ᠮᠣᠩᠭᠣᠯ ᠡᠮ ᠡᠮᠨᠡᠯᠭᠡ – (ᠠᠷᠪᠠᠨ ᠭᠤᠷᠪᠠ) Монгол эм эмнэлэг (13)
ᠬᠠᠷ᠎ᠠ ᠵᠢᠷᠤᠬᠠᠢ ᠶ᠋ᠢᠨ ᠬᠠᠷᠠᠭᠠᠰᠤ ᠪᠠᠷ ᠬᠦᠵᠦᠭᠦᠨ ᠦ᠌ ᠬᠣᠶᠠᠩ ᠢ᠋ ᠰᠢᠨᠵᠢᠯᠡᠬᠦᠢ
【ᠲᠣᠪᠴᠢ ᠠᠭᠤᠯᠭ᠎ᠠ】 ᠬᠦᠵᠦᠭᠦᠨ ᠦ᠌ ᠬᠣᠶᠠᠩ ᠪᠣᠯ ᠣᠳᠣ ᠦᠶ᠎ᠡ ᠶ᠋ᠢᠨ ᠠᠮᠢᠳᠤᠷᠠᠯ ᠳᠤᠮᠳᠠ ᠦᠷᠭᠦᠯᠵᠢ ᠲᠣᠬᠢᠶᠠᠯᠳᠤᠳᠠᠭ ᠬᠤᠶᠠᠩ ᠰᠢᠷ᠎ᠠ ᠤᠰᠤᠨ ᠡᠪᠡᠳᠴᠢᠨ ᠪᠣᠯᠤᠨ᠎ᠠ᠃ ᠭᠡᠲᠡᠯ᠎ᠡ᠂ ᠲᠤᠰ ᠡᠪᠡᠳᠴᠢᠨ ᠢ᠋ ᠢᠯᠡᠷᠡᠭᠡᠳᠦᠢ ᠡᠪᠡᠳᠴᠢᠨ ᠦ᠌ ᠡᠭᠦᠳᠡᠨ ᠡᠴᠡ ᠰᠤᠳᠤᠯᠤᠭᠰᠠᠨ ᠵᠦᠢᠯ ᠡᠳᠦᠢ ᠪᠣᠯᠲᠠᠯ᠎ᠠ ᠬᠠᠷᠠᠭᠳᠠᠭᠠᠳᠤᠢ ᠪᠠᠢᠭᠰᠠᠭᠠᠷ᠂ ᠡᠭᠦᠨ ᠳ᠋ᠦ᠍᠂ ᠬᠠᠷ᠎ᠠ ᠵᠢᠷᠤᠬᠠᠢ ᠶ᠋ᠢᠨ ᠡᠬᠡ ᠬᠥᠪᠡᠭᠦᠨ ᠨᠥᠬᠥᠷ ᠳᠠᠢᠰᠤᠨ ᠤ᠋ ᠬᠠᠷᠢᠴᠠᠭ᠎ᠠ ᠶ᠋ᠢ ᠠᠰᠢᠭᠯᠠᠨ ᠰᠢᠨᠵᠢᠯᠡᠬᠦ ᠳ᠋ᠦ᠍ ᠳᠠᠢᠰᠤᠨ ᠮᠠᠬᠠᠪᠣᠳ ᠲᠡᠮᠦᠷ ᠪᠠᠳᠠᠷᠠᠵᠤ ᠮᠣᠳᠣᠨ ᠮᠠᠬᠠᠪᠣᠳ ᠬᠣᠣᠷᠯᠠᠭᠳᠠᠬᠤ ᠳᠠᠢᠰᠤᠨ ᠦᠶ᠎ᠡ ᠳ᠋ᠦ᠍ ᠪᠡᠶ᠎ᠡ ᠶ᠋ᠢᠨ ᠮᠠᠬᠠᠪᠣᠳ ᠲᠠᠮᠢᠷ ᠲᠡᠩᠴᠡᠭᠦᠷᠢ ᠪᠡᠨ ᠠᠯᠲᠠᠨ ᠲᠤᠰ ᠡᠪᠡᠳᠴᠢᠨ ᠬᠥᠳᠡᠯᠳᠡᠭ ᠪᠠᠢᠵᠤ᠂ ᠡᠮᠴᠢᠯᠡᠭᠡᠨ ᠦ᠌ ᠶᠠᠪᠤᠴᠠ ᠳ᠋ᠤ᠌ ᠲᠤᠰ ᠡᠪᠡᠳᠴᠢᠨ ᠦ᠌ ᠲᠣᠭ᠎ᠠ ᠪᠠᠷᠢᠮᠲᠠ ᠶ᠋ᠢ ᠪᠦᠷᠢᠳᠬᠡᠨ ᠴᠤᠭᠯᠠᠭᠤᠯᠵᠤ ᠵᠠᠳᠠᠯᠵᠤ ᠰᠢᠨᠵᠢᠯᠡᠬᠦ ᠳ᠋ᠦ᠍᠂ ᠳᠡᠭᠡᠷᠡᠬᠢ ᠰᠢᠨᠵᠢᠯᠡᠭᠡᠨ ᠦ᠌ ᠳ᠋ᠦᠩ ᠨᠢ ᠮᠠᠰᠢ ᠣᠨᠣᠪᠴᠢᠲᠠᠢ ᠭᠡᠳᠡᠭ ᠢ᠋ ᠭᠡᠷᠡᠴᠢᠯᠡᠵᠦ ᠪᠠᠢᠨ᠎ᠠ᠃
【ᠲᠦᠯᠬᠢᠭᠦᠷ ᠦᠭᠡ】 ᠬᠠᠷ᠎ᠠ ᠵᠢᠷᠤᠬᠠᠢ ; ᠲᠠᠪᠤᠨ ᠮᠠᠬᠠᠪᠣᠳ ᠲᠡᠭᠷᠢ ᠶ᠋ᠢᠨ ᠡᠰᠢ ; ᠭᠠᠵᠠᠷ ᠤ᠋ᠨ ᠡᠷᠬᠡᠲᠡᠨ; ᠢᠯᠡᠷᠡᠭᠡᠳᠦᠢ ᠡᠪᠡᠳᠴᠢᠨ; ᠬᠦᠵᠦᠭᠦᠨ ᠦ᠌ ᠬᠣᠶᠠᠩ; ᠤᠯᠠᠮᠵᠢᠯᠠᠯᠲᠤ ᠮᠣᠩᠭᠣᠯ ᠠᠨᠠᠭᠠᠬᠤ ᠤᠬᠠᠭᠠᠨ ᠤ᠋ ᠰᠤᠳᠠᠯ ᠰᠢᠨᠵᠢᠯᠡᠭᠡ ᠶ᠋ᠢᠨ ᠣᠨᠣᠰᠢᠯᠠᠯ ᠳ᠋ᠤ᠌ ᠬᠠᠷ᠎ᠠ ᠵᠢᠷᠤᠬᠠᠢ ᠶ᠋ᠢᠨ ᠲᠠᠪᠤᠨ ᠮᠠᠬᠠᠪᠣᠳ ᠤ᠋ᠨ ᠡᠬᠡ ᠬᠥᠪᠡᠭᠦᠨ ᠨᠥᠬᠥᠷ ᠳᠠᠢᠰᠤᠨ ᠤ᠋ ᠬᠠᠷᠢᠴᠠᠭ᠎ᠠ ᠪᠠᠷ ᠲᠣᠭᠠᠴᠢᠵᠤ᠂ ᠴᠠᠭ ᠤᠯᠠᠷᠢᠯ ᠲᠠᠢ ᠤᠶᠠᠯᠳᠤᠭᠤᠯᠤᠨ᠂ ᠲᠡᠭᠷᠢ ᠶ᠋ᠢᠨ ᠡᠰᠢ᠂ ᠭᠠᠵᠠᠷ ᠤ᠋ᠨ ᠡᠷᠬᠡᠲᠡᠨ ᠢ᠋ ᠴᠣ ᠲᠠᠪᠤᠨ ᠮᠠᠬᠠᠪᠣᠳ᠂ ᠲᠠᠪᠤᠨ ᠡᠷᠬᠡᠲᠡᠨ᠂ ᠲᠠᠪᠤᠨ ᠴᠤᠯᠤ ᠵᠢᠷᠭᠤᠭᠠᠨ ᠰᠠᠪᠠ ᠳ᠋ᠤ᠌ ᠲᠥᠷᠦᠯᠵᠢᠭᠦᠯᠵᠦ᠂ ᠢᠯᠡᠷᠡᠭᠡᠳᠦᠢ ᠡᠪᠡᠳᠴᠢᠨ ᠪᠠ ᠠᠯᠢᠪᠠ ᠡᠪᠡᠳᠴᠢᠨ ᠢ᠋ ᠡᠮᠴᠢᠯᠡᠵᠦ ᠵᠠᠰᠠᠬᠤ ᠳ᠋ᠤ᠌ ᠣᠨᠣᠯ ᠤ᠋ᠨ ᠵᠢᠯᠣᠭᠣᠳᠤᠮᠵᠢ ᠪᠣᠯᠤᠭᠰᠠᠭᠠᠷ ᠢᠷᠡᠵᠡᠢ᠃ ᠡᠭᠦᠨ ᠳ᠋ᠦ᠍ ᠂ ᠪᠣᠷᠵᠢᠭᠢᠨ ᠡᠷᠳᠡᠨᠢᠴᠤᠭᠲᠤ ᠡᠷᠬᠢᠯᠡᠭᠴᠢ ᠡᠮᠴᠢ ᠡᠴᠡ ᠤᠳᠠᠭᠠᠨ ᠵᠢᠯ ᠮᠣᠩᠭᠣᠯ ᠠᠨᠠᠭᠠᠬᠤ ᠤᠬᠠᠭᠠᠨ ᠤ᠋ ᠬᠠᠷ᠎ᠠ ᠵᠢᠷᠤᠬᠠᠢ ᠶ᠋ᠢᠨ ᠣᠨᠣᠯ ᠤ᠋ᠨ ᠲᠤᠬᠠᠢ ᠰᠤᠳᠤᠯᠭᠠᠨ ᠤ᠋ ᠠᠵᠢᠯ ᠢ᠋ ᠬᠢᠵᠦ᠂ ᠢᠯᠠᠩᠭᠤᠶ᠎ᠠ ᠢᠯᠡᠷᠡᠭᠡᠳᠦᠢ ᠡᠪᠡᠳᠴᠢᠨ᠂ ᠬᠦᠵᠦᠭᠦᠨ ᠦ᠌ ᠬᠣᠶᠠᠩ ᠢ᠋ ᠣᠨᠣᠰᠢᠯᠠᠵᠤ ᠡᠮᠴᠢᠯᠡᠭᠰᠡᠨ ᠡᠮᠴᠢᠯᠡᠭᠡᠨ ᠦ᠌ ᠲᠤᠷᠰᠢᠯᠭ᠎ᠠ ᠪᠠᠨ ᠵᠢᠭᠠᠨ ᠤᠯᠠᠮᠵᠢᠯᠠᠵᠤ ᠣᠯᠠᠨ ᠤ᠋ ᠬᠦᠷᠢᠶᠡᠯᠡᠯ ᠢ ᠣᠯᠤᠭᠰᠠᠨ ᠪᠠᠢᠨ᠎ᠠ᠃
1. ᠬᠠᠷ᠎ᠠ ᠵᠢᠷᠤᠬᠠᠢ ᠶ᠋ᠢᠨ ᠦᠨᠳᠦᠰᠦᠨ ᠮᠡᠳᠡᠯᠭᠡ
1.1 ᠲᠠᠪᠤᠨ ᠮᠠᠬᠠᠪᠣᠳ ᠲᠤ᠌ ᠲᠠᠪᠤᠨ ᠴᠤᠯᠤ ᠵᠢᠷᠭᠤᠭᠠᠨ ᠰᠠᠪᠠ ᠮᠡᠲᠦ ᠪᠡᠶ᠎ᠡ ᠶ᠋ᠢᠨ ᠡᠷᠬᠡᠲᠡᠨ ᠢ᠋ ᠲᠥᠷᠥᠯᠵᠢᠭᠦᠯᠬᠦ᠄ ᠮᠣᠳᠣᠨ ᠮᠠᠬᠠᠪᠣᠳ ᠲᠤ᠌ ᠡᠯᠢᠭᠡ ᠰᠥᠰᠥ ᠪᠠ ᠪᠦᠯᠡᠬᠡ ᠰᠢᠷᠪᠥᠰᠥ ᠶ᠋ᠢ ᠲᠥᠷᠥᠯᠵᠢᠭᠦᠯᠳᠡᠭ᠂ ᠭᠠᠯ ᠮᠠᠬᠠᠪᠣᠳ ᠲᠤ᠌ ᠵᠢᠷᠦᠬᠡ ᠭᠡᠳᠡᠰᠦ ᠪᠠ ᠭᠠᠯ ᠤ᠋ᠨ ᠢᠯᠴᠢ ᠶ᠋ᠢ ᠲᠥᠷᠦᠯᠵᠢᠭᠦᠯᠳᠡᠭ᠂ ᠰᠢᠷᠣᠢ ᠮᠠᠬᠠᠪᠣᠳ ᠲᠤ᠌ ᠳᠡᠯᠢᠭᠦᠦ ᠬᠣᠳᠣᠭᠣᠳᠣ ᠪᠠ ᠮᠢᠬ᠎ᠠ ᠶ᠋ᠢ ᠲᠥᠷᠦᠯᠵᠢᠭᠦᠯᠳᠡᠭ᠂ ᠲᠡᠮᠦᠷ ᠮᠠᠬᠠᠪᠣᠳ ᠲᠤ᠌ ᠣᠯᠣᠭᠠᠢ ᠪᠠ ᠠᠷᠤᠭ ᠶᠠᠰᠤ ᠶ᠋ᠢ ᠲᠥᠷᠦᠯᠵᠢᠭᠦᠯᠳᠡᠭ᠂ ᠤᠰᠤᠨ ᠮᠠᠬᠠᠪᠣᠳ ᠨᠢ ᠪᠥᠭᠡᠷ᠎ᠡ ᠳᠠᠪᠤᠰᠠᠩ ᠦᠷᠡᠵᠢᠯ ᠦ᠋ᠨ ᠡᠷᠬᠡᠲᠡᠨ ᠴᠢᠰᠤ ᠮᠡᠲᠦ ᠤᠰᠤᠯᠢᠭ ᠪᠦᠷᠢᠯᠳᠦᠬᠦᠨ ᠢ᠋ ᠲᠥᠷᠥᠯᠵᠢᠭᠦᠯᠳᠡᠭ᠃
1.2 ᠠᠷᠪᠠᠨ ᠲᠡᠭᠷᠢ ᠶ᠋ᠢᠨ ᠡᠰᠢ ᠨᠢ ᠲᠠᠪᠤᠨ ᠮᠠᠬᠠᠪᠣᠳ ᠲᠠᠢ ᠬᠠᠷᠠᠭᠠᠯᠵᠠᠬᠤ᠄ ᠬᠥᠬᠡ ᠬᠥᠬᠡᠭᠴᠢᠨ ᠨᠢ ᠮᠣᠳᠣᠨ ᠮᠠᠬᠠᠪᠣᠳ ᠲᠠᠢ᠂ ᠤᠯᠠᠭᠠᠨ ᠤᠯᠬᠠᠭᠴᠢᠨ ᠨᠢ ᠭᠠᠯ ᠮᠠᠬᠠᠪᠣᠳ ᠲᠠᠢ᠂ ᠰᠢᠷ᠎ᠠ ᠰᠢᠷᠠᠭᠴᠢᠨ ᠨᠢ ᠰᠢᠷᠣᠢ ᠮᠠᠬᠠᠪᠣᠳ ᠲᠠᠢ᠂ ᠴᠠᠭᠠᠨ ᠴᠠᠭᠠᠭᠴᠢᠨ ᠨᠢ ᠲᠡᠮᠦᠷ ᠮᠠᠬᠠᠪᠣᠳ ᠲᠠᠢ᠂ ᠬᠠᠷ᠎ᠠ ᠬᠠᠷᠠᠭᠴᠢᠨ ᠨᠢ ᠤᠰᠤ ᠮᠠᠬᠠᠪᠣᠳ ᠲᠠᠢ ᠲᠤᠰ ᠲᠤᠰ ᠬᠠᠷᠠᠭᠠᠯᠵᠠᠨ᠎ᠠ [1]᠃
1.3 ᠠᠷᠪᠠᠨ ᠬᠣᠶᠠᠷ ᠭᠠᠵᠠᠷ ᠤ᠋ᠨ ᠡᠷᠬᠡᠲᠡᠨ ᠨᠢ ᠲᠠᠪᠤᠨ ᠮᠠᠬᠠᠪᠣᠳ ᠪᠠ ᠠᠷᠪᠠᠨ ᠬᠣᠶᠠᠷ ᠰᠠᠷ᠎ᠠ ᠡᠵᠡᠯᠡᠭᠴᠢ ᠲᠡᠢ ᠬᠠᠷᠠᠭᠠᠯᠵᠠᠬᠤ᠄ ᠪᠠᠷᠰ ᠲᠠᠤᠯᠠᠢ ᠪᠣᠯ ᠴᠠᠭᠠᠨ ᠰᠠᠷ᠎ᠠ ᠪᠠ ᠬᠣᠶᠠᠳᠤᠭᠠᠷ ᠰᠠᠷ᠎ᠠ ᠶ᠋ᠢᠨ ᠡᠵᠡᠯᠡᠭᠴᠢ᠂ ᠮᠣᠳᠣᠨ ᠮᠠᠬᠠᠪᠣᠳ ᠲᠠᠢ ᠬᠠᠷᠠᠭᠠᠯᠵᠠᠨ᠎ᠠ︔ ᠮᠣᠭᠠᠢ ᠮᠣᠷᠢ ᠪᠣᠯ ᠳᠥᠷᠪᠡᠳᠦᠭᠡᠷ ᠰᠠᠷ᠎ᠠ ᠪᠠ ᠲᠠᠪᠤᠳᠤᠭᠠᠷ ᠰᠠᠷ᠎ᠠ ᠶ᠋ᠢᠨ ᠡᠵᠡᠯᠡᠭᠴᠢ᠂ ᠭᠠᠯ ᠮᠠᠬᠠᠪᠣᠳ ᠲᠠᠢ ᠬᠠᠷᠠᠭᠠᠯᠵᠠᠨ᠎ᠠ︔ ᠪᠡᠴᠢ ᠲᠠᠬᠢᠶ᠎ᠠ ᠪᠣᠯ ᠳᠣᠯᠣᠭ᠎ᠠ᠂ ᠨᠠᠢ᠍ᠮᠠᠳᠤᠭᠠᠷ ᠰᠠᠷ᠎ᠠ ᠶ᠋ᠢᠨ ᠡᠵᠡᠯᠡᠭᠴᠢ᠂ ᠲᠡᠮᠦᠷ ᠮᠠᠬᠠᠪᠣᠳ ᠲᠠᠢ ᠬᠠᠷᠠᠭᠠᠯᠵᠠᠨ᠎ᠠ︔ ᠭᠠᠬᠠᠢ ᠬᠤᠯᠤᠭᠠᠨ᠎ᠠ ᠪᠣᠯ ᠠᠷᠪᠠ᠂ ᠠᠷᠪᠠᠨ ᠨᠢᠭᠡᠳᠦᠭᠡᠷ ᠰᠠᠷ᠎ᠠ ᠶ᠋ᠢᠨ ᠡᠵᠡᠯᠡᠭᠴᠢ᠂ ᠤᠰᠤᠨ ᠮᠠᠬᠠᠪᠣᠳ ᠲᠠᠢ ᠬᠠᠷᠠᠭᠠᠯᠵᠠᠨ᠎ᠠ︔ ᠯᠤᠤ ᠬᠣᠨᠢ ᠨᠣᠬᠠᠢ ᠦᠬᠡᠷ ᠪᠣᠯ ᠭᠤᠷᠪᠠ᠂ ᠵᠢᠷᠭᠤᠭ᠎ᠠ᠂ ᠶᠢᠰᠦ᠂ ᠠᠷᠪᠠᠨ ᠬᠣᠶᠠᠳᠤᠭᠠᠷ ᠰᠠᠷ᠎ᠠ ᠶ᠋ᠢᠨ ᠡᠵᠡᠯᠡᠭᠴᠢ ᠪᠥᠭᠡᠳ ᠰᠢᠷᠣᠢ ᠮᠠᠬᠠᠪᠣᠳ ᠲᠤ᠌ ᠬᠠᠷᠢᠶᠠᠯᠠᠭᠳᠠᠬᠤ ᠶᠤᠮ᠃ ᠡᠭᠦᠨ ᠡᠴᠡᠨ ᠪᠠᠷᠰ ᠲᠠᠤᠯᠠᠢ ᠪᠣᠯ ᠡᠯᠢᠭᠡ ᠰᠥᠰᠥ᠂ ᠮᠣᠭᠠᠢ ᠮᠣᠷᠢ ᠪᠣᠯ ᠵᠢᠷᠦᠬᠡ ᠭᠡᠳᠡᠰᠦ᠂ ᠪᠡᠴᠢ ᠲᠠᠬᠢᠶ᠎ᠠ ᠪᠣᠯ ᠠᠭᠤᠰᠬᠢ ᠣᠯᠣᠭᠠᠢ᠂ ᠭᠠᠬᠠᠢ ᠬᠤᠯᠤᠭᠠᠨ᠎ᠠ ᠪᠣᠯ ᠪᠥᠭᠡᠷ᠎ᠡ ᠳᠠᠪᠤᠰᠠᠩ ᠦᠷᠡᠵᠢᠯ ᠦ᠋ᠨ ᠡᠷᠬᠡᠲᠡᠨ᠂ ᠯᠤᠤ ᠬᠣᠨᠢ ᠨᠣᠬᠠᠢ ᠦᠬᠡᠷ ᠪᠣᠯ ᠳᠡᠯᠢᠭᠦᠦ ᠬᠣᠳᠣᠭᠣᠳᠣ ᠲᠠᠢ ᠬᠠᠷᠠᠭᠠᠯᠵᠠᠨ᠎ᠠ ᠭᠡᠳᠡᠭ ᠢ᠋ ᠮᠡᠳᠡᠵᠦ ᠪᠣᠯᠳᠠᠭ᠃ ᠲᠡᠭᠷᠢ ᠶ᠋ᠢᠨ ᠡᠰᠢ᠂ ᠭᠠᠵᠠᠷ ᠤ᠋ᠨ ᠡᠷᠬᠡᠲᠡᠨ ᠦ᠌ ᠠᠷᠭ᠎ᠠ ᠪᠢᠯᠢᠭ ᠦ᠋ᠨ ᠲᠣᠭᠲᠠᠯᠴᠠᠭ᠎ᠠ ᠪᠠᠷ 《ᠪᠦᠬᠦᠯᠢ ᠬᠣᠷᠸ᠎ᠠ》 ᠶ᠋ᠢ ᠪᠦᠲᠦᠭᠡᠳᠡᠭ ᠶᠣᠰᠣᠨ ᠢ᠋ᠶ᠋ᠠᠷ《ᠵᠢᠷᠠᠨ ᠵᠢᠰᠦ》 ᠭᠡᠮᠡᠨ ᠡᠭᠦᠰᠴᠦ᠂ ᠣᠨ ᠲᠣᠭᠠᠯᠠᠯ᠂ ᠴᠠᠭ ᠬᠤᠭᠤᠴᠠᠭ᠎ᠠ ᠶ᠋ᠢ ᠵᠢᠷᠠᠨ ᠵᠢᠯ᠂ ᠵᠢᠷᠠᠨ ᠰᠠᠷ᠎ᠠ᠂ ᠵᠢᠷᠠᠨ ᠡᠳᠦᠷ᠂ ᠵᠢᠷᠠᠨ ᠴᠠᠭ ᠢ᠋ᠶ᠋ᠠᠷ ᠡᠷᠭᠢᠯᠳᠦᠨ ᠲᠡᠮᠳᠡᠭᠯᠡᠳᠡᠭ ᠵᠤᠷᠰᠢᠯ ᠲᠠᠢ᠃ ᠳᠠᠷᠤᠢ᠂ ᠬᠥᠬᠡ ᠬᠤᠯᠤᠭᠠᠨ᠎ᠠ᠂ ᠬᠥᠬᠡᠭᠴᠢᠨ ᠦᠬᠡᠷ ᠢ᠋ᠶ᠋ᠡᠷ ᠡᠬᠢᠯᠡᠵᠦ᠂ ᠬᠠᠷ᠎ᠠ ᠨᠣᠬᠠᠢ᠂ ᠬᠠᠷᠠᠭᠴᠢᠨ ᠭᠠᠬᠠᠢ ᠳ᠋ᠤ᠌ 《ᠵᠢᠷᠠ ᠵᠢᠰᠦ》 ᠶ᠋ᠢᠨ ᠲᠣᠭᠠᠯᠠᠯ ᠲᠡᠭᠦᠰᠳᠡᠭ᠃
2. ᠢᠯᠡᠷᠡᠭᠡᠳᠦᠢ ᠬᠦᠵᠦᠭᠦᠨ ᠦ᠌ ᠡᠪᠡᠳᠴᠢᠨ ᠢ᠋ ᠰᠢᠨᠵᠢᠯᠡᠬᠦ
ᠬᠥᠮᠦᠨ ᠦ᠌ ᠠᠩᠬ᠎ᠠ ᠮᠡᠨᠳᠦᠯᠡᠭᠰᠡᠨ ᠳᠥᠷᠪᠡᠨ ᠴᠠᠭ᠂ ᠳᠠᠷᠤᠢ ᠵᠢᠯ᠂ ᠰᠠᠷ᠎ᠠ᠂ ᠡᠳᠦᠷ᠂ ᠴᠠᠭ ᠢ᠋ 《ᠵᠢᠷᠠᠨ ᠵᠢᠰᠦ》 ᠪᠡᠷ ᠲᠡᠮᠳᠡᠭᠯᠡᠵᠦ 《ᠨᠠᠢ᠍ᠮᠠᠨ ᠦᠰᠦᠭ》(生辰八字) ᠭᠡᠳᠡᠭ᠃ 《ᠢᠯᠡᠷᠡᠭᠡᠳᠦᠢ ᠡᠪᠡᠳᠴᠢᠨ》 ᠢ᠋ ᠰᠢᠨᠵᠢᠯᠡᠬᠦ ᠳ᠋ᠦ᠍ ᠡᠨᠡ ᠬᠦ᠌ 《ᠨᠠᠢ᠍ᠮᠠᠨ ᠦᠰᠦᠭ》 ᠦ᠋ᠨ ᠲᠠᠪᠤᠨ ᠮᠠᠬᠠᠪᠣᠳ ᠢ᠋ ᠡᠬᠡ ᠬᠥᠪᠡᠭᠦᠨ ᠨᠥᠬᠥᠷ ᠳᠠᠢᠰᠤᠨ ᠤ᠋ ᠬᠠᠷᠢᠴᠠᠭ᠎ᠠ ᠪᠠᠷ ᠰᠢᠨᠵᠢᠯᠡᠨ᠂ ᠦᠬᠦᠬᠦ ᠪᠠ ᠠᠮᠢᠳᠤᠷᠠᠬᠤ᠂ ᠡᠪᠡᠳᠴᠢᠯᠡᠬᠦ ᠪᠠ ᠡᠷᠡᠭᠦᠯᠵᠢᠬᠦ ᠶ᠋ᠢ ᠵᠥᠩᠨᠡᠨ ᠰᠤᠪᠢᠵᠤ᠂ ᠡᠷᠡᠭᠦᠯ ᠢ᠋ ᠰᠠᠬᠢᠬᠤ ᠪᠤᠶᠤ ᠡᠪᠡᠳᠴᠢᠨ ᠦ᠌ ᠬᠤᠷᠠᠵᠤ ᠪᠠᠢᠬᠤ ᠱᠠᠲᠤᠨ ᠳ᠋ᠤ᠌ ᠤᠷᠢᠳᠴᠢᠯᠠᠨ ᠣᠨᠣᠰᠢᠯᠠᠵᠤ ᠤᠭᠲᠤᠵᠤ ᠵᠠᠰᠠᠬᠤ ᠵᠡᠷᠭᠡ ᠶ᠋ᠢ 《ᠲᠣᠭ᠎ᠠ ᠪᠣᠳᠣᠯᠭ᠎ᠠ》 ᠶ᠋ᠢᠨ ᠲᠣᠮᠢᠶ᠎ᠠ ᠮᠡᠲᠦ ᠪᠡᠷ ᠪᠣᠳᠣᠵᠤ ᠲᠣᠭᠠᠴᠠᠳᠠᠭ᠃ 《ᠬᠦᠵᠦᠭᠦᠨ ᠦ᠌ ᠬᠣᠶᠠᠩ》 ᠢ᠋ 《ᠢᠯᠡᠷᠡᠭᠡᠳᠦᠢ ᠡᠪᠡᠳᠴᠢᠨ》 ᠦ᠌ ᠡᠭᠦᠳᠡᠨ ᠡᠴᠡ ᠬᠠᠷ᠎ᠠ ᠵᠢᠷᠤᠬᠠᠢ ᠶ᠋ᠢᠨ ᠬᠠᠷᠠᠭᠠᠰᠤ ᠪᠠᠷ ᠰᠢᠨᠵᠢᠯᠡᠪᠡᠯ᠄ ᠳᠠᠢᠰᠤᠨ ᠲᠡᠮᠦᠷ ᠮᠠᠬᠠᠪᠣᠳ ᠪᠠᠳᠠᠷᠠᠵᠤ᠂ ᠮᠣᠳᠣᠨ ᠮᠠᠬᠠᠪᠣᠳ ᠬᠣᠣᠷᠯᠠᠭᠳᠠᠬᠤ ᠦᠶ᠎ᠡ ᠳ᠋ᠦ᠍ 《ᠬᠦᠵᠦᠭᠦᠨ ᠦ᠌ ᠬᠣᠶᠠᠩ》ᠬᠥᠳᠡᠯᠳᠡᠭ᠃
2.1 ᠪᠠᠷᠴᠢᠳᠭᠦᠢ᠂ 1963 ᠣᠨ ᠤ᠋ 12 ᠰᠠᠷ᠎ᠠ ᠶ᠋ᠢᠨ 13 ᠤ᠋ ᠡᠳᠦᠷ ᠦ᠋ᠨ ᠥᠷᠯᠥᠭᠡ ᠶ᠋ᠢᠨ 2 ᠴᠠᠭ ᠲᠤ᠌ ᠮᠡᠨᠳᠦᠯᠡᠪᠡ᠃ ᠵᠢᠷᠠᠨ ᠵᠢᠰᠦ ᠪᠡᠷ ᠲᠡᠮᠳᠡᠭᠯᠡᠪᠡᠯ᠄ ᠬᠠᠷᠠᠭᠴᠢᠨ(ᠤᠰᠤ) ᠲᠠᠤᠯᠠᠢ(ᠮᠣᠳᠣ) ᠬᠥᠬᠡ(ᠮᠣᠳᠣ) ᠬᠤᠯᠤᠭᠠᠨ᠎ᠠ(ᠤᠰᠤ) ᠴᠠᠭᠠᠨ(ᠲᠡᠮᠦᠷ) ᠪᠠᠷᠰ(ᠮᠣᠳᠣ) ᠤᠯᠠᠭᠴᠢᠨ(ᠭᠠᠯ) ᠦᠬᠡᠷ(ᠰᠢᠷᠣᠢ) ᠡᠨᠡ ᠨᠢ ᠬᠥᠬᠡᠭᠡ ᠡᠪᠦᠯ ᠦ᠋ᠨ ᠬᠥᠯᠳᠡᠭᠦᠦ ᠴᠠᠭ ᠪᠠᠢᠵᠤ᠂ ᠵᠢᠩᠭᠢᠨᠡᠮ᠎ᠡ ᠬᠦᠢᠲᠡᠨ ᠤᠰᠤ ᠨᠢ ᠮᠥᠰᠥ ᠪᠣᠯᠵᠤ(ᠬᠠᠷᠠᠭᠴᠢᠨ᠂ ᠬᠤᠯᠤᠭᠠᠨ᠎ᠠ ᠵᠡᠷᠭᠡ ᠤᠰᠤᠨ) ᠬᠥᠪᠡᠭᠦᠨ ᠮᠣᠳᠣᠨ ᠮᠠᠬᠠᠪᠣᠳ(ᠬᠥᠬᠡ᠂ ᠪᠠᠷᠰ᠂ ᠲᠠᠤᠯᠠᠢ) ᠶ᠋ᠢ ᠲᠥᠯᠥᠵᠢᠭᠦᠯᠬᠦ ᠳ᠋ᠦ᠍ ᠪᠡᠷᠬᠡ᠃ ᠮᠣᠳᠣᠨ ᠤ᠋ ᠳᠠᠢᠰᠤᠨ ᠲᠡᠮᠦᠷ(ᠴᠠᠭᠠᠨ) ᠢᠷᠡᠵᠦ ᠮᠣᠳᠣ ᠶ᠋ᠢ ᠰᠢᠭᠤᠳ ᠬᠣᠣᠷᠯᠠᠬᠤ ᠲᠤᠯᠠ 《ᠢᠯᠡᠷᠡᠭᠡᠳᠦᠢ ᠬᠦᠵᠦᠭᠦᠨ ᠦ᠌ ᠬᠣᠶᠠᠩ》ᠤ᠋ᠨ ᠲᠡᠮᠳᠡᠭ ᠪᠣᠢ᠃ ᠵᠣᠯ ᠢ᠋ᠶ᠋ᠠᠷ ᠮᠣᠳᠣᠨ ᠤ᠋ ᠬᠥᠪᠡᠭᠦᠨ ᠭᠠᠯ(ᠤᠯᠠᠭᠴᠢᠨ) ᠢᠷᠡᠵᠦ᠂ ᠳᠠᠢᠰᠤᠨ ᠲᠡᠮᠦᠷ ᠢ᠋ ᠳᠠᠷᠤᠩᠭᠤᠢᠯᠠᠵᠤ ᠪᠣᠢ᠃ ᠣᠨ ᠰᠠᠷ᠎ᠠ ᠤᠯᠠᠷᠢᠭᠰᠠᠭᠠᠷ᠂ ᠳᠠᠢᠰᠤᠨ ᠲᠡᠮᠦᠷ ᠪᠠᠳᠠᠷᠠᠨ᠂ ᠬᠥᠪᠡᠭᠦᠨ ᠭᠠᠯ ᠤ᠋ᠨ ᠰᠤᠷ ᠪᠠᠭᠤᠷᠠᠵᠤ᠂ ᠲᠡᠮᠦᠷ ᠢ᠋ ᠳᠠᠷᠤᠵᠤ ᠳᠡᠢᠯᠬᠦ ᠦᠭᠡᠢ ᠦᠶ᠎ᠡ ᠳ᠋ᠦ᠍᠂ ᠮᠣᠳᠣ ᠬᠣᠣᠷᠯᠠᠭᠳᠠᠨ 《ᠬᠦᠵᠦᠭᠦᠨ ᠦ᠌ ᠬᠣᠶᠠᠩ》 ᠬᠥᠳᠡᠯᠬᠦ ᠵᠢᠮ᠎ᠡ ᠪᠣᠢ᠃ 2004 ᠣᠨ᠂ ᠬᠥᠬᠡ ᠪᠡᠴᠢ ᠵᠢᠯ ᠬᠠᠷᠠᠭᠴᠢᠨ ᠲᠠᠬᠢᠶ᠎ᠠ ᠰᠠᠷ᠎ᠠ ᠳ᠋ᠤ᠌ ᠳᠠᠢᠰᠤᠨ ᠲᠡᠮᠦᠷ ᠨᠢ ᠵᠢᠯ ᠦ᠋ᠨ ᠡᠵᠡᠨ ᠲᠠᠢᠰᠤᠢ ᠶ᠋ᠢ ᠶ᠋ᠢ ᠡᠵᠡᠯᠡᠵᠦ᠂ ᠮᠣᠳᠣ (ᠬᠥᠬᠡ) ᠶ᠋ᠢ ᠰᠢᠭᠤᠳ ᠬᠣᠣᠷᠯᠠᠳᠠᠭ᠂ ᠡᠨᠡ ᠪᠣᠯ ᠨᠥᠬᠥᠴᠡᠯ᠃ ᠡᠨᠡ ᠦᠶ᠎ᠡ ᠳ᠋ᠦ᠍ ᠳᠣᠲᠣᠭᠠᠳᠤ ᠰᠢᠯᠲᠠᠭᠠᠨ ᠠ᠋ᠴᠠ ᠳᠠᠢᠰᠤᠨ ᠲᠡᠮᠦᠷ(ᠴᠠᠭᠠᠨ) ᠤ᠋ ᠬᠦᠴᠦᠨ ᠨᠡᠮᠡᠭᠳᠡᠨ᠂ ᠮᠣᠳᠣ ᠶ᠋ᠢ ᠬᠣᠣᠷᠯᠠᠬᠤ ᠲᠤᠯᠠ᠂ ᠬᠦᠵᠦᠭᠦᠦ ᠬᠥᠰᠢᠬᠦ᠂ ᠲᠣᠯᠣᠭᠠᠢ ᠡᠪᠡᠳᠬᠦ᠂ ᠭᠠᠷ ᠤ᠋ᠨ ᠬᠤᠷᠤᠭᠤ ᠮᠢᠨᠴᠦᠭᠦᠷᠡᠬᠦ ᠰᠢᠨᠵᠢ ᠢᠯᠡᠷᠡᠨ᠂ CT ᠮᠠᠰᠢᠨ ᠢ᠋ᠶ᠋ᠠᠷ ᠪᠠᠢᠴᠠᠭᠠᠬᠤ ᠳ᠋ᠤ᠌ 《ᠬᠦᠵᠦᠭᠦᠨ ᠦ᠌ 3 7 ᠳ᠋ᠤᠭᠠᠷ ᠦᠶ᠎ᠡ ᠶ᠋ᠢᠨ ᠲᠠᠪᠠᠭ ᠭᠦᠳᠦᠢᠭᠰᠡᠨ》(ᠬᠦᠵᠦᠭᠦᠨ ᠦ᠌ ᠬᠣᠶᠠᠩ) ᠢ᠋ᠶ᠋ᠠᠷ ᠣᠨᠣᠰᠢᠯᠠᠪᠠ᠃
2.2 ᠰᠠᠮᠫᠧᠯ᠂ 1922 ᠣᠨ ᠤ᠋ 1 ᠰᠠᠷ᠎ᠠ ᠶ᠋ᠢᠨ 13 ᠤ᠋ ᠥᠷᠯᠥᠭᠡ ᠶ᠋ᠢᠨ 4 ᠴᠠᠭ ᠲᠤ᠌ ᠮᠡᠨᠳᠦᠯᠡᠪᠡ᠃ ᠵᠢᠷᠠᠨ ᠵᠢᠰᠦ ᠪᠡᠷ ᠲᠡᠮᠳᠡᠭᠯᠡᠪᠡᠯ᠄ ᠴᠠᠭᠠᠨ(ᠲᠡᠮᠦᠷ) ᠲᠠᠬᠢᠶ᠎ᠠ(ᠲᠡᠮᠦᠷ) ᠴᠠᠭᠠᠭᠴᠢᠨ(ᠲᠡᠮᠦᠷ) ᠦᠬᠡᠷ(ᠰᠢᠷᠣᠢ) ᠴᠠᠭᠠᠭᠴᠢᠨ(ᠲᠡᠮᠦᠷ) ᠮᠣᠭᠠᠢ(ᠭᠠᠯ) ᠴᠠᠭᠠᠨ(ᠲᠡᠮᠦᠷ) ᠪᠠᠷᠰ(ᠮᠣᠳᠣ)᠃ ᠡᠭᠦᠨ ᠳ᠋ᠦ᠍ ᠳᠠᠢᠰᠤᠨ ᠴᠠᠭᠠᠨ ᠴᠠᠭᠠᠭᠴᠢᠨ ᠲᠡᠮᠦᠷ ᠨᠢ 5 ᠶ᠋ᠢ ᠡᠵᠡᠯᠡᠵᠦ᠂ ᠮᠣᠳᠣ(ᠪᠠᠷᠰ) ᠢ᠋ ᠬᠣᠣᠷᠯᠠᠬᠤ ᠬᠡᠴᠡᠭᠦᠦ᠂ ᠡᠨᠡ ᠪᠣᠯ 《ᠢᠯᠡᠷᠡᠭᠡᠳᠦᠢ ᠬᠦᠵᠦᠭᠦᠨ ᠦ᠌ ᠬᠣᠶᠠᠩ》 ᠤ᠋ᠨ ᠲᠡᠮᠳᠡᠭ᠃ ᠣᠨ ᠰᠠᠷ᠎ᠠ ᠤᠯᠠᠷᠢᠭᠰᠠᠭᠠᠷ᠂ ᠳᠠᠢᠰᠤᠨ ᠲᠡᠮᠦᠷ ᠦ᠋ᠨ ᠬᠦᠴᠦᠨ ᠪᠠᠳᠠᠷᠠᠵᠤ ᠮᠣᠳᠣ ᠶ᠋ᠢ ᠬᠣᠣᠷᠯᠠᠬᠤ ᠬᠡᠴᠡᠭᠦᠦ ᠴᠠᠭ ᠲᠤ᠌ 《ᠬᠦᠵᠦᠭᠦᠨ ᠦ᠌ ᠬᠣᠶᠠᠩ》 ᠬᠥᠳᠡᠯᠬᠦ ᠶᠦᠮ᠃ 2001 ᠣᠨ ᠴᠠᠭᠠᠭᠴᠢᠨ ᠮᠣᠭᠠᠢ ᠵᠢᠯ ᠦ᠋ᠨ ᠴᠠᠭᠠᠨ ᠪᠠᠷᠰ ᠰᠠᠷ᠎ᠠ ᠳ᠋ᠤ᠌᠂ ᠳᠠᠢᠰᠤᠨ ᠴᠠᠭᠠᠨ ᠴᠠᠭᠠᠴᠢᠨ ᠲᠡᠮᠦᠷ ᠦ᠋ᠨ ᠬᠦᠴᠦᠨ ᠶᠡᠬᠡᠳᠡ ᠪᠠᠳᠠᠷᠠᠨ ᠮᠣᠳᠣ ᠶ᠋ᠢ ᠬᠣᠣᠷᠯᠠᠬᠤ ᠲᠤᠯᠠ᠂ ᠬᠦᠵᠦᠭᠦᠦ ᠬᠥᠰᠢᠬᠦ᠂ ᠳᠠᠯᠤ ᠮᠥᠷᠥ ᠳᠠᠷᠤᠵᠤ᠂ ᠲᠣᠯᠣᠭᠠᠢ ᠡᠪᠡᠳᠴᠦ᠂ ᠭᠠᠷ ᠤᠨᠲᠠᠷᠠᠨ᠂ ᠲᠤᠷᠰᠢᠯ ᠮᠠᠭᠤᠳᠠᠵᠤ᠂ ᠬᠥᠳᠡᠯᠬᠦ ᠲᠡᠩᠬᠡᠭᠡ ᠦᠭᠡᠢ ᠰᠢᠨᠵᠢ ᠢᠯᠡᠷᠡᠬᠦ ᠳ᠋ᠦ᠍ CT ᠮᠠᠰᠢᠨ ᠢ᠋ᠶ᠋ᠠᠷ ᠪᠠᠢᠴᠠᠭᠠᠬᠤ ᠳ᠋ᠤ᠌ 《ᠬᠦᠵᠦᠭᠦᠨ ᠦ᠌ 2 7 ᠳ᠋ᠤᠭᠠᠷ ᠦᠶ᠎ᠡ ᠶ᠋ᠢᠨ ᠲᠠᠪᠠᠭ ᠭᠦᠳᠦᠢᠭᠰᠡᠨ》 ᠭᠡᠵᠦ ᠬᠦᠵᠦᠭᠦᠨ ᠦ᠌ ᠬᠤᠶᠠᠩ ᠢ᠋ᠶ᠋ᠠᠷ ᠣᠨᠣᠰᠢᠯᠠᠪᠠ᠃
2.3 ᠪᠠᠪᠤ᠋᠂ 1967 ᠣᠨ ᠤ᠋ 8 ᠰᠠᠷ᠎ᠠ ᠶ᠋ᠢᠨ 18 ᠤ᠋ ᠡᠳᠦᠷ ᠦ᠋ᠨ ᠦᠳᠡ ᠶ᠋ᠢᠨ 11 ᠴᠠᠭ 25 ᠮᠢᠨᠦ᠋ᠲ ᠲᠦ᠍ ᠮᠡᠨᠳᠦᠯᠡᠪᠡ᠃ ᠵᠢᠷᠠᠨ ᠵᠢᠰᠦ ᠪᠡᠷ ᠲᠡᠮᠳᠡᠭᠯᠡᠪᠡᠯ᠄ ᠤᠯᠠᠭᠴᠢᠨ(ᠭᠠᠯ) ᠬᠣᠨᠢ(ᠰᠢᠷᠣᠢ) ᠰᠢᠷ᠎ᠠ(ᠰᠢᠷᠣᠢ) ᠪᠡᠴᠢ(ᠲᠡᠮᠦᠷ) ᠬᠥᠬᠡ(ᠮᠣᠳᠣ) ᠪᠠᠷᠰ(ᠮᠣᠳᠣ) ᠴᠠᠭᠠᠨ(ᠲᠡᠮᠦᠷ) ᠮᠣᠷᠢ(ᠭᠠᠯ)᠃ ᠡᠨᠡ《ᠬᠣᠷᠸ᠎ᠠ》 ᠳ᠋ᠤ᠌ ᠳᠠᠢᠰᠤᠨ ᠲᠡᠮᠦᠷ(ᠴᠠᠭᠠᠨ ᠪᠠᠴᠢ) ᠵᠡᠷᠭᠡ ᠨᠢ ᠰᠠᠷ᠎ᠠ ᠡᠵᠡᠯᠡᠭᠴᠢ ᠳ᠋ᠦ᠍ ᠲᠣᠬᠢᠶᠠᠯᠳᠤᠵᠤ᠂ ᠮᠣᠳᠣ(ᠬᠥᠬᠡ ᠪᠠᠷᠰ) ᠵᠡᠷᠭᠡ ᠶ᠋ᠢ ᠬᠣᠣᠷᠯᠠᠳᠠᠭ᠂ ᠢᠯᠠᠩᠭᠤᠶ᠎ᠠ ᠳᠠᠢᠰᠤᠨ ᠲᠡᠮᠦᠷ(ᠴᠠᠭᠠᠨ) ᠨᠢ ᠳᠤᠬᠤ ᠶ᠋ᠢᠨ ᠠᠷᠤ ᠠ᠋ᠴᠠ ᠨᠢ ᠨᠢᠭᠡᠯᠡ ᠴᠠᠪᠴᠢᠬᠤ ᠲᠤᠯᠠ 《ᠢᠯᠡᠷᠡᠭᠡᠳᠦᠢ ᠬᠦᠵᠦᠭᠦᠨ ᠡᠪᠡᠳᠴᠢᠨ》 ᠦ᠌ ᠲᠡᠮᠳᠡᠭ ᠲᠡᠢ᠃ ᠬᠣᠵᠢᠮ ᠤ᠋ᠨ ᠣᠨ ᠰᠠᠷ᠎ᠠ ᠳ᠋ᠤ᠌ ᠳᠠᠢᠰᠤᠨ ᠲᠡᠮᠦᠷ ᠦ᠋ᠨ ᠬᠦᠴᠦᠨ ᠨᠡᠮᠡᠭᠳᠡᠬᠦ ᠳ᠋ᠦ᠍ 《ᠬᠦᠵᠦᠭᠦᠨ ᠡᠪᠡᠳᠴᠢᠨ》ᠬᠥᠳᠡᠯᠬᠦ ᠵᠢᠮ᠎ᠡ ᠲᠡᠢ᠃ ᠣᠨ ᠰᠠᠷ᠎ᠠ ᠤᠯᠠᠷᠢᠭᠰᠠᠭᠠᠷ 2005 ᠣᠨ ᠤ᠋ ᠬᠥᠬᠡᠭᠴᠢᠨ ᠲᠠᠬᠢᠶ᠎ᠠ ᠵᠢᠯ ᠦ᠋ᠨ ᠬᠥᠬᠡ ᠪᠠᠴᠢ ᠰᠠᠷ᠎ᠠ ᠳ᠋ᠤ᠌ ᠳᠠᠢᠰᠤᠨ ᠲᠡᠮᠦᠷ(ᠲᠠᠬᠢᠶ᠎ᠠ) ᠵᠢᠯ ᠦ᠋ᠨ ᠡᠵᠡᠯᠡᠭᠴᠢ ᠳᠠᠢᠰᠤᠨ ᠪᠣᠯᠵᠤ ᠮᠣᠳᠣ ᠶ᠋ᠢ ᠰᠢᠭᠤᠳ ᠬᠣᠣᠷᠯᠠᠳᠠᠭ᠃ ᠡᠨᠡ ᠪᠣᠯ ᠨᠥᠬᠥᠴᠡᠯ᠂ ᠡᠨᠡ ᠡᠷᠢᠨ ᠳ᠋ᠦ᠍ ᠳᠣᠲᠣᠭᠠᠳᠤ ᠰᠢᠯᠲᠠᠭᠠᠨ ᠤ᠋ ᠳᠠᠢᠰᠤᠨ ᠲᠡᠮᠦᠷ (ᠴᠠᠭᠠᠨ ᠪᠡᠴᠢ) ᠵᠡᠷᠭᠡ ᠨᠢ ᠡᠨᠧᠷᠭᠢ ᠨᠡᠮᠡᠭᠳᠡᠨ ᠮᠣᠳᠣ ᠶ᠋ᠢ ᠣᠭᠲᠣᠴᠢᠨ ᠬᠣᠣᠷᠯᠠᠬᠤ ᠲᠤᠯᠠ ᠬᠦᠵᠦᠭᠦᠦ ᠬᠥᠰᠢᠵᠦ ᠳᠠᠯᠤ ᠮᠥᠷᠥ ᠳᠠᠷᠤᠵᠤ ᠳᠤᠷᠪᠠᠯᠵᠠᠬᠤ᠂ ᠲᠣᠯᠣᠭᠠᠢ ᠡᠷᠭᠢᠬᠦ ᠬᠡᠴᠡᠭᠦᠳᠡᠬᠦ ᠳ᠋ᠦ᠍ CT ᠮᠠᠰᠢᠨ ᠢ᠋ᠶ᠋ᠠᠷ ᠪᠠᠢᠴᠠᠭᠠᠬᠤ ᠳ᠋ᠤ᠌ ᠬᠦᠵᠦᠭᠦᠨ ᠦ᠌ 2 6 ᠳ᠋ᠤᠭᠠᠷ ᠦᠶ᠎ᠡ ᠶ᠋ᠢᠨ ᠲᠠᠪᠠᠭ ᠭᠦᠳᠦᠢᠭᠰᠡᠨ (ᠬᠦᠵᠦᠭᠦᠨ ᠡᠪᠡᠳᠴᠢᠨ) ᠢ᠋ᠶ᠋ᠡᠷ ᠣᠨᠣᠰᠢᠯᠠᠪᠠ᠃
2.4 ᠽᠠᠨᠳᠠᠨ᠂ 1946 ᠣᠨ ᠤ᠋ 3 ᠰᠠᠷ᠎ᠠ ᠶ᠋ᠢᠨ 11 ᠦ᠌ ᠡᠳᠦᠷ ᠦᠳᠡ ᠶ᠋ᠢᠨ ᠬᠣᠢᠨ᠎ᠠ 15 ᠴᠠᠭ ᠲᠤ᠌ ᠮᠡᠨᠳᠦᠯᠡᠪᠡ᠃ ᠵᠢᠷᠠᠨ ᠵᠢᠰᠦ ᠪᠡᠷ ᠲᠡᠮᠳᠡᠭᠯᠡᠪᠡᠯ᠄ ᠤᠯᠠᠭᠠᠨ(ᠭᠠᠯ) ᠨᠣᠬᠠᠢ(ᠰᠢᠷᠣᠢ) ᠴᠠᠭᠠᠭᠴᠢᠨ(ᠲᠡᠮᠦᠷ) ᠲᠠᠤᠯᠠᠢ(ᠮᠣᠳᠣ) ᠬᠥᠬᠡ(ᠮᠣᠳᠣ) ᠪᠠᠴᠢ(ᠲᠡᠮᠦᠷ) ᠬᠠᠷ᠎ᠠ(ᠤᠰᠤ) ᠪᠠᠴᠢ(ᠲᠡᠮᠦᠷ)᠃ ᠡᠨᠡ 《ᠬᠣᠷᠸ᠎ᠠ》 ᠳ᠋ᠤ᠌ ᠳᠠᠢᠰᠤᠨ ᠲᠡᠮᠦᠷ(ᠴᠠᠭᠠᠭᠴᠢᠨ ᠪᠡᠴᠢ ᠵᠡᠷᠭᠡ) ᠨᠢ ᠮᠣᠳᠣ(ᠬᠥᠬᠡ ᠲᠠᠤᠯᠠᠢ ᠵᠡᠷᠭᠡ) ᠶ᠋ᠢ ᠬᠣᠣᠷᠯᠠᠵᠤ ᠪᠠᠢᠬᠤ ᠨᠢ 《ᠢᠯᠡᠷᠡᠭᠡᠳᠦᠢ ᠬᠦᠵᠦᠭᠦᠨ ᠡᠪᠡᠳᠴᠢᠨ》 ᠦ᠌ ᠲᠡᠮᠳᠡᠭ ᠲᠡᠢ᠃ ᠣᠨ ᠰᠠᠷ᠎ᠠ ᠤᠯᠠᠷᠢᠨ ᠳᠠᠢᠰᠤᠨ ᠲᠡᠮᠦᠷ ᠦ᠋ᠨ ᠬᠦᠴᠦᠨ ᠨᠡᠮᠡᠭᠳᠡᠬᠦ ᠦᠶ᠎ᠡ ᠳ᠋ᠦ᠍ ᠮᠣᠳᠣ ᠬᠣᠣᠷᠯᠠᠭᠳᠠᠨ ᠬᠦᠵᠦᠭᠦᠨ ᠡᠪᠡᠳᠴᠢᠨ ᠬᠥᠳᠡᠯᠬᠦ ᠵᠢᠮ᠎ᠡ ᠪᠣᠢ᠃ 1981 ᠣᠨ ᠴᠠᠭᠠᠭᠴᠢᠨ ᠲᠠᠬᠢᠶ᠎ᠠ ᠵᠢᠯ ᠦ᠋ᠨ ᠴᠠᠭᠠᠭᠴᠢᠨ ᠲᠠᠤᠯᠠᠢ ᠰᠠᠷ᠎ᠠ ᠳ᠋ᠤ᠌ ᠳᠠᠢᠰᠤᠨ ᠲᠡᠮᠦᠷ(ᠴᠠᠭᠠᠭᠴᠢᠨ ᠲᠠᠬᠢᠶ᠎ᠠ᠂ ᠪᠠᠴᠢ ᠵᠡᠷᠭᠡ) ᠶ᠋ᠢᠨ ᠬᠦᠴᠦᠨ ᠨᠡᠮᠡᠭᠳᠡᠵᠦ ᠮᠣᠳᠣ(ᠬᠥᠬᠡ ᠲᠠᠤᠯᠠᠢ) ᠶ᠋ᠢ ᠬᠣᠣᠷᠯᠠᠬᠤ ᠲᠤᠯᠠ ᠲᠣᠯᠣᠭᠠᠢ ᠡᠪᠡᠳᠬᠦ᠂ ᠬᠦᠵᠦᠭᠦᠦ ᠲᠠᠲᠠᠯᠳᠤᠬᠤ ᠶᠠᠪᠤᠵᠤ ᠰᠠᠭᠤᠵᠤ ᠳᠡᠢᠯᠬᠦ ᠦᠭᠡᠢ᠂ ᠬᠡᠪᠲᠡᠷᠢ ᠳ᠋ᠦ᠍ ᠣᠷᠣᠪᠠ᠃ X ᠰᠠᠴᠤᠷᠠᠭ ᠢ᠋ᠶ᠋ᠠᠷ ᠪᠠᠢᠴᠠᠭᠠᠬᠤ ᠳ᠋ᠤ᠌ ᠬᠦᠵᠦᠭᠦᠨ ᠦᠶᠡᠰ ᠦ᠋ᠨ 3 7 ᠳ᠋ᠤᠭᠠᠷ ᠦᠶ᠎ᠡ ᠳ᠋ᠦ᠍ ᠮᠥᠭᠡᠷᠰᠦ ᠤᠷᠭᠤᠵᠤ 《ᠬᠦᠵᠦᠭᠦᠨ ᠡᠪᠡᠳᠴᠢᠨ》 ᠢ᠋ᠶ᠋ᠡᠷ ᠲᠣᠳᠣᠯᠠᠪᠠ᠃
2.5 ᠳᠣᠷᠵᠢ᠂ 1981 ᠣᠨ ᠤ᠋ 6 ᠰᠠᠷ᠎ᠠ ᠶ᠋ᠢᠨ 12 ᠡᠳᠦᠷ ᠦᠳᠡ ᠶ᠋ᠢᠨ ᠦᠶ᠎ᠡ ᠶ᠋ᠢᠨ 9 ᠴᠠᠭ ᠲᠤ᠌ ᠮᠡᠨᠳᠦᠯᠡᠪᠡ᠃ ᠵᠢᠷᠠᠨ ᠵᠢᠰᠦ ᠪᠡᠷ ᠲᠡᠮᠳᠡᠭᠯᠡᠪᠡᠯ᠄ ᠴᠠᠭᠠᠭᠴᠢᠨ(ᠲᠡᠮᠦᠷ) ᠲᠠᠬᠢᠶ᠎ᠠ(ᠲᠡᠮᠦᠷ) ᠬᠥᠬᠡ(ᠮᠣᠳᠣ) ᠮᠣᠷᠢ(ᠭᠠᠯ) ᠴᠠᠭᠠᠭᠴᠢᠨ(ᠲᠡᠮᠦᠷ) ᠲᠠᠬᠢᠶ᠎ᠠ(ᠲᠡᠮᠦᠷ) ᠬᠠᠷᠠᠭᠴᠢᠨ(ᠤᠰᠤ) ᠮᠣᠭᠠᠢ(ᠭᠠᠯ) ᠳᠠᠢᠰᠤᠨ ᠲᠡᠮᠦᠷ(ᠴᠠᠭᠠᠭᠴᠢᠨ ᠲᠠᠬᠢᠶ᠎ᠠ ᠵᠡᠷᠭᠡ) ᠨᠢ ᠮᠣᠳᠣ(ᠬᠥᠬᠡ) ᠶ᠋ᠢ ᠬᠣᠣᠷᠯᠠᠵᠤ ᠪᠠᠢᠬᠤ ᠨᠢ 《ᠢᠯᠡᠷᠡᠭᠡᠳᠦᠢ ᠬᠦᠵᠦᠭᠦᠨ ᠦ᠌ ᠬᠣᠶᠠᠩ》ᠢᠯᠡᠷᠡᠬᠦ ᠲᠡᠮᠳᠡᠭ ᠲᠡᠢ᠃ ᠵᠣᠯ ᠢ᠋ᠶ᠋ᠠᠷ ᠮᠣᠳᠣᠨ ᠤ᠋ ᠬᠥᠪᠡᠭᠦᠨ ᠭᠠᠯ(ᠮᠣᠷᠢ) ᠨᠢ ᠰᠠᠷ᠎ᠠ ᠶ᠋ᠢᠨ ᠡᠵᠡᠯᠡᠭᠴᠢ ᠳ᠋ᠦ᠍ ᠲᠣᠬᠢᠶᠠᠯᠳᠤᠬᠤ ᠳ᠋ᠤ᠌ ᠳᠠᠢᠰᠤᠨ ᠲᠡᠮᠦᠷ ᠢ᠋ ᠳᠠᠷᠤᠩᠭᠤᠢᠯᠠᠵᠤ ᠮᠣᠳᠣ ᠶ᠋ᠢ ᠠᠪᠤᠷᠠᠵᠤ ᠪᠣᠢ᠃ ᠬᠣᠵᠢᠮ ᠤ᠋ᠨ ᠣᠨ ᠰᠠᠷ᠎ᠠ ᠳ᠋ᠤ᠌ ᠬᠥᠪᠡᠭᠦᠨ ᠭᠠᠯ ᠤ᠋ᠨ ᠬᠦᠴᠦᠨ ᠪᠠᠭᠤᠷᠠᠵᠤ ᠳᠠᠢᠰᠤᠨ ᠲᠡᠮᠦᠷ ᠦ᠋ᠨ ᠬᠦᠴᠦᠨ ᠪᠠᠳᠠᠷᠠᠬᠤ ᠳ᠋ᠤ᠌ ᠮᠣᠳᠣ ᠶ᠋ᠢ ᠴᠠᠪᠴᠢᠨ ᠬᠣᠣᠷᠯᠠᠵᠤ᠂ ᠭᠡᠨᠡᠳᠲᠡ ᠶ᠋ᠢᠨ ᠭᠡᠮᠲᠦᠯ ᠪᠤᠶᠤ ᠬᠦᠵᠦᠭᠦᠨ ᠦ᠌ ᠬᠣᠶᠠᠩ ᠡᠭᠦᠰᠬᠦ ᠵᠢᠮ᠎ᠡ ᠪᠣᠢ᠃ 2004 ᠣᠨ ᠬᠥᠬᠡ ᠪᠠᠴᠢ ᠵᠢᠯ ᠦ᠋ᠨ ᠴᠠᠭᠠᠨ ᠪᠠᠷᠰ ᠰᠠᠷ᠎ᠠ ᠳ᠋ᠤ᠌ ᠳᠠᠢᠰᠤᠨ ᠲᠡᠮᠦᠷ(ᠪᠡᠴᠢ᠂ ᠴᠠᠭᠠᠭᠴᠢᠨ ᠲᠠᠬᠢᠶ᠎ᠠ ᠵᠡᠷᠭᠡ) ᠶ᠋ᠢᠨ ᠬᠦᠴᠦᠨ ᠪᠠᠳᠠᠷᠠᠵᠤ᠂ ᠮᠣᠳᠣ(ᠬᠥᠬᠡ) ᠶ᠋ᠢ ᠬᠣᠣᠷᠯᠠᠵᠤ᠂ ᠮᠣᠳᠣ ᠲᠡᠮᠦᠷ ᠦ᠋ᠨ ᠰᠢᠷᠦᠭᠦᠨ ᠲᠡᠮᠡᠴᠡᠯ ᠥᠷᠨᠢᠪᠡ᠂ ᠠᠷᠢᠬᠢᠨ ᠬᠠᠯᠠᠰᠠᠭᠤ ᠪᠠᠷ ᠮᠣᠲ᠋ᠣᠷ ᠠ᠋ᠴᠠ ᠣᠢᠴᠢᠵᠤ ᠡᠭᠡᠮ ᠦ᠋ᠨ ᠶᠠᠰᠤ ᠨᠢ ᠬᠤᠭᠤᠷᠠᠵᠤ ᠬᠦᠵᠦᠭᠦᠨ ᠦᠶ᠎ᠡ ᠨᠢ ᠭᠡᠮᠲᠦᠪᠡ᠃
3. ᠶᠠᠷᠢᠯᠴᠠᠭ᠎ᠠ
《ᠬᠦᠵᠦᠭᠦᠨ ᠦ᠌ ᠬᠣᠶᠠᠩ》 ᠤ᠋ᠨ ᠲᠤᠬᠠᠢ ᠣᠷᠴᠢᠨ ᠦᠶ᠎ᠡ ᠶ᠋ᠢᠨ ᠮᠣᠩᠭᠣᠯ ᠠᠨᠠᠭᠠᠬᠤ ᠤᠬᠠᠭᠠᠨᠲᠠᠳ ᠨᠢ ᠲᠣᠳᠣᠷᠬᠠᠢ ᠲᠠᠨᠢᠯᠲᠠ ᠲᠠᠢ ᠪᠣᠯᠤᠭᠰᠠᠨ ᠶᠤᠮ᠃ 《ᠳᠣᠲᠣᠷ ᠡᠪᠡᠳᠴᠢᠨ ᠦ᠌ ᠰᠤᠳᠤᠯᠤᠯ》 ᠤ᠋ᠨ ᠬᠣᠶᠠᠩ ᠡᠪᠡᠳᠴᠢᠨ ᠦ᠌ ᠬᠡᠰᠡᠭ ᠲᠦ᠍ 《ᠬᠦᠵᠦᠭᠦᠨ ᠦ᠌ ᠬᠣᠶᠠᠩ》 ᠢ᠋ ᠴᠢᠰᠤ ᠬᠢᠮᠤᠷᠠᠭᠠᠳ ᠴᠠᠭᠠᠨ ᠰᠤᠳᠠᠯ ᠢ᠋ ᠨᠥᠯᠥᠭᠡᠯᠡᠨ ᠭᠡᠮᠲᠦᠭᠰᠡᠨ ᠢ᠋ ᠬᠣᠶᠠᠩ ᠡᠪᠡᠳᠴᠢᠨ ᠭᠡᠵᠦ᠂ ᠰᠢᠯᠲᠠᠭᠠᠨ ᠨᠢ ᠬᠡᠢ ᠰᠢᠷ᠎ᠠ ᠪᠠᠳᠬᠠᠨ ᠤᠷᠪᠠᠯᠲᠠ ᠲᠠᠢ ᠪᠣᠯᠤᠭᠰᠠᠨ ᠠ᠋ᠴᠠ ᠪᠣᠯᠤᠨ᠎ᠠ ᠭᠡᠵᠦ᠂ ᠨᠥᠬᠥᠴᠡᠯ ᠪᠠ ᠲᠥᠷᠥᠯ ᠵᠦᠢᠯ ᠦ᠋ᠨ ᠲᠤᠬᠠᠢ ᠨᠠᠷᠢᠨ ᠨᠢᠭᠲᠠ ᠲᠣᠭᠠᠴᠠᠨ ᠥᠭᠦᠯᠡᠪᠡ᠃ ᠤᠯᠠᠮᠵᠢᠯᠠᠯᠲᠤ ᠠᠨᠠᠭᠠᠬᠤ ᠤᠬᠠᠭᠠᠨ ᠤ᠋ ᠰᠣᠩᠭᠣᠳᠠᠭ ᠵᠣᠬᠢᠶᠠᠯ 《ᠡᠮ ᠵᠠᠰᠠᠯ ᠤ᠋ᠨ ᠰᠠᠷᠠᠨ ᠬᠠᠭᠠᠨ》ᠳ᠋ᠤ᠌᠄ 《ᠪᠦᠯᠡᠬᠡ ᠨᠢ ᠮᠣᠨᠷᠤᠣ(ᠮᠢᠬ᠎ᠠ) ᠯᠤᠭ᠎ᠠ ᠪᠠᠷᠢᠯᠳᠤᠨ ᠁ (ᠳᠣᠲᠣᠭᠰᠢ) ᠡᠯᠢᠭᠡ ᠥᠷᠥᠴᠡ ᠳ᠋ᠦ᠍ ᠪᠠᠷᠢᠯᠳᠤᠵᠤ᠂ ᠵᠠᠭᠠᠲᠤᠰᠤᠨᠠ ᠬᠦᠷᠦᠭᠡᠳ ᠲᠠᠷᠢᠬᠢᠨ ᠭᠡᠷ ᠲᠦ᠍ ᠪᠠᠷᠢᠯᠳᠤᠮᠤᠢ᠃ ᠭᠤᠴᠢᠳᠤᠭᠠᠷ ᠪᠦᠯᠦᠭ ᠲᠦ᠍ ᠡᠯᠢᠭᠡᠨ ᠴᠢᠰᠤ ᠨᠢ ᠡᠯᠢᠭᠡᠨ ᠰᠤᠳᠠᠯ ᠳ᠋ᠤ᠌ ᠣᠳᠪᠠᠰᠤ ᠪᠡᠶ᠎ᠡ ᠪᠣᠯᠤᠨ ᠭᠠᠷ ᠬᠥᠯ ᠬᠥᠰᠢᠬᠦ ᠪᠠ ᠰᠢᠯᠢ ᠬᠥᠰᠢᠵᠦ ᠶᠡᠬᠡ ᠤᠮᠳᠠᠭᠠᠰᠬᠤ ᠪᠣᠯᠠᠢ ᠁ 》 ᠭᠡᠵᠦ ᠲᠡᠮᠳᠡᠭᠯᠡᠪᠡ᠃ ᠳᠡᠭᠡᠷᠡᠬᠢ ᠥᠭᠦᠯᠡᠯᠲᠡ ᠡᠴᠡ ᠬᠦᠵᠦᠭᠦᠦ ᠶ᠋ᠢ ᠪᠡᠬᠢᠯᠡᠨ ᠲᠣᠭᠲᠠᠭᠠᠵᠤ ᠪᠠᠢᠬᠤ ᠪᠦᠯᠡᠬᠡ ᠨᠢ ᠮᠢᠬ᠎ᠠ ᠶᠠᠰᠤ ᠡᠯᠢᠭᠡ ᠥᠷᠥᠴᠡ ᠲᠡᠢ ᠪᠠᠷᠢᠯᠳᠤᠵᠤ ᠮᠣᠳᠣ ᠮᠠᠬᠠᠪᠣᠳ(ᠡᠯᠢᠭᠡ) ᠲᠡᠢ ᠬᠠᠷᠠᠭᠠᠯᠵᠠᠬᠤ ᠶ᠋ᠢ ᠮᠡᠳᠡᠵᠦ ᠪᠣᠯᠳᠠᠭ᠃ ᠮᠣᠩᠭᠣᠯ ᠠᠨᠠᠭᠠᠬᠤ ᠤᠬᠠᠭᠠᠨᠲᠠᠳ ᠬᠦᠵᠦᠭᠦᠨ ᠦ᠌ ᠬᠣᠶᠠᠩ ᠤ᠋ᠨ ᠲᠤᠬᠠᠢ ᠰᠢᠯᠲᠠᠭᠠᠨ ᠨᠥᠬᠥᠴᠡᠯ ᠢ᠋ ᠲᠣᠳᠣᠷᠬᠠᠢ ᠪᠣᠯᠭᠠᠭᠰᠠᠨ ᠪᠣᠯᠪᠠᠴᠤ᠂ ᠪᠢᠳᠡ ᠬᠠᠷᠠᠭᠠᠰᠤ ᠪᠠᠨ ᠤᠯᠠᠮ ᠥᠷᠭᠡᠳᠬᠡᠵᠦ ᠤᠯᠠᠮᠵᠢᠯᠠᠯᠲᠤ ᠮᠣᠩᠭᠣᠯ ᠠᠨᠠᠭᠠᠬᠤ ᠤᠬᠠᠭᠠᠨ ᠤ᠋ ᠬᠠᠶᠠᠭᠳᠠᠵᠤ ᠣᠷᠬᠢᠭᠳᠠᠭᠰᠠᠨ ᠬᠠᠷ᠎ᠠ ᠵᠢᠷᠤᠬᠠᠢ ᠶ᠋ᠢᠨ ᠤᠬᠠᠭᠠᠨ ᠤ᠋ ᠡᠬᠡ ᠬᠥᠪᠡᠭᠦᠨ ᠨᠥᠬᠥᠷ ᠳᠠᠢᠰᠤᠨ ᠤ᠋ ᠬᠠᠷᠢᠴᠠᠭ᠎ᠠ ᠪᠠᠷ ᠬᠦᠵᠦᠭᠦᠨ ᠦ᠌ ᠬᠣᠶᠠᠩ ᠢ᠋ ᠣᠨᠣᠰᠢᠯᠠᠬᠤ ᠨᠢ ᠲᠠᠰᠤᠷᠠᠭᠰᠠᠨ 《ᠠᠯᠲᠠᠨ ᠰᠢᠵᠢᠮ》 ᠢ᠋ ᠤᠯᠠᠮᠵᠢᠯᠠᠨ ᠵᠠᠯᠭᠠᠮᠵᠢᠯᠠᠵᠤ ᠵᠠᠯᠠᠭᠤ ᠡᠮᠴᠢ ᠨᠠᠷ ᠲᠤ᠌ ᠰᠤᠷᠭᠠᠬᠤ ᠪᠤᠶᠤ ᠢᠯᠠᠩᠭᠤᠶ᠎ᠠ 《ᠢᠯᠡᠷᠡᠭᠡᠳᠦᠢ ᠡᠪᠡᠳᠴᠢᠨ》 ᠦ᠌ ᠡᠭᠦᠳᠡᠨ ᠡᠴᠡ ᠤᠷᠢᠳᠴᠢᠯᠠᠨ ᠣᠨᠣᠰᠢᠯᠠᠵᠤ ᠡᠮᠴᠢᠯᠡᠬᠦ ᠶ᠋ᠢ ᠦᠢᠯᠡᠳᠦᠯᠭᠡᠵᠢᠭᠦᠯᠦᠭᠰᠡᠨ ᠶᠦᠮ᠃ ᠲᠥᠷᠥᠯᠬᠢ ᠪᠡᠶ᠎ᠡ ᠳᠠᠢᠰᠤᠨ ᠲᠡᠮᠦᠷ ᠦ᠋ᠨ ᠬᠦᠴᠦᠨ ᠪᠠᠳᠠᠷᠠᠩᠭᠤᠢ ᠵᠦᠢᠯ ᠣᠯᠠᠨ ᠪᠠᠢᠵᠤ ᠂ ᠮᠣᠳᠣ ᠶ᠋ᠢ ᠬᠣᠣᠷᠯᠠᠵᠤ ᠪᠠᠢᠪᠠᠯ ᠢᠯᠡᠷᠡᠭᠡᠳᠦᠢ ᠬᠦᠵᠦᠭᠦᠨ ᠦ᠌ ᠬᠣᠶᠠᠩ ᠤ᠋ᠨ ᠲᠡᠮᠳᠡᠭ ᠲᠡᠢ᠃ ᠮᠣᠳᠣ ᠶ᠋ᠢᠨ ᠬᠥᠪᠡᠭᠦᠨ ᠭᠠᠯ ᠮᠠᠬᠠᠪᠣᠳ ᠨᠢ ᠳᠠᠢᠰᠤᠨ ᠲᠡᠮᠦᠷ ᠢ᠋ ᠳᠠᠷᠤᠩᠭᠤᠢᠯᠠᠵᠤ ᠪᠠᠢᠪᠠᠯ ᠠᠪᠤᠷᠠᠯ ᠲᠠᠢ ᠪᠠᠢᠳᠠᠭ ᠲᠡᠮᠳᠡᠭ ᠲᠡᠢ᠃ ᠣᠨ ᠵᠢᠯ ᠦ᠋ᠨ ᠤᠯᠠᠷᠢᠨ ᠬᠤᠪᠢᠷᠠᠬᠤ ᠶ᠋ᠢ ᠳᠠᠭᠠᠯᠳᠤᠨ ᠠᠯᠢ ᠨᠢᠭᠡ ᠴᠠᠭ ᠦᠶ᠎ᠡ ᠳ᠋ᠦ᠍ ᠳᠠᠢᠰᠤᠨ ᠲᠡᠮᠦᠷ ᠦ᠋ᠨ ᠬᠦᠴᠦᠨ ᠪᠠᠳᠠᠷᠠᠨ ᠠᠷᠪᠢᠳᠠᠬᠤ ᠦᠶ᠎ᠡ ᠳ᠋ᠦ᠍᠂ ᠮᠣᠳᠣ ᠬᠣᠣᠷᠯᠠᠭᠳᠠᠨ ᠬᠦᠵᠦᠭᠦᠨ ᠦ᠌ ᠬᠣᠶᠠᠩ ᠬᠥᠳᠡᠯᠬᠦ ᠵᠢᠮ᠎ᠡ ᠲᠡᠢ᠃ ᠮᠠᠰᠢᠨ ᠲᠣᠨᠣᠭᠯᠠᠯ ᠳᠤᠲᠠᠭᠤ ᠪᠠᠢᠳᠠᠭ ᠬᠥᠳᠡᠭᠡ ᠮᠠᠯᠵᠢᠬᠤ ᠣᠷᠣᠨ ᠳ᠋ᠤ᠌ ᠡᠮᠴᠢᠯᠡᠵᠦ ᠪᠠᠢᠬᠤ ᠮᠣᠩᠭᠣᠯ ᠡᠮᠴᠢ ᠨᠠᠷ ᠡᠨᠡ ᠮᠡᠷᠭᠡᠵᠢᠯ ᠢ᠋ ᠪᠣᠯᠪᠠᠰᠤᠷᠠᠩᠭᠤᠢ ᠡᠵᠡᠮᠰᠢᠵᠦ ᠬᠡᠷᠡᠭᠯᠡᠵᠦ ᠴᠢᠳᠠᠪᠠᠯ᠂ ᠨᠡᠩ ᠣᠯᠠᠨ ᠬᠥᠮᠦᠰ ᠢ᠋ ᠡᠪᠡᠳᠴᠢᠨ ᠦ᠌ ᠵᠣᠪᠠᠭᠤᠷᠢ ᠠ᠋ᠴᠠ ᠰᠡᠷᠭᠡᠢᠯᠡᠨ ᠵᠠᠢᠯᠠᠭᠤᠯᠵᠤ ᠴᠢᠳᠠᠬᠤ ᠨᠢ ᠵᠠᠢᠯᠠᠰᠢ ᠦᠭᠡᠢ ᠶᠦᠮ᠃
— — — —
ᠵᠡᠭᠦᠯᠲᠡ
[1] ᠪᠣᠷᠵᠢᠭᠢᠨ ᠡᠷᠳᠡᠨᠢᠴᠤᠭᠲᠤ᠂ ᠸᠠᠩ ᠵᠢᠶᠦ᠋ᠨ ᠹᠸᠧᠩ᠄ 《ᠮᠣᠩᠭᠣᠯ ᠠᠨᠠᠭᠠᠬᠤ ᠤᠬᠠᠭᠠᠨ ᠤ᠋ ᠡᠷᠲᠡᠨ ᠦ᠌ ᠰᠣᠩᠭᠣᠳᠠᠭ ᠵᠣᠬᠢᠶᠠᠯ ᠳ᠋ᠠᠬᠢ ᠵᠢᠷᠤᠬᠠᠢ ᠶ᠋ᠢᠨ ᠤᠬᠠᠭᠠᠨ ᠤ᠋ ᠲᠡᠮᠳᠡᠭᠯᠡᠯ ᠪᠣᠯᠤᠨ ᠡᠮᠴᠢᠯᠡᠭᠡᠨ ᠳ᠋ᠡᠬᠢ ᠬᠡᠷᠡᠭᠯᠡᠯᠲᠡ》᠂ 《ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ》 ᠂ 2023 ᠣᠨ ᠤ᠋ 12 ᠳ᠋ᠤᠭᠠᠷ ᠬᠤᠭᠤᠴᠠᠭ᠎ᠠ᠃
[2] ᠮᠣᠩᠭᠣᠯ ᠠᠨᠠᠭᠠᠬᠤ ᠤᠬᠠᠭᠠᠨ ᠤ᠋ ᠳᠣᠲᠣᠷ ᠡᠪᠡᠳᠴᠢᠨ ᠦ᠌ ᠰᠤᠳᠤᠯᠤᠯ ᠤ᠋ᠨ ᠨᠠᠢᠷᠠᠭᠤᠯᠬᠤ ᠳᠤᠭᠤᠢᠯᠠᠩ᠄ 《ᠮᠣᠩᠭᠣᠯ ᠠᠨᠠᠭᠠᠬᠤ ᠤᠬᠠᠭᠠᠨ ᠳᠣᠲᠣᠷ ᠡᠪᠡᠳᠴᠢᠨ ᠦ᠌ ᠰᠤᠳᠤᠯᠤᠯ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 1976 ᠣᠨ᠂ 286 ᠨᠢᠭᠤᠷ᠃
[3] ᠪᠺᠣᠸᠠᠯ᠄ 《ᠡᠮ ᠵᠠᠰᠠᠯ ᠤ᠋ᠨ ᠰᠠᠷᠠᠨ ᠬᠠᠭᠠᠨ》᠂ ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ᠂ 1985 ᠣᠨ᠂ 16 ᠨᠢᠭᠤᠷ᠃
ᠢᠷᠡᠯᠲᠡ᠄ ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ ᠰᠡᠳᠬᠦᠯ 2025 ᠣᠨ ᠤ᠋ 2 ᠳ᠋ᠤᠭᠠᠷ ᠬᠤᠭᠤᠴᠠᠭ᠎ᠠ
ᠦᠰᠦᠭ ᠠᠮᠢᠯᠠᠭᠤᠯᠤᠭᠴᠢ ᠄ ᠭᠠᠸᠠ ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃
