ᠮᠣᠷᠢᠨ ᠤ᠋ ᠳᠠᠭᠤᠤ ᠨᠤᠭᠤᠳ ᠳ ∙ ᠨᠢᠮᠠᠰᠦ᠋ᠷᠦᠩ ᠳ ∙ ᠳᠡᠯᠭᠡᠷᠰᠦ᠋ᠷᠦᠩMorinii duunuud Duuchin D.Nyamjargal D. Delgersuren Морины дуунууд Д.Нямсүрэн Д.Дэлгэрсүрэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢᠨ ᠤ᠋ ᠳᠠᠭᠤᠤ ᠨᠤᠭᠤᠳ ᠳ ∙ ᠨᠢᠮᠠᠰᠦ᠋ᠷᠦᠩ ᠳ ∙ ᠳᠡᠯᠭᠡᠷᠰᠦ᠋ᠷᠦᠩMorinii duunuud Duuchin D.Nyamjargal D. Delgersuren Морины дуунууд Д.Нямсүрэн Д.Дэлгэрсүрэн

ᠮᠣᠷᠢᠨ ᠤ᠋ ᠳᠠᠭᠤᠤ ᠨᠤᠭᠤᠳ ᠳ ∙ ᠨᠢᠮᠠᠰᠦ᠋ᠷᠦᠩ ᠳ ∙ ᠳᠡᠯᠭᠡᠷᠰᠦ᠋ᠷᠦᠩMorinii duunuud Duuchin D.Nyamjargal D. Delgersuren Морины дуунууд Д.Нямсүрэн Д.Дэлгэрсүрэн

ᠠᠩᠭᠢᠯᠠᠯ:ᠳᠠᠭᠤᠤ ᠬᠥᠭᠵᠢᠮ
2025-07-12

784

ᠮᠣᠷᠢᠨ ᠤ᠋ ᠳᠠᠭᠤᠤ ᠨᠤᠭᠤᠳ


    ᠳᠠᠭᠤᠴᠢᠨ᠄ ᠳ• ᠨᠢᠮᠠᠰᠦ᠋ᠷᠦᠩ   ᠳ• ᠳᠡᠯᠭᠡᠷᠰᠦ᠋ᠷᠦᠩ 

ᠠᠳᠤᠭᠤᠴᠢᠨ 

    ᠮᠣᠩᠭᠣᠯ ᠠᠷᠠᠳ ᠤ᠋ᠨ ᠳᠠᠭᠤᠤ 

ᠲᠦᠮᠡᠨ ᠴᠦ᠍ ᠣᠯᠠᠨ ᠠᠳᠤᠭᠤᠨ ᠤ᠋ ᠳᠤᠮᠳᠠ ᠠ᠋ᠴᠠ 
ᠲᠥᠭᠥᠷᠢᠭ ᠰᠠᠷᠠ ᠲᠠᠢ ᠮᠠᠩᠬᠠᠨ ᠰᠢᠷᠭ᠎ᠠ ᠮᠢᠨᠢ ᠲᠦᠷᠦᠭᠦᠯᠡᠭᠡᠳ ᠢᠷᠡᠯ᠎ᠡ ᠬᠦ 
ᠲᠦᠮᠡᠨ ᠴᠦ᠍ ᠣᠯᠠᠨ ᠬᠥᠮᠦᠨ ᠦ᠌ ᠳᠤᠮᠳᠠ ᠠ᠋ᠴᠠ 
ᠮᠢᠨᠦ ᠵᠢᠷᠦᠬᠡᠨ ᠦ᠌ ᠪᠢᠴᠢᠬᠠᠨ ᠲᠡᠷᠡ ᠮᠢᠨᠢ ᠲᠣᠷᠮᠣᠢᠵᠤ ᠬᠠᠷᠠᠭᠳᠠᠨ᠎ᠠ ᠬᠦ᠃ 

ᠭᠤᠨᠠᠨ ᠬᠠᠷ᠎ᠠ 

     ᠮᠣᠩᠭᠣᠯ ᠠᠷᠠᠳ ᠤ᠋ᠨ ᠳᠠᠭᠤᠤ 

ᠭᠤᠨᠠᠩᠬᠠᠨ ᠭᠤᠨᠠᠩᠬᠠᠨ ᠬᠠᠷ᠎ᠠ ᠨᠢ 
ᠭᠤᠶᠠᠨ ᠳᠡᠭᠡᠷ᠎ᠡ ᠨᠢ ᠳᠠᠷᠤᠭᠰᠠᠨ ᠲᠠᠮᠠᠭ᠎ᠠ ᠲᠠᠢ ᠳᠠ ᠬᠦ 
ᠭᠤᠶᠠᠨ ᠳᠡᠭᠡᠷ᠎ᠡ ᠨᠢ ᠳᠠᠷᠤᠭᠰᠠᠨ ᠲᠠᠮᠠᠭ᠎ᠠ ᠨᠢ 
ᠭᠤᠷᠪᠠᠯᠵᠢᠨ ᠮᠠᠶᠢᠭ ᠤ᠋ᠨ ᠬᠡᠯᠪᠡᠷᠢ ᠲᠡᠢ ᠳᠧ ᠬᠦ᠃

ᠬᠢᠯᠢᠩ ᠬᠠᠷ᠎ᠠ 

    ᠦᠭᠡ᠄ ᠯ• ᠠᠭᠸᠠᠩᠵᠠᠮᠪᠠᠯ
    ᠠᠶ᠎ᠠ᠄ ᠯ• ᠳᠠᠰᠢᠨᠢᠮ᠎ᠠ

ᠵᠣᠷᠢᠭᠰᠠᠨ ᠳ᠋ᠠᠭᠠᠨ ᠬᠦᠷᠳᠡᠭ ᠬᠢᠯᠢᠩᠬᠡᠨ ᠬᠠᠷ᠎ᠠ ᠠ᠋ ᠬᠦ
ᠵᠣᠯᠪᠣᠭ᠎ᠠ ᠰᠡᠷᠭᠦᠭᠡᠬᠦ ᠭᠠᠢᠬᠠᠮᠰᠢᠭ ᠴᠤ᠌ ᠶᠤᠮ ᠤᠤ ᠳᠠ
ᠵᠣᠯ ᠢ᠋ᠶ᠋ᠠᠷ ᠤᠴᠠᠷᠠᠭᠰᠠᠨ ᠲᠠᠩᠬᠢᠯᠬᠠᠨ ᠬᠣᠩᠭᠣᠷ ᠠ᠋ ᠬᠦ
ᠵᠢᠷᠦᠬᠡᠨ ᠳ᠋ᠦ᠍ ᠳᠡᠯᠪᠡᠭᠡᠯᠡᠬᠦ ᠰᠠᠷᠠᠨᠠᠢ ᠴᠤ᠌ ᠶᠤᠮ ᠤᠤ ᠳᠠ

ᠬᠠᠮᠢᠭ᠎ᠠ ᠴᠤ᠌ ᠰᠣᠳᠣᠨ ᠬᠢᠯᠢᠩᠬᠡᠨ ᠬᠠᠷ᠎ᠠ ᠠ᠋ ᠬᠦ
ᠬᠠᠷᠠᠭ᠎ᠠ ᠪᠤᠯᠢᠶᠠᠬᠤ ᠭᠠᠢᠬᠠᠮᠰᠢᠭ ᠴᠤ᠌ ᠶᠤᠮ ᠤᠤ ᠳᠠ
ᠬᠠᠮᠤᠭ ᠠ᠋ᠴᠠ ᠨᠠᠨᠳᠢᠨ ᠢᠨᠠᠭᠬᠠᠨ ᠬᠣᠩᠭᠣᠷ ᠠ᠋ ᠬᠦ
ᠬᠠᠢᠷᠠᠨ ᠳ᠋ᠤ᠌ ᠴᠡᠴᠡᠭᠯᠡᠬᠦ ᠵᠤᠯᠠ ᠴᠤ᠌ ᠶᠤᠮ ᠤᠤ ᠳᠠ
ᠬᠠᠮᠤᠭ ᠠ᠋ᠴᠠ ᠨᠠᠨᠳᠢᠨ ᠢᠨᠠᠭᠬᠠᠨ ᠬᠣᠩᠭᠣᠷ ᠠ᠋ ᠬᠦ
ᠬᠠᠢᠷᠠᠨ ᠳ᠋ᠤ᠌ ᠴᠡᠴᠡᠭᠯᠡᠬᠦ ᠵᠤᠯᠠ ᠴᠤ᠌ ᠶᠤᠮ ᠤᠤ ᠳᠠ᠃

ᠡᠪᠦᠯ ᠦ᠋ᠨ ᠠᠳᠤᠭᠤᠴᠢᠨ

    ᠦᠭᠡ᠄ ᠴ• ᠠᠭᠸᠠᠩᠳᠠᠰᠢ
    ᠠᠶ᠎ᠠ᠄ ᠣ• ᠳᠡᠮᠪᠡᠷᠢᠯ

ᠭᠤᠨ᠎ᠠ ᠶ᠋ᠢᠨ ᠡᠪᠡᠷ ᠬᠤᠭᠤᠷᠠᠮᠠᠷ
ᠭᠤᠷᠪᠠᠨ ᠶᠢᠰᠦ ᠶ᠋ᠢᠨ ᠬᠦᠢᠲᠡᠨ ᠳ᠋ᠡᠭᠡᠨ
ᠬᠤᠰᠤᠨ ᠤᠷᠭ᠎ᠠ ᠪᠠᠨ ᠪᠠᠷᠢᠭᠠᠳ
ᠬᠤᠷᠳᠤᠯᠠᠵᠤ ᠶᠠᠪᠤᠨ᠎ᠠ ᠠᠳᠤᠭᠤᠴᠢᠨ
ᠠᠢ᠂ ᠶᠠᠭᠠᠬᠢᠭᠰᠠᠨ ᠰᠠᠢᠬᠠᠨ ᠶᠤᠮ ᠳᠠ
ᠠᠳᠤᠭᠤ ᠨᠢ ᠶᠠᠭᠠᠬᠢᠭᠰᠠᠨ ᠣᠯᠠᠨ ᠶᠤᠮ ᠪᠣᠢ
ᠵᠣᠷᠢᠭ ᠭᠡᠳᠡᠭ ᠨᠢ ᠭᠠᠩ ᠶᠤᠮ ᠠ᠋᠂ ᠭᠠᠩ ᠶᠤᠮ
ᠵᠣᠯᠪᠣᠭ᠎ᠠ ᠭᠡᠳᠡᠭ ᠨᠢ ᠭᠠᠯ ᠶᠤᠮ ᠠ᠋᠂ ᠭᠠᠯ ᠶᠤᠮ᠃

ᠡᠮᠨᠢᠭ ᠠᠵᠢᠷᠭ᠎ᠠ ᠪᠠᠨ ᠪᠤᠯᠭᠢᠭᠤᠯᠤᠭᠰᠠᠭᠠᠷ
ᠢᠰᠬᠡᠷᠦᠭᠡᠳ ᠳᠠᠪᠬᠢᠯ᠎ᠠ ᠨᠢᠭᠡ ᠨᠢ
ᠢᠨᠢᠶᠡᠮᠰᠦᠭᠯᠡᠭᠡᠳ ᠥᠩᠭᠡᠷᠡᠬᠦ ᠳ᠋ᠡᠭᠡᠨ
ᠢᠷᠮᠡᠭᠡᠳ ᠳᠣᠬᠢᠯ᠎ᠠ ᠨᠠᠭᠠᠰᠢ ᠪᠠᠨ
ᠠᠢ᠂ ᠶᠠᠭᠠᠬᠢᠭᠰᠠᠨ ᠥᠯᠴᠢᠷ ᠶᠦᠮ ᠪᠣᠢ
ᠠᠳᠤᠭᠤ ᠨᠢ ᠶᠠᠭᠠᠬᠢᠭᠰᠠᠨ ᠲᠠᠷᠭᠤᠨ ᠶᠤᠮ ᠪᠣᠢ
ᠢᠳᠡᠷ ᠦ᠋ᠨ ᠴᠢᠳᠠᠯ ᠨᠢ ᠤᠷᠮ᠎ᠠ ᠲᠠᠢ ᠳᠠ᠂ ᠤᠷᠮ᠎ᠠ ᠲᠠᠢ
ᠢᠷᠮᠡᠭᠡᠳ ᠥᠩᠭᠡᠷᠡᠬᠦ ᠨᠢ ᠤᠴᠢᠷ ᠲᠠᠢ ᠳᠠ᠂ᠤᠴᠢᠷ ᠲᠠᠢ
ᠠᠢ᠂ ᠶᠠᠭᠠᠬᠢᠭᠰᠠᠨ ᠥᠯᠴᠢᠷ ᠶᠦᠮ ᠪᠣᠢ
ᠠᠳᠤᠭᠤ ᠨᠢ ᠶᠠᠭᠠᠬᠢᠭᠰᠠᠨ ᠲᠠᠷᠭᠤᠨ ᠶᠤᠮ ᠪᠣᠢ
ᠢᠳᠡᠷ ᠦ᠋ᠨ ᠴᠢᠳᠠᠯ ᠨᠢ ᠤᠷᠮ᠎ᠠ ᠲᠠᠢ ᠳᠠ᠂ ᠤᠷᠮ᠎ᠠ ᠲᠠᠢ᠃
ᠢᠷᠮᠡᠭᠡᠳ ᠥᠩᠭᠡᠷᠡᠬᠦ ᠨᠢ ᠤᠴᠢᠷ ᠲᠠᠢ ᠳᠠ᠂ᠤᠴᠢᠷ ᠲᠠᠢ᠃

     ᠦᠰᠦᠭ ᠬᠠᠳᠠᠭᠴᠢ᠄ ᠵᠢᠷᠠᠨᠲᠠᠢ
     ᠦᠰᠦᠭ ᠠᠮᠢᠯᠠᠭᠤᠯᠤᠭᠴᠢ᠄ ᠤᠤᠭᠠᠨᠵᠢᠳ
     ᠬᠢᠨᠠᠭᠴᠢ᠄ ᠮᠡᠷᠭᠡᠨᠪᠢᠯᠢᠭ