠯ ᠳᠡᠭᠡᠷ᠎ᠡ ᠭᠡᠨᠡᠳᠲᠡ ᠥᠭᠡᠷᠡᠴᠢᠯᠡᠭᠳᠡᠨ ᠬᠢᠲᠠᠳ ᠤᠯᠤᠰ ᠲᠤ ᠬᠤᠪᠢᠶᠠᠨ ᠠᠰᠢᠭᠯᠠᠬᠤ ᠪᠣᠳᠣᠯᠭ᠎ᠠ ᠶᠠᠪᠤᠭᠤᠯᠤᠭᠰᠠᠨ ᠪᠠᠢᠵᠠᠢ᠃ ᠡᠨᠡ ᠨᠢ ᠣᠷᠣᠰ᠂ ᠭᠧᠷᠮᠠᠨ ᠲᠠᠢ ᠪᠠᠢᠯᠳᠤᠬᠤ ᠴᠠᠭ ᠲᠤᠯᠭᠠᠷᠠᠭᠰᠠᠨ ᠠ᠋ᠴᠠ ᠪᠣᠯᠤᠨ ᠮᠣᠩᠭᠣᠯ ᠢ᠋ ᠡᠵᠡᠮᠰᠢᠬᠦ ᠭᠡᠰᠡᠨ ᠢ᠋ᠶ᠋ᠡᠨ ᠲᠦᠷ ᠬᠣᠢᠰᠢᠯᠠᠭᠤᠯᠤᠭᠰᠠᠨ ᠢ᠋ ᠪᠠᠯᠳᠠᠨᠴᠢᠷᠢᠩ ᠤᠭ ᠬᠡᠯᠡᠯᠴᠡᠭᠡᠷ ᠥᠩᠭᠡᠷᠡᠭᠰᠡᠨ ᠦ᠌ ᠳᠠᠷᠠᠭ᠎ᠠ ᠣᠯᠵᠤ ᠮᠡᠳᠡᠭᠰᠡᠨ ᠪᠠᠢᠨ᠎ᠠ᠃ ᠭᠤᠷᠪᠠᠨ ᠤᠯᠤᠰ ᠤ᠋ᠨ ᠬᠡᠯᠡᠯᠴᠡᠭᠡᠷ ᠳᠡᠭᠡᠷ᠎ᠡ ᠮᠣᠩᠭᠣᠯ ᠤ᠋ᠨ ᠲᠥᠯᠥᠭᠡᠯᠡᠭᠴᠢᠳ᠂ ᠡᠷᠡᠭᠴᠢᠨ ᠡᠮᠡᠭᠴᠢᠨ ᠪᠠᠷᠰ ᠮᠡᠲᠦ ᠡᠪᠯᠡᠷᠡᠭᠰᠡᠨ ᠬᠣᠶᠠᠷ ᠶᠡᠬᠡ ᠭᠦᠷᠦᠨ ᠦ᠌ ᠲᠥᠯᠥᠭᠡᠯᠡᠭᠴᠢᠳ ᠦ᠋ᠨ ᠡᠮᠦᠨ᠎ᠡ ᠭᠠᠭᠴᠠᠭᠠᠷᠳᠠᠭᠰᠠᠨ ᠪᠥᠭᠡᠳ ᠲᠡᠷᠡ ᠳᠤᠮᠳᠠ ᠪᠠᠯᠳᠠᠨᠴᠢᠷᠢᠩ ᠬᠠᠷᠢᠭᠤᠴᠠᠨ ᠲᠤᠯᠤᠯᠳᠤᠬᠤ ᠠᠷᠭ᠎ᠠ ᠤᠬᠠᠭᠠᠨ ᠭᠠᠷᠭᠠᠬᠤ ᠭᠡᠵᠦ ᠣᠶᠤᠨ ᠤᠬᠠᠭᠠᠨ ᠢ᠋ᠶ᠋ᠠᠨ ᠵᠠᠷᠤᠴᠠᠭᠤᠯᠤᠭᠰᠠᠨ ᠨᠢ ᠲᠤᠩ ᠶᠡᠬᠡ᠂ ᠦᠨᠡᠨ ᠬᠡᠷᠡᠭ ᠳᠡᠭᠡᠷ᠎ᠡ ᠪᠡᠨ ᠨᠢᠭᠡᠨᠲᠡ ᠭᠠᠭᠴᠠᠭᠠᠷᠳᠠᠭᠰᠠᠨ ᠮᠣᠩᠭᠣᠯ ᠤ᠋ᠨ ᠲᠥᠯᠥᠭᠡᠯᠡᠭᠴᠢᠳ ᠶᠠᠮᠠᠷ ᠴᠦ᠍ ᠠᠷᠭ᠎ᠠ ᠤᠬᠠᠭᠠᠨ ᠭᠠᠷᠭᠠᠪᠠᠴᠤ ᠨᠡᠮᠡᠭᠦᠷᠢ ᠦᠭᠡᠢ ᠪᠠᠢᠭᠰᠠᠨ ᠪᠥᠭᠡᠳ ᠡᠴᠦᠰ ᠲᠦ᠋ᠨᠢ ᠲᠡᠳᠡ ᠡᠯᠳᠡᠪ ᠶᠠᠩᠵᠤ ᠶ᠋ᠢᠨ ᠵᠦᠢ ᠵᠣᠬᠢᠰ ᠦᠭᠡᠢ ᠰᠢᠬᠠᠯᠲᠠ ᠱᠠᠭᠠᠷᠳᠠᠯᠭ᠎ᠠ ᠨᠤᠭᠤᠳ ᠳᠡᠭᠡᠷ᠎ᠡ ᠥᠪᠡᠷ ᠦ᠋ᠨ ᠡᠷᠬᠡ ᠦᠭᠡᠢ ᠭᠠᠷ ᠤ᠋ᠨ ᠦᠰᠦᠭ ᠵᠢᠷᠤᠭᠰᠠᠨ ᠠᠵᠢ᠃  ᠡᠢᠮᠦ ᠬᠡᠷᠡᠭ ᠢ᠋ ᠪᠠᠯᠳᠠᠨᠴᠢᠷᠢᠩ ᠪᠡᠶ᠎ᠡ ᠪᠡᠷ ᠦᠵᠡᠭᠰᠡᠨ ᠢ᠋ᠶ᠋ᠡᠷ ᠢ᠋ᠶ᠋ᠡᠨ ᠭᠠᠳᠠᠭᠠᠳᠤ ᠶ᠋ᠢᠨ ᠡᠵᠡᠷᠬᠡᠭ ᠲᠦᠷᠢᠮᠡᠬᠡᠢ ᠤᠯᠤᠰ ᠤ᠋ᠳ ᠤ᠋ᠨ ᠰᠢᠨᠵᠢ ᠴᠢᠨᠠᠷ ᠢ᠋ ᠪᠦᠷᠢᠨ ᠮᠡᠳᠡᠭᠰᠡᠨ  ᠪᠠᠢᠪᠠ᠃ ᠥᠩᠭᠡᠨ ᠲᠠᠯ᠎ᠠ ᠪᠠᠨ ᠡᠨᠡᠷᠢᠨ ᠲᠡᠳᠬᠦᠭᠴᠢ ᠶ᠋ᠢᠨ ᠳᠦᠷᠢ ᠪᠠᠷᠢᠨ ᠡᠯᠳᠡᠪ ᠰᠠᠢᠬᠠᠨ ᠢ᠋ ᠬᠦᠵᠦᠭᠦᠦ ᠪᠣᠷᠪᠢ ᠪᠠᠨ ᠨᠠᠬᠢᠯᠵᠠᠭᠤᠯᠤᠨ ᠬᠡᠯᠡᠬᠦ ᠨᠢ ᠳᠠᠩ ᠡᠵᠡᠯᠡᠨ ᠵᠠᠯᠭᠢᠬᠤ ᠶ᠋ᠢᠨ ᠠᠷᠭ᠎ᠠ ᠪᠠᠢᠭᠰᠠᠨ ᠪᠥᠭᠡᠳ ᠲᠡᠷᠡ ᠨᠢ ᠨᠢᠭᠡ ᠮᠡᠳᠡᠬᠦ ᠳ᠋ᠦ᠍ ᠴᠠᠭᠠᠨ᠎ᠠ ᠠ᠋ᠴᠠ ᠨᠢ ᠲᠤᠯᠭᠠᠨ ᠱᠠᠭᠠᠷᠳᠠᠬᠤ᠂ ᠠᠶᠤᠯᠭᠠᠨ ᠰᠦᠷᠳᠡᠭᠦᠯᠬᠦ ᠬᠣᠶᠠᠷ ᠢ᠋ ᠬᠠᠮᠠᠷ ᠤ᠋ᠨ ᠦᠵᠦᠭᠦᠷ ᠳᠡᠭᠡᠷ᠎ᠡ  ᠠᠪᠴᠢᠷᠠᠳᠠᠭ ᠶᠤᠮ ᠪᠠᠢᠨ᠎ᠠ ᠭᠡᠵᠦ ᠪᠠᠯᠳ᠋ᠠᠨᠴᠢᠷᠢᠩ ᠣᠢᠯᠠᠭᠠᠭᠰᠠᠨ ᠪᠠᠢᠯ᠎ᠠ᠃ ᠡᠴᠦᠰ ᠲᠦ᠋ᠨᠢ ᠪᠠᠯᠳᠠᠨᠴᠢᠷᠢᠩ᠄ ᠶᠡᠷᠦ ᠪᠠᠭ᠎ᠠ ᠪᠠᠭᠤᠷᠠᠢ ᠤᠯᠤᠰ ᠣᠷᠣᠨ᠂ ᠶᠡᠬᠡ ᠭᠦᠷᠦᠨ ᠢ᠋ ᠡᠢᠨ ᠬᠦ᠌ ᠠᠷᠤ ᠪᠠᠷ ᠨᠢ ᠲᠠᠯᠪᠢᠵᠤ᠂ ᠥᠪᠥᠷ ᠡᠴᠡ ᠨᠢ ᠭᠣᠬᠠᠳᠠᠨ ᠬᠣᠬᠢᠷᠠᠭᠠᠭᠴᠢ ᠪᠠᠢᠭᠰᠠᠨ ᠤᠳᠠᠭ᠎ᠠ ᠪᠠᠢᠨ᠎ᠠ ᠤᠤ? ᠦᠭᠡᠢ ᠤᠤ? ᠭᠡᠳᠡᠭ ᠢ᠋ ᠥᠪᠡᠷ ᠦ᠋ᠨ ᠮᠡᠳᠡᠬᠦ ᠡᠷᠢᠶᠡᠨ ᠴᠠᠭᠠᠰᠤ ᠪᠣᠯᠭᠠᠨ ᠢ᠋ ᠡᠷᠭᠢᠭᠦᠯᠦᠨ ᠡᠷᠭᠢᠭᠦᠯᠦᠭᠡᠳ ᠣᠯᠤᠭᠰᠠᠨ ᠵᠦᠢᠯ ᠦᠭᠡᠢ᠂ ᠬᠠᠷᠢᠨ ᠶᠡᠬᠡ ᠭᠦᠷᠦᠨ ᠨᠦ᠍ᠭᠦᠳ ᠪᠠᠭ᠎ᠠ ᠪᠠᠭᠤᠷᠠᠢ ᠣᠷᠣᠨ ᠢ᠋ ᠪᠤᠯᠢᠶᠠᠨ ᠵᠠᠯᠭᠢᠬᠤ ᠯᠠ ᠭᠡᠵᠦ ᠪᠠᠢᠳᠠᠭ ᠨᠢ ᠣᠳᠣ ᠧᠦ᠋ᠷᠣᠫᠠ ᠳᠠᠶᠠᠭᠠᠷ ᠣᠯᠠᠨᠲᠠ ᠭᠠᠷᠴᠤ ᠪᠠᠢᠭ᠎ᠠ ᠬᠡᠷᠡᠭ ᠶᠠᠪᠤᠳᠠᠯ ᠠ᠋ᠴᠠ ᠢᠯᠡᠬᠡᠨ ᠪᠠᠢᠨ᠎ᠠ ᠳᠠ ᠭᠡᠪᠡ᠃ ᠲᠡᠭᠡᠭᠡᠳ ᠪᠠᠯᠳᠠᠨᠴᠢᠷᠢᠩ ᠪᠠᠭ᠎ᠠ ᠪᠠᠭᠤᠷᠠᠢ ᠤᠯᠤᠰ ᠬᠥᠯ ᠳᠡᠭᠡᠷ᠎ᠡ ᠪᠡᠨ ᠵᠣᠭᠰᠣᠵᠤ ᠲᠡᠩᠴᠡᠭᠦᠷᠢ ᠪᠡᠨ ᠣᠯᠤᠶ᠎ᠠ ᠭᠡᠪᠡᠯ᠄ ᠬᠠᠵᠠᠭᠤ ᠬᠠᠪᠢᠷᠭ᠎ᠠ ᠶ᠋ᠢᠨ ᠢ᠋ᠶ᠋ᠡᠨ ᠶᠡᠬᠡ ᠭᠦᠷᠦᠨ ᠨᠦ᠍ᠭᠦᠳ ᠦ᠋ᠨ ᠬᠣᠭᠣᠷᠣᠨᠳᠣ ᠴᠠᠭ ᠦᠷᠭᠦᠯᠵᠢ ᠶᠠᠰᠤ ᠬᠠᠶᠠᠨ ᠮᠥᠷᠭᠦᠯᠳᠦᠭᠦᠯᠵᠦ ᠪᠠᠢᠬᠤ ᠠ᠋ᠴᠠ ᠥᠭᠡᠷ᠎ᠡ ᠵᠠᠮ ᠠᠯᠠᠭ᠎ᠠ ᠭᠡᠵᠦ ᠪᠣᠳᠣᠬᠤ ᠪᠣᠯᠤᠭᠰᠠᠨ ᠪᠠᠢᠪᠠ᠃ ᠶᠡᠷᠦ ᠨᠢ ᠪᠠᠯᠳᠠᠨᠴᠢᠷᠢᠩ ᠭᠤᠷᠪᠠᠨ ᠤᠯᠤᠰ ᠤ᠋ᠨ ᠬᠡᠯᠡᠯᠴᠡᠭᠡᠷ ᠲᠦ᠍ ᠶᠠᠪᠤᠭᠰᠠᠨ ᠠ᠋ᠴᠠ ᠪᠠᠨ ᠬᠣᠢᠰᠢ ᠶᠠᠭᠤᠮ᠎ᠠ ᠪᠦᠬᠦᠨ ᠢ᠋ ᠠᠵᠢᠭᠯᠠᠨ ᠰᠤᠳᠤᠯᠬᠤ ᠪᠣᠯᠤᠭᠰᠠᠨ ᠠᠵᠢ᠃