ᠬᠡᠢᠮᠣᠷᠢ ᠳᠠᠯᠠᠯᠤᠭᠰᠠᠨ ᠵᠠᠯᠠᠢᠳ- ᠯᠢᠦ ᠰᠢХийморь далласан залайд-Лиу ший
ᠬᠡᠢᠮᠣᠷᠢ ᠳᠠᠯᠠᠯᠤᠭᠰᠠᠨ ᠵᠠᠯᠠᠢᠳ
ᠦᠭᠡ᠄ ᠳᠣᠷᠵᠢᠭᠣᠲᠤᠪ
ᠠᠶ᠎ᠠ᠄ ᠦᠯᠢᠭᠡᠷ
ᠳᠠᠭᠤᠴᠢᠨ᠄ ᠯᠢᠦ ᠰᠢ
ᠥᠨᠳᠥᠷ ᠲᠩᠷᠢ ᠳ᠋ᠦ᠍ ᠪᠡᠨ ᠰᠦᠨᠳᠡᠷᠯᠡᠨ ᠴᠡᠩᠬᠡᠷᠲᠦᠭᠡᠳ
ᠥᠷᠭᠡᠨ ᠲᠦᠮᠡᠨ ᠳᠡᠭᠡᠳᠦᠯᠡᠨ ᠰᠢᠲᠦᠭᠰᠡᠨ
ᠪᠣᠭᠳᠠ ᠠᠭᠤᠯᠠᠨ ᠳ᠋ᠤ᠌ ᠪᠠᠨ ᠰᠦᠰᠦᠭᠯᠡᠭᠡᠳ ᠣᠴᠢᠬᠤᠯᠠᠷ
ᠪᠣᠳᠣᠯ ᠠᠷᠢᠭᠤᠰᠴᠤ ᠬᠡᠢᠮᠣᠷᠢ ᠰᠡᠷᠭᠦᠬᠦ ᠶᠦᠮ ᠠ᠋
ᠬᠢᠩᠭᠠᠨ ᠠᠭᠤᠯᠠᠰ ᠤ᠋ᠨ ᠪᠠᠷ᠎ᠠ ᠨᠢ ᠲᠣᠳᠣᠷᠠᠭᠠᠳ
ᠬᠣᠲᠠᠯᠠ ᠣᠯᠠᠨ ᠳ᠋ᠤ᠌ ᠪᠠᠨ ᠮᠠᠨᠳᠤᠯᠠᠨ ᠵᠣᠯᠭᠠᠭᠠᠳ
ᠴᠣᠣᠯ ᠭᠣᠣᠯ ᠳ᠋ᠤ᠌ ᠪᠠᠨ ᠪᠠᠭᠤᠭᠠᠳ ᠮᠣᠷᠳᠠᠬᠤ ᠳ᠋ᠤ᠌
ᠴᠡᠭᠡᠯ ᠵᠠᠮ ᠰᠠᠷᠠᠭᠤᠯᠰᠢᠨ ᠴᠡᠯᠡᠢᠬᠦ ᠶᠤᠮ ᠠ᠋
ᠠᠯᠲᠠᠨ ᠰᠦᠯᠳᠡ ᠨᠤᠲᠤᠭ ᠮᠢᠨᠦ ᠵᠠᠯᠠᠢᠳ
ᠠᠰᠢᠳᠠ ᠮᠥᠩᠬᠡ ᠶ᠋ᠢᠨ ᠡᠷᠳᠡᠨᠢ ᠶ᠋ᠢᠨ ᠥᠯᠥᠭᠡᠢ
ᠠᠯᠲᠠᠨ ᠰᠦᠯᠳᠡ ᠨᠤᠲᠤᠭ᠂ ᠵᠠᠯᠠᠢᠳ ᠮᠢᠨᠢ ᠵᠠ
ᠥᠨᠢᠳᠡ ᠣᠷᠣᠰᠢᠬᠤ ᠵᠢᠷᠭᠠᠯ ᠤ᠋ᠨ ᠣᠷᠣᠨ
ᠬᠦᠴᠦᠷᠬᠡᠭ ᠳᠡᠭᠡᠳᠦᠰ ᠦ᠋ᠨ ᠮᠢᠨᠢ ᠰᠦᠯᠳᠡ ᠢᠪᠡᠭᠡᠭᠰᠡᠨ
ᠬᠦᠳᠡᠩᠲᠦ ᠠᠭᠤᠯᠠᠰ ᠠᠭᠤᠵᠢᠮ ᠲᠠᠯ᠎ᠠ ᠳ᠋ᠤ᠌ ᠪᠠᠨ
ᠠᠷᠠᠳ ᠤ᠋ᠨ ᠳᠠᠭᠤᠤ ᠪᠠᠨ ᠠᠶᠠᠯᠤᠭᠠᠳ ᠣᠴᠢᠬᠤᠯᠠᠷ
ᠠᠮᠢᠨ ᠨᠤᠲᠤᠭ ᠨᠠᠯᠠᠢᠨ ᠲᠤᠰᠬᠤ ᠶᠤᠮ ᠠ᠋
ᠠᠯᠲᠠᠨ ᠰᠦᠯᠳᠡ ᠨᠤᠲᠤᠭ ᠮᠢᠨᠦ ᠵᠠᠯᠠᠢᠳ
ᠠᠰᠢᠳᠠ ᠮᠥᠩᠬᠡ ᠶ᠋ᠢᠨ ᠡᠷᠳᠡᠨᠢ ᠶ᠋ᠢᠨ ᠥᠯᠥᠭᠡᠢ
ᠠᠯᠲᠠᠨ ᠰᠦᠯᠳᠡ ᠨᠤᠲᠤᠭ ᠵᠠᠯᠠᠢᠳ ᠮᠢᠨᠢ ᠵᠠ
ᠥᠨᠢᠳᠡ ᠣᠷᠣᠰᠢᠬᠤ ᠵᠢᠷᠭᠠᠯ ᠤ᠋ᠨ ᠣᠷᠣᠨ
ᠠᠯᠲᠠᠨ ᠰᠦᠯᠳᠡ ᠨᠤᠲᠤᠭ ᠮᠢᠨᠦ ᠵᠠᠯᠠᠢᠳ
ᠠᠰᠢᠳᠠ ᠮᠥᠩᠬᠡ ᠶ᠋ᠢᠨ ᠡᠷᠳᠡᠨᠢ ᠶ᠋ᠢᠨ ᠥᠯᠥᠭᠡᠢ
ᠠᠯᠲᠠᠨ ᠰᠦᠯᠳᠡ ᠨᠤᠲᠤᠭ᠂ ᠵᠠᠯᠠᠢᠳ ᠮᠢᠨᠢ ᠵᠠ
ᠥᠨᠢᠳᠡ ᠣᠷᠣᠰᠢᠬᠤ ᠵᠢᠷᠭᠠᠯ ᠤ᠋ᠨ ᠣᠷᠣᠨ
ᠥᠨᠢᠳᠡ ᠣᠷᠣᠰᠢᠬᠤ ᠵᠢᠷᠭᠠᠯ ᠤ᠋ᠨ ᠣᠷᠣᠨ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠬᠢᠨᠠᠭᠴᠢ᠄ ᠣᠳᠬᠠᠨᠰᠣ᠎ᠠ
