ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠲᠠᠪᠤ〕 Цаг төрийн үймээн – Д ᠂ Намдаг - Амьдралын зам ᠂ нэгдүгээр бүлэг - 5 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠲᠠᠪᠤ〕 Цаг төрийн үймээн – Д ᠂ Намдаг - Амьдралын зам ᠂ нэгдүгээр бүлэг - 5

ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠲᠠᠪᠤ〕 Цаг төрийн үймээн – Д ᠂ Намдаг - Амьдралын зам ᠂ нэгдүгээр бүлэг - 5

ᠠᠩᠭᠢᠯᠠᠯ:ᠲᠤᠭᠤᠵᠢ ᠷᠣᠮᠠᠨ
2025-07-11

287

ᠨᠠᠢᠷ ᠴᠡᠩᠬᠡᠯ


       ᠦᠳᠡᠰᠢ ᠶ᠋ᠢᠨ ᠪᠦᠷᠦᠩᠬᠦᠢ ᠪᠡᠷ ᠸᠴᠢᠷᠪᠠᠲᠤ ᠭᠡᠭᠴᠢ ᠶ᠋ᠢᠨ ᠳ᠋ᠦ᠍ ᠪᠠᠯᠳᠠᠨᠴᠡᠷᠢᠩ ᠣᠴᠢᠬᠤ ᠳ᠋ᠤ᠌᠂ ᠲᠠᠪᠤ ᠵᠢᠷᠭᠤᠭᠠᠨ ᠬᠥᠮᠦᠨ ᠪᠥᠭᠡᠮᠨᠡᠷᠡᠨ ᠨᠠᠷᠭᠢᠵᠤ ᠪᠠᠢᠯ᠎ᠠ᠃ ᠲᠡᠳᠡ ᠴᠥᠮ ᠪᠠᠯᠳᠠᠨᠴᠡᠷᠢᠩ ᠦ᠋ᠨ ᠲᠠᠨᠢᠯ ᠤ᠋ᠳ ᠠᠵᠢ᠃ ᠭᠡᠪᠡᠴᠦ ᠨᠠᠰᠤ ᠪᠠᠷ ᠳᠡᠭᠦᠦ ᠬᠥᠮᠦᠰ ᠪᠣᠯᠬᠤ ᠠ᠋ᠴᠠ ᠭᠠᠳᠠᠨ᠎ᠠ ᠬᠦᠩ ᠵᠡᠷᠭᠡᠲᠡᠨ ᠨᠦ᠍ᠭᠦᠳ ᠪᠢᠰᠢ ᠳᠡᠭᠡᠳᠦ ᠲᠠᠯ᠎ᠠ ᠶ᠋ᠢᠨ ᠬᠢᠨᠢ ᠲᠦᠰᠢᠮᠡᠳ᠂ ᠳᠣᠣᠷᠠᠲᠤ ᠵᠡᠷᠭᠡ ᠶ᠋ᠢᠨ ᠬᠢᠨᠢ ᠪᠢᠴᠢᠭᠡᠴᠢ ᠪᠢᠯᠡ᠃ ᠪᠠᠯᠳᠠᠨᠴᠡᠷᠢᠩ ᠢ᠋ ᠦᠵᠡᠬᠦ ᠲᠡᠢ ᠪᠡᠨ ᠵᠡᠷᠭᠡ ᠲᠡᠳᠡ《ᠭᠦᠩᠲᠡᠨ ᠢᠷᠡᠪᠡ!》 ᠭᠡᠵᠦ ᠬᠦᠨᠳᠦᠳᠬᠡᠨ ᠪᠣᠰᠴᠤ ᠠᠮᠤᠷ  ᠡᠷᠢᠭᠡᠳ  ᠣᠯᠪᠣᠭ ᠳᠡᠪᠢᠰᠦᠨ ᠰᠠᠭᠤᠯᠭᠠᠵᠤ ᠰᠢᠬᠢᠷ ᠵᠢᠮᠢᠰ᠂ ᠪᠣᠣᠪᠣ ᠱᠣᠣᠪᠣ᠂ ᠨᠠᠷᠢᠨ ᠬᠣᠭᠣᠯᠠ᠂ ᠠᠷᠢᠬᠢ ᠳᠠᠷᠠᠰᠤ ᠪᠠᠷ ᠵᠣᠴᠢᠯᠠᠪᠠ᠃ ᠡᠭᠦᠨ ᠳ᠋ᠦ᠍ ᠴᠦ᠍ ᠶᠡᠷᠦ ᠶᠠᠭᠤᠨ ᠤ᠋ ᠮᠠᠭᠤᠬᠠᠢ ᠶᠠᠭᠤᠮ᠎ᠠ ᠪᠠᠢᠬᠤ ᠪᠢᠯᠡ᠃ ᠢᠩᠭᠢᠬᠦ ᠳ᠋ᠦ᠍ ᠲᠡᠳᠡ ᠵᠦᠭᠡᠷ ᠴᠦ᠍ ᠦᠭᠡᠢ ᠨᠢᠭᠤᠴᠠ ᠠᠮᠠᠷᠠᠭ ᠤ᠋ᠳ ᠲᠠᠢ ᠪᠠᠨ ᠪᠣᠯᠵᠣᠭ᠎ᠠ ᠲᠠᠯᠪᠢᠵᠤ ᠡᠨᠳᠡ ᠴᠤᠭᠯᠠᠷᠠᠭᠰᠠᠨ ᠠᠵᠢ᠃ ᠴᠥᠮ ᠭᠣᠶᠣ ᠰᠠᠢᠬᠠᠨ ᠢ᠋ ᠡᠮᠦᠰᠦᠭᠰᠡᠨ ᠲᠡᠳᠦᠢ ᠦᠭᠡᠢ ᠲᠤᠰ ᠪᠦᠷᠢ ᠶ᠋ᠢᠨ ᠢ᠋ᠶ᠋ᠡᠨ ᠡᠩᠬᠦᠷᠡᠢ ᠬᠠᠢᠷᠠᠲᠤ ᠶ᠋ᠢᠨ ᠢ᠋ᠶ᠋ᠡᠨ ᠡᠮᠦᠨ᠎ᠡ ᠠᠶᠠᠲᠠᠢ ᠰᠠᠢᠬᠠᠨ ᠪᠠᠢᠳᠠᠯ ᠭᠠᠷᠭᠠᠬᠤ ᠶ᠋ᠢ ᠬᠢᠴᠢᠶᠡᠨ ᠪᠡᠶ᠎ᠡ ᠪᠡᠨ ᠪᠠᠷᠢᠨ᠎ᠠ᠃ ᠠᠷᠢᠬᠢ ᠳᠡᠷᠡᠰᠦᠨ ᠦ᠌ ᠲᠤᠬᠠᠢ ᠭᠡᠪᠡᠯ᠄ ᠬᠡᠳᠦ ᠠᠩᠭᠠᠭᠰᠠᠨ ᠦᠬᠡᠷ ᠮᠠᠯ ᠤ᠋ᠨ ᠠᠳᠠᠯᠢ ᠬᠣᠣ ᠬᠣᠣ ᠪᠠᠷ ᠤᠤᠭᠤᠬᠤ ᠶ᠋ᠢ ᠴᠢᠨᠢ ᠰᠡᠳᠬᠢᠯ ᠡᠴᠡ ᠵᠢᠭᠰᠢᠨ᠎ᠡ᠃ ᠵᠦᠩᠵᠡ ᠬᠡᠮᠡᠬᠦ ᠥᠴᠦᠬᠡᠨ ᠶᠠᠭᠤᠮᠠᠨ ᠳ᠋ᠤ᠌ ᠬᠢᠨ᠂ ᠬᠤᠷᠤᠭᠤ ᠭᠠᠷᠭᠠᠨ ᠬᠤᠸᠠᠯᠠᠨ ᠪᠡᠶ᠎ᠡ ᠪᠡᠶ᠎ᠡ ᠪᠡᠨ ᠰᠢᠬᠠᠨ᠎ᠠ᠃  
       ᠠᠮᠠᠷᠠᠭ ᠤ᠋ᠳ ᠨᠢ ᠭᠣᠣᠯ ᠲᠥᠯᠥᠪ ᠸᠠᠩ᠂ ᠬᠦᠩ᠂ ᠨᠣᠶᠠᠳ᠂ ᠲᠦᠰᠢᠮᠡᠳ ᠦ᠋ᠨ ᠥᠬᠢᠳ᠂ ᠡᠮᠦᠰᠦᠨ ᠴᠢᠮᠡᠭᠯᠡᠭᠰᠡᠨ ᠢ᠋ᠶ᠋ᠡᠷ ᠮᠠᠰᠢ ᠰᠠᠢᠬᠠᠨ᠂ ᠶᠠᠭᠠᠨ ᠪᠣᠷᠣ ᠴᠡᠩᠬᠡᠷ᠂ ᠡᠰᠡ ᠪᠣᠯ ᠴᠢᠰ ᠤᠯᠠᠭᠠᠨ᠂ ᠬᠠᠮᠤᠭ ᠤ᠋ᠨ ᠬᠤᠷᠴᠠ ᠥᠩᠭᠡ ᠶ᠋ᠢᠨ ᠲᠣᠷᠭᠠᠨ ᠳᠡᠪᠡᠯ ᠡᠮᠦᠰᠦᠭᠰᠡᠨ ᠦ᠌ ᠪᠡᠨ ᠳᠣᠣᠷ᠎ᠠ ᠤᠲᠠᠰᠤ ᠬᠠᠳᠬᠤᠮᠠᠯ ᠤᠭᠠᠯᠵᠠ ᠲᠠᠢ ᠭᠤᠲᠤᠯ ᠲᠠᠢ ᠪᠥᠭᠡᠳ ᠱᠠᠩᠬᠤ ᠳᠠᠷᠤᠭᠤᠯᠤᠭᠰᠠᠨ ᠰᠤᠪᠤᠳ ᠤ᠋ᠨ  ᠳᠠᠷᠤᠭᠤᠯᠭ᠎ᠠ ᠨᠢ ᠴᠠᠭ ᠢᠮᠠᠭᠲᠠ ᠯᠠ ᠶ᠋ᠢᠨ ᠭᠡᠷᠡᠯ ᠢ᠋ ᠥᠪᠡᠷ ᠲᠡᠭᠡᠨ ᠲᠠᠲᠠᠬᠤ ᠤᠴᠢᠷ ᠬᠠᠴᠠᠷ ᠢ᠋ ᠨᠢ ᠶᠠᠭᠠᠨ᠂ ᠨᠢᠳᠦ ᠶ᠋ᠢ ᠨᠢ ᠲᠤᠩᠭᠠᠯᠠᠭ ᠂ ᠰᠢᠲᠦ ᠶ᠋ᠢ ᠨᠢ ᠴᠠᠭᠠᠨ᠂ ᠤᠷᠤᠭᠤᠯ ᠢ᠋ ᠨᠢ ᠤᠯᠠᠭᠠᠨ ᠲᠡᠷᠡ ᠪᠦᠭᠦᠳᠡ ᠶ᠋ᠢ ᠲᠣᠳᠣᠳᠬᠠᠨ ᠦᠯᠢᠭᠡᠷ ᠳᠣᠮᠣᠭ ᠲᠤ᠌ ᠭᠠᠷᠳᠠᠭ ᠯᠤᠤᠰ ᠤ᠋ᠨ ᠳᠠᠭᠢᠨᠢᠰ ᠢ᠋ ᠰᠠᠨᠠᠭᠳᠠᠭᠤᠯᠤᠨ᠎ᠠ᠃ ᠠᠷᠢᠬᠢ ᠳᠡᠷᠡᠰᠦᠨ ᠳ᠋ᠦ᠍ ᠲᠡᠳᠡ ᠦᠨᠡᠬᠡᠷ ᠠᠪᠢᠶᠠᠰ ᠦᠭᠡᠢ᠂ ᠪᠢᠴᠢᠬᠠᠨ ᠵᠦᠩᠵᠡ ᠶ᠋ᠢ ᠤᠷᠤᠭᠤᠯ ᠳ᠋ᠠᠭᠠᠨ ᠳᠥᠩᠭᠡᠵᠦ ᠬᠦᠷᠭᠡᠭᠰᠡᠭᠡᠷ ᠫᠡᠩᠰᠡ ᠪᠤᠶᠤ ᠳᠤᠷᠳᠤᠩ ᠠᠯᠴᠢᠭᠤᠷ ᠢ᠋ᠶ᠋ᠠᠷ ᠶᠠᠭᠠᠷᠠᠨ ᠠᠮᠠ ᠪᠠᠨ ᠠᠷᠴᠢᠨ᠂ ᠲᠤᠩᠭᠠᠯᠠᠭ ᠬᠠᠷ᠎ᠠ ᠨᠢᠳᠦ ᠪᠡᠷ ᠢᠨᠢᠶᠡᠮᠰᠦᠭᠯᠡᠬᠦ ᠨᠢ ᠤᠳᠤᠮ ᠠ᠋ᠴᠠ ᠪᠠᠨ ᠳᠠᠷᠤᠤ ᠮᠣᠩᠭᠣᠯ ᠠᠬᠠᠢᠲᠠᠨ ᠨᠤᠭᠤᠳ ᠤ᠋ᠨ ᠰᠢᠨᠵᠢ ᠲᠥᠯᠥᠪ ᠢ᠋ ᠯᠡ ᠦᠵᠡᠭᠦᠯᠬᠦ ᠰᠢᠭ ᠪᠣᠯᠤᠨ᠎ᠠ᠃ ᠨᠠᠢᠷ ᠴᠡᠩᠭᠡᠯ ᠢ᠋ ᠬᠥᠭᠵᠢᠭᠡᠨ᠂ ᠢᠨᠠᠭ ᠡᠷᠡᠰ ᠢ᠋ᠶ᠋ᠡᠨ ᠪᠠᠶᠠᠰᠬᠠᠬᠤ ᠪᠠᠷ ᠲᠡᠳᠡᠨ ᠢ᠋ ᠪᠡᠨ ᠲᠦᠰᠢᠨ ᠰᠠᠭᠤᠭᠰᠠᠨ ᠠ᠋ᠴᠠ ᠪᠠᠨ ᠬᠣᠢᠰᠢ ᠶᠣᠰᠣᠲᠠᠢ ᠠᠷᠢᠯᠭᠠᠭᠰᠠᠨ ᠰᠣᠩᠭᠢᠨ᠎ᠠ ᠰᠢᠭ᠋ ᠠᠷᠪᠠᠨ ᠴᠠᠭᠠᠨ ᠬᠤᠷᠤᠭᠤ ᠪᠠᠨ ᠨᠠᠬᠢᠯᠵᠠᠭᠤᠯᠤᠨ᠂ ᠤᠶᠠᠬᠠᠨ ᠵᠥᠭᠡᠯᠡᠨ ᠬᠣᠭᠣᠯᠠᠢ ᠪᠠᠷ ᠬᠤᠸᠠᠯᠠᠬᠤ ᠪᠠᠷ ᠢ᠋ᠶ᠋ᠠᠨ ᠲᠡᠳᠡᠨ  ᠬᠠᠢᠷ᠎ᠠ ᠳᠤᠷᠠᠯᠠᠯ ᠢ᠋ᠶ᠋ᠠᠨ ᠢᠯᠡᠴᠢᠯᠡᠬᠦ ᠡᠴᠡ ᠪᠢᠰᠢ᠂ ᠳᠡᠮᠡᠢ ᠪᠠᠯᠠᠢ ᠶ᠋ᠢ ᠠᠮᠠᠨ ᠤ᠋ ᠪᠠᠨ ᠵᠣᠷᠢᠭ ᠢ᠋ᠶ᠋ᠠᠷ ᠴᠠᠯᠴᠢᠨ᠂ ᠳᠡᠭᠡᠷ᠎ᠡ ᠳᠣᠣᠷ᠎ᠠ ᠣᠷᠣᠨ ᠵᠠᠪᠬᠠᠢᠷᠠᠬᠤ ᠶ᠋ᠢ ᠡᠨᠡ ᠳᠡᠯᠡᠬᠡᠢ ᠶ᠋ᠢᠨ ᠬᠠᠮᠤᠭ ᠤ᠋ᠨ ᠮᠠᠭᠤᠬᠠᠢ ᠶᠠᠭᠤᠮᠠᠨ ᠳ᠋ᠤ᠌ ᠦᠵᠡᠨ ᠴᠢᠩ ᠰᠡᠳᠬᠢᠯ ᠡᠴᠡ ᠪᠡᠨ ᠵᠢᠭᠰᠢᠨ᠎ᠡ᠃ ᠤᠳᠠᠭ᠎ᠠ ᠳᠠᠷᠠᠭ᠎ᠠ ᠠᠮᠰᠠᠭᠰᠠᠨ ᠠᠷᠢᠬᠢᠨ ᠤ᠋ ᠪᠠᠨ ᠠᠭᠤᠷ ᠢ᠋ ᠮᠡᠳᠡᠷᠡᠯ ᠳ᠋ᠦ᠍ ᠬᠦᠷᠦᠮᠡᠭᠴᠡ ᠲᠡᠷᠡ ᠥᠬᠢᠳ《ᠲᠡᠳᠡᠨ ᠦ᠌ ᠬᠢ ᠬᠡᠦᠬᠡᠳ ᠢ᠋ᠶ᠋ᠡᠨ ᠲᠡᠢᠮᠦ ᠬᠥᠮᠦᠨ ᠳ᠋ᠦ᠍ ᠪᠣᠭᠲᠣᠯᠠᠨ ᠥᠭᠴᠡᠢ᠃ ᠥᠨᠥᠬᠢ ᠡᠴᠡ ᠨᠢ ᠰᠠᠯᠭᠠᠭᠰᠠᠨ ᠭᠡᠨ᠎ᠡ᠃ ᠭᠡᠲᠡᠯ᠎ᠡ ᠪᠠᠰᠠ ᠪᠣᠭᠳᠠ ᠭᠡᠭᠡᠨᠲᠡᠨ ᠥᠪᠡᠷ ᠢ᠋ᠶ᠋ᠡᠨ ᠨᠢᠭᠡ ᠬᠣᠶᠠᠷ ᠠᠮᠠᠷᠠᠭ ᠢ᠋ ᠵᠠᠷᠯᠢᠭ ᠢ᠋ᠶ᠋ᠠᠷ ᠰᠠᠯᠠᠭᠠᠨ ᠡᠮᠡᠭᠲᠡᠢ ᠶ᠋ᠢ ᠨᠢ ᠲᠡᠷᠡ ᠨᠣᠶᠠᠨ ᠤ᠋ ᠬᠦᠦ ᠳ᠋ᠦ᠍ ᠥᠭᠭᠦᠭᠰᠡᠨ ᠭᠡᠳᠡᠭ ᠰᠢᠦ》 ᠭᠡᠵᠦ ᠶᠠᠷᠢᠬᠤ ᠶ᠋ᠢ ᠵᠦᠭᠡᠷ ᠰᠣᠨᠢᠷᠬᠠᠯ ᠪᠣᠯᠭᠠᠬᠤ ᠶ᠋ᠢᠨ ᠡᠭᠦᠳᠡᠨ ᠡᠴᠡ ᠪᠢᠰᠢ᠂ ᠬᠠᠷᠢᠨ ᠥᠨᠥ ᠮᠠᠷᠭᠠᠰᠢ ᠶ᠋ᠢᠨ ᠨᠢᠭᠡᠨ ᠳ᠋ᠦ᠍ ᠥᠪᠡᠷ ᠳᠡᠭᠡᠷ᠎ᠡ ᠪᠡᠨ ᠲᠤᠰᠬᠤ ᠭᠡᠵᠦ ᠪᠠᠢᠭ᠎ᠠ ᠭᠠᠢ ᠭᠠᠮᠰᠢᠭ ᠢ᠋ ᠦᠨᠡᠨ ᠬᠦ᠌ ᠰᠡᠳᠬᠢᠯ ᠦ᠋ᠨ ᠢ᠋ᠶ᠋ᠡᠨ ᠠᠮᠠᠷᠠᠭ ᠳᠤ ᠮᠡᠳᠡᠭᠳᠡᠵᠦ ᠪᠠᠢᠭ᠎ᠠ ᠨᠢ ᠲᠡᠷᠡ ᠪᠠᠢᠯ᠎ᠠ᠃ ᠡᠢᠨ ᠬᠦ᠌ ᠨᠢᠭᠡ ᠦᠶ᠎ᠡ ᠣᠪᠣᠭ᠎ᠠ ᠶᠠᠷᠢᠶ᠎ᠠ ᠳᠡᠯᠭᠡᠵᠦ ᠢᠷᠡᠮᠡᠷ ᠪᠣᠯᠤᠭᠰᠠᠨ ᠢ᠋ᠶ᠋ᠠᠨ ᠵᠣᠭᠰᠣᠨ᠂ ᠳᠠᠭᠤᠯᠠᠬᠤ ᠪᠥᠭᠡᠳ ᠳᠠᠭᠤᠨ ᠳ᠋ᠤ᠌᠄  
          ᠰᠠᠯᠠᠭ᠎ᠠ ᠽᠠᠨᠳᠠᠨ ᠮᠣᠳᠣᠨ ᠳ᠋ᠤᠨᠢ  
          ᠰᠠᠷᠠᠨ ᠤ᠋ ᠲᠤᠶᠠᠭ᠎ᠠ ᠲᠤᠰᠤᠨ᠎ᠠ ᠳᠠ᠂ 
          ᠰᠠᠢᠨ ᠤ᠋ ᠢᠷᠦᠭᠡᠯ ᠪᠠᠢᠪᠠᠯ ᠳᠠ   
          ᠰᠠᠷ᠎ᠠ ᠳ᠋ᠠᠭᠠᠨ ᠭᠠᠭᠴᠠ ᠴᠣ ᠶᠠᠭᠠᠮᠠᠢ ᠳᠠ᠃  
          ᠤᠷᠭᠤᠭ᠎ᠠ ᠽᠠᠨᠳᠠᠨ ᠮᠣᠳᠣᠨ ᠳ᠋ᠤᠨᠢ   
          ᠠᠭᠤᠯᠠ ᠶ᠋ᠢᠨ ᠰᠡᠭᠦᠳᠡᠷ ᠲᠤᠰᠤᠨ᠎ᠠ ᠳᠠ᠂  
          ᠤᠴᠠᠷᠠᠬᠤ ᠶ᠋ᠢᠨ ᠢᠷᠦᠭᠡᠯ ᠪᠠᠢᠪᠠᠯ ᠳᠠ  
          ᠤᠳᠠᠭᠠᠨ ᠲᠦᠷᠭᠡᠨ ᠴᠦ᠍ ᠶᠠᠭᠠᠮᠠᠢ ᠳᠠ᠃  
ᠭᠡᠵᠦ ᠳᠠᠭᠤᠯᠠᠬᠤ ᠳᠤᠷ᠎ᠠ ᠲᠠᠢ ᠠᠵᠢ᠃ ᠬᠠᠷᠢᠭᠤ ᠳ᠋ᠤᠨᠢ ᠡᠷᠡᠭᠲᠡᠢᠴᠦᠳ᠄    
          ᠤᠯᠢᠶᠠᠰᠤᠲᠠᠢ ᠶ᠋ᠢᠨ ᠢ᠋ᠶ᠋ᠡᠨ ᠭᠣᠣᠯ ᠢ᠋ ᠪᠡᠨ ᠬᠦ ᠬᠦ   
          ᠶᠠᠭᠠᠰᠬᠢᠭᠠᠳ ᠲᠤᠭᠤᠯᠤᠨ᠎ᠠ ᠪᠣᠢ ᠬᠦ ᠬᠦ᠂ 
          ᠤᠯᠠᠮ ᠢ᠋ᠶ᠋ᠠᠷ ᠢ᠋ᠶ᠋ᠠᠨ ᠤᠴᠠᠷᠠᠬᠤ ᠶ᠋ᠢᠨ ᠢ᠋ᠶ᠋ᠡᠨ ᠢᠷᠦᠭᠡᠯ ᠢ᠋ ᠪᠡᠨ ᠬᠦ ᠬᠦ  
          ᠠᠮᠠᠷᠠᠭ ᠴᠢᠮ᠎ᠠ ᠳ᠋ᠠᠭᠠᠨ ᠲᠠᠯᠪᠢᠭᠠᠳ ᠮᠣᠷᠳᠠᠶ᠎ᠠ ᠬᠦ ᠬᠦ᠃ 
          ᠵᠡᠭᠡᠰᠦᠲᠡᠢ ᠶ᠋ᠢᠨ ᠢ᠋ᠶ᠋ᠡᠨ ᠭᠣᠣᠯ ᠢ᠋ ᠪᠡᠨ ᠬᠦ ᠬᠦ 
          ᠶᠠᠭᠠᠰᠬᠢᠭᠠᠳ ᠲᠤᠭᠤᠯᠤᠨ᠎ᠠ ᠳᠠ ᠬᠦ ᠬᠦ᠂  
          ᠴᠢᠨᠦ ᠮᠢᠨᠦ ᠦᠨᠦᠷ ᠰᠢᠩᠭᠡᠭᠰᠡᠨ ᠠᠯᠴᠢᠭᠤᠷ ᠪᠠᠢᠪᠠᠯ  
          ᠠᠪᠤᠭᠠᠳ ᠯᠠ ᠮᠣᠷᠳᠠᠨ᠎ᠠ ᠳᠠ ᠬᠦ ᠬᠦ— 
ᠭᠡᠵᠦ ᠳᠠᠭᠤᠯᠠᠨ᠎ᠠ᠃ 
       ᠡᠳᠡᠭᠡᠷ ᠳᠠᠭᠤᠨ ᠤ᠋ ᠠᠶ᠎ᠠ ᠮᠣᠩᠭᠣᠯ ᠣᠷᠣᠨ ᠤ᠋ ᠠᠭᠤᠳᠠᠮ ᠲᠠᠯ᠎ᠠ᠂ ᠠᠯᠤᠰ ᠲᠡᠷᠲᠡᠭᠡ ᠳ᠋ᠦ᠍ ᠴᠡᠩᠬᠡᠷᠯᠡᠨ ᠰᠦᠮᠡᠯᠵᠡᠬᠦ ᠥᠨᠳᠥᠷ ᠠᠭᠤᠯᠠᠰ᠂ ᠲᠡᠷᠡ ᠠᠭᠤᠯᠠᠰ ᠤ᠋ᠨ ᠵᠦᠭ ᠲᠡᠮᠡᠦᠯᠦᠨ ᠶᠠᠪᠤᠭ᠎ᠠ ᠮᠣᠷᠢᠨ ᠤ᠋ ᠬᠥᠩᠭᠡᠨ ᠠᠯᠬᠤᠯᠲᠠ ᠪᠤᠶᠤ ᠵᠠᠳᠠᠭᠠᠢ ᠬᠠᠲᠤᠷᠢᠯᠲᠡ ᠶ᠋ᠢ ᠰᠠᠭᠠᠲᠠᠭᠤᠯᠬᠤ ᠪᠣᠯᠪᠠᠴᠤ ᠦᠭᠡ ᠥᠭᠦᠯᠡᠪᠦᠷᠢ ᠨᠢ ᠳᠠᠩᠴᠤ ᠲᠡᠢᠮᠦ ᠪᠢᠰᠢ ᠠ᠋᠃ ᠡᠷᠬᠡ ᠦᠭᠡᠢ ᠶ᠋ᠢᠨ ᠡᠷᠬᠡ ᠪᠡᠷ ᠬᠠᠢᠷᠠᠲᠤ ᠠᠮᠠᠷᠠᠭ ᠠ᠋ᠴᠠ ᠪᠠᠨ ᠬᠠᠭᠠᠴᠠᠬᠤ ᠭᠠᠰᠠᠯᠤᠯ ᠵᠣᠪᠠᠯᠠᠩ ᠡᠳ᠋ᠯᠡᠬᠦ ᠶ᠋ᠢ ᠯᠡ ᠢᠯᠡᠷᠬᠡᠢᠯᠡᠨ᠎ᠡ᠃ ᠢᠩᠭᠢᠬᠦ ᠳ᠋ᠦ᠍ ᠲᠡᠳᠡ ᠣᠳᠣ ᠡᠢᠮᠦ ᠠᠶᠤᠯ ᠢ᠋ ᠬᠦᠯᠢᠶᠡᠵᠦ ᠪᠠᠢᠭ᠎ᠠ ᠳ᠋ᠠᠭᠠᠨ ᠡᠨᠡ ᠳᠠᠭᠤᠤ ᠨᠤᠭᠤᠳ ᠢ᠋ ᠳᠠᠭᠤᠯᠠᠬᠤ ᠳᠤᠷ᠎ᠠ ᠲᠠᠢ ᠪᠠᠢᠯ᠎ᠠ᠃ ᠥᠭᠡᠷ᠎ᠡ ᠪᠡᠷ ᠬᠡᠯᠡᠬᠦ ᠳ᠋ᠦ᠍ ᠲᠡᠳᠡ᠂ ᠵᠦᠢ ᠶᠣᠰᠣᠨ ᠤ᠋ ᠨᠠᠢᠷ ᠨᠠᠷᠭᠢᠶᠠᠨ ᠪᠣᠯᠵᠤ ᠪᠠᠢᠭ᠎ᠠ ᠪᠢᠰᠢ ᠵᠢᠷᠦᠬᠡ ᠰᠡᠳᠬᠢᠯ ᠦ᠋ᠨ ᠢ᠋ᠶ᠋ᠡᠨ ᠪᠠᠴᠢᠮᠳᠠᠯ ᠢ᠋ ᠬᠠᠷᠢᠯᠴᠠᠨ ᠬᠡᠯᠡᠯᠴᠡᠵᠦ ᠪᠠᠢᠭ᠎ᠠ ᠨᠢ ᠡᠨᠡ ᠠᠵᠢ᠃ ᠨᠢᠭᠡ ᠮᠡᠳᠡᠬᠦ ᠳ᠋ᠦ᠍ ᠰᠥᠨᠢ ᠳᠤᠮᠳᠠ ᠪᠣᠯᠵᠤ ᠬᠢᠲᠠᠳ ᠰᠦᠮ᠎ᠡ ᠶ᠋ᠢᠨ ᠬᠠᠷᠠᠩᠭ᠎ᠠ ᠴᠤᠤᠷᠢᠶᠠᠳᠠᠪᠠ᠃  ᠡᠴᠢᠭᠡ ᠡᠬᠡ ᠨᠦ᠍ᠭᠦᠳ ᠥᠬᠢᠳ ᠢ᠋ᠶ᠋ᠡᠨ ᠰᠥᠨᠢ ᠶ᠋ᠢᠨ ᠴᠠᠭ ᠢ᠋ᠶ᠋ᠠᠷ ᠭᠠᠳᠠᠭᠰᠢ ᠭᠠᠷᠬᠤ ᠶ᠋ᠢ ᠴᠢᠩᠳᠠᠯᠠᠨ ᠬᠣᠷᠢᠳᠠᠭ ᠲᠤᠯᠠ ᠬᠥᠮᠦᠰ ᠦ᠋ᠨ ᠳᠣᠲᠣᠷ᠎ᠠ ᠰᠡᠷ ᠬᠢᠨ ᠪᠡᠶ᠎ᠡ ᠪᠡᠶ᠎ᠡ ᠪᠡᠨ ᠬᠠᠷᠠᠨ᠎ᠠ᠃ ᠡᠭᠦᠨ ᠡᠴᠡ ᠴᠠᠭᠠᠰᠢ ᠶᠠᠭᠤ ᠪᠣᠯᠬᠤ ᠪᠣᠢ? ᠭᠡᠪᠡᠯ᠄ ᠡᠷᠡᠭᠲᠡᠢᠴᠦᠳ ᠬᠤᠪᠢ ᠬᠤᠪᠢ ᠶ᠋ᠢᠨ ᠠᠮᠠᠷᠠᠭ ᠢ᠋ ᠬᠦᠷᠭᠡᠵᠦ ᠥᠭᠬᠦ ᠪᠡᠷ ᠤᠪᠤᠨ ᠴᠤᠪᠤᠨ ᠭᠠᠷᠤᠯ᠎ᠠ᠃ ᠬᠡᠷᠪᠡ ᠭᠠᠳᠠᠨ᠎ᠠ ᠰᠠᠷᠠ ᠰᠠᠷᠠᠭᠤᠯ ᠪᠠᠢᠪᠠᠴᠤ ᠬᠥᠮᠦᠨ ᠠᠮᠢᠲᠠᠨ ᠳ᠋ᠤ᠌ ᠦᠵᠡᠭᠳᠡᠬᠦ ᠡᠴᠡ ᠠᠶᠤᠨ ᠬᠣᠶᠠᠷ ᠪᠡᠶ᠎ᠡ ᠴᠤᠪᠤᠨ ᠵᠥᠪᠬᠡᠨ ᠪᠠᠷ᠎ᠠ ᠪᠠᠷ᠎ᠠ ᠪᠠᠨ ᠬᠠᠷᠠᠨ ᠶᠠᠪᠤᠨ᠎ᠠ᠃ ᠬᠡᠷᠪᠡ ᠲᠠᠭ ᠬᠠᠷᠠᠩᠭᠤᠢ ᠠᠪᠠᠰᠤ ᠮᠥᠷᠥ ᠵᠡᠷᠭᠡᠴᠡᠨ ᠭᠠᠷ ᠤ᠋ᠨ ᠦᠵᠦᠭᠦᠷ ᠲᠡᠳᠦᠢ ᠡᠴᠡ ᠪᠠᠷᠢᠯᠴᠠᠨ ᠰᠡᠳᠬᠢᠯ ᠢ᠋ᠶ᠋ᠡᠨ ᠪᠠᠶᠠᠰᠬᠠᠨ᠎ᠠ᠃ ᠭᠡᠪᠡᠴᠦ ᠬᠦᠷᠬᠦ ᠭᠠᠵᠠᠷ ᠢ᠋ᠶ᠋ᠠᠨ ᠣᠢᠷᠠᠲᠤᠬᠤ ᠶ᠋ᠢᠨ ᠴᠠᠭ ᠳᠤ ᠬᠣᠶᠠᠭᠤᠯᠠ ᠶ᠋ᠢᠨ ᠬᠢᠨᠢ ᠵᠢᠷᠦᠬᠡ ᠬᠦᠴᠦᠲᠡᠢ ᠴᠣᠬᠢᠯᠠᠨ ᠬᠥᠯ ᠦ᠋ᠨ ᠬᠢᠨᠢ ᠭᠢᠰᠬᠢᠯᠲᠡ ᠤᠳᠠᠭᠠᠰᠢᠷᠠᠬᠤ ᠪᠥᠭᠡᠳ ᠨᠢᠭᠡ ᠪᠤᠯᠤᠩ ᠳ᠋ᠤ᠌ ᠲᠦᠷ ᠵᠣᠭᠰᠣᠨ ᠬᠡᠳᠦᠨ ᠦᠭᠡ ᠰᠢᠪᠡᠨᠡᠨ ᠬᠡᠯᠡᠯᠴᠡᠨ᠎ᠡ᠃ ᠲᠡᠭᠦᠨ ᠳ᠋ᠦ᠍ᠨᠢ ᠬᠠᠢᠷᠠᠲᠠᠢ ᠳᠤᠷᠠᠲᠠᠢ ᠭᠡᠳᠡᠭ ᠦᠭᠡ ᠣᠷᠣᠬᠤ ᠶ᠋ᠢᠨ ᠣᠷᠣᠨ ᠳ᠋ᠤ᠌《ᠶᠠᠭᠠᠬᠢᠬᠤ ᠪᠢᠯᠡ? ᠠᠪᠤ ᠡᠵᠢ ᠮᠠᠨᠢ ᠨᠠᠮᠠᠶ᠋ᠢ ᠣᠷᠣᠢ ᠪᠣᠯᠲᠠᠯ᠎ᠠ ᠬᠠᠮᠢᠭ᠎ᠠ ᠶᠠᠪᠤᠪᠠ ᠭᠡᠵᠦ ᠠᠭᠠᠰᠢᠯᠠᠨ ᠰᠦᠢᠳ ᠪᠣᠯᠤᠨ᠎ᠠ ᠪᠣᠢ》《ᠬᠠᠷᠢᠨ ᠠ᠋᠂ ᠦᠶᠡᠷᠬᠡᠳᠡᠭ ᠡᠮᠡᠭᠲᠡᠢ ᠶ᠋ᠢᠨ ᠳ᠋ᠦ᠍ ᠦᠯᠢᠭᠡᠷᠴᠢᠨ ᠢᠷᠡᠨ᠂ ᠬᠤᠭᠤᠷᠳᠠᠨ ᠳᠠᠭᠤᠯᠠᠬᠤ ᠶ᠋ᠢ ᠨᠢ ᠴᠢᠩᠨᠠᠭᠰᠠᠭᠠᠷ ᠰᠠᠭᠤᠭᠠᠳ ᠡᠢᠮᠦ ᠪᠣᠯᠪᠠ ᠭᠡᠵᠦ ᠬᠡᠯᠡᠪᠡᠯ ᠶᠠᠭᠠᠬᠢᠬᠤ ᠪᠣᠯ?》 ᠭᠡᠬᠦ ᠮᠡᠲᠦ ᠶ᠋ᠢ ᠯᠡ ᠬᠡᠯᠡᠯᠴᠡᠨ᠎ᠡ᠃ ᠴᠣᠬᠣᠮ ᠰᠠᠯᠬᠤ ᠶ᠋ᠢᠨ ᠢ᠋ᠶ᠋ᠡᠨ ᠦᠶ᠎ᠡ ᠳ᠋ᠦ᠍ ᠡᠷᠡᠭᠲᠡᠢ ᠨᠢ ᠶᠡᠬᠡ ᠵᠣᠷᠢᠭ ᠭᠠᠷᠭᠠᠨ ᠡᠮᠡᠭᠲᠡᠢ ᠶ᠋ᠢᠨ ᠢ᠋ᠶ᠋ᠡᠨ ᠬᠠᠴᠠᠷ ᠳᠡᠭᠡᠷ᠎ᠡ ᠶᠦᠮ ᠤᠤ᠂ ᠮᠠᠩᠨᠠᠢ ᠳ᠋ᠤᠨᠢ ᠬᠣᠰᠢᠭᠤ ᠬᠦᠷᠭᠡᠨ ᠦᠨᠦᠰᠬᠦ ᠲᠡᠳᠦᠢᠬᠡᠨ ᠪᠣᠯᠤᠨ᠎ᠠ᠃ ᠭᠡᠲᠡᠯ᠎ᠡ ᠡᠨᠡ ᠨᠢ ᠮᠠᠰᠢ ᠲᠣᠮᠣ ᠬᠡᠷᠡᠭ ᠠᠵᠢ᠃ ᠦᠨᠦᠰᠦᠭᠰᠡᠨ ᠡᠷ᠎ᠡ《ᠦᠭᠡᠢ ᠡᠨᠡ ᠴᠢᠨᠢ ᠶᠠᠭᠤ ᠪᠢᠯᠡ? ᠠᠮᠠᠷᠠᠭ ᠪᠣᠯᠪᠠᠴᠤ ᠠᠪᠤᠭ᠎ᠠ ᠦᠭᠡᠢ ᠪᠠᠢᠵᠤ ᠦᠨᠦᠰᠬᠦ ᠮᠠᠨᠢ ᠶᠠᠭᠤᠲᠠᠢ ᠵᠢᠷᠤᠮ ᠦᠭᠡᠢ ᠬᠡᠷᠡᠭ ᠪᠢᠯᠡ?》 ᠭᠡᠵᠦ ᠰᠠᠨᠳᠤᠷᠤᠨ᠎ᠠ᠃ ᠦᠨᠦᠰᠦᠭᠦᠯᠦᠭᠰᠡᠨ ᠡᠮᠡᠭᠲᠡᠢ ᠨᠢ《ᠦᠭᠡ ᠳᠠᠭᠤᠨ ᠦᠭᠡᠢ ᠦᠨᠦᠰᠦᠭᠦᠯᠬᠦ ᠮᠠᠨᠢ ᠶᠠᠭᠤ ᠪᠣᠢ? ᠡᠨᠡ ᠮᠠᠨᠢ ᠨᠠᠮᠠᠶ᠋ᠢ ᠯᠠᠪ ᠵᠢᠷᠤᠮ ᠦᠭᠡᠢ ᠡᠮ᠎ᠡ ᠭᠡᠵᠦ ᠦᠵᠡᠨ ᠵᠢᠭᠰᠢᠬᠦ ᠪᠠᠢᠬ᠎ᠠ?》 ᠭᠡᠵᠦ ᠢᠴᠢᠬᠦ ᠵᠣᠪᠠᠬᠤ ᠬᠣᠶᠠᠷ ᠢ᠋ ᠬᠣᠣᠰᠯᠠᠭᠤᠯᠤᠨ᠎ᠠ᠃ ᠡᠢᠮᠦ ᠨᠢᠭᠡᠨ ᠬᠡᠷᠡᠭ ᠥᠩᠭᠡᠷᠡᠭᠰᠡᠨ ᠦ᠌ ᠳᠠᠷᠠᠭ᠎ᠠ ᠡᠷᠡᠭᠲᠡᠢ ᠨᠢ ᠥᠨᠥᠬᠢ ᠪᠤᠯᠤᠩ ᠳ᠋ᠠᠭᠠᠨ ᠬᠣᠴᠣᠷᠴᠤ᠂ ᠢᠨᠠᠭ ᠤ᠋ᠨ ᠢ᠋ᠶ᠋ᠠᠨ ᠭᠡᠷ ᠲᠡᠭᠡᠨ ᠣᠷᠣᠭᠰᠠᠨ ᠬᠣᠢᠨ᠎ᠠ ᠭᠠᠳᠠᠨᠠᠬᠢ ᠬᠠᠭᠠᠯᠭᠠᠨ ᠳᠡᠭᠡᠷ᠎ᠡ ᠭᠡᠲᠡᠨ ᠣᠴᠢᠵᠤ ᠠᠪᠤ᠂ ᠡᠵᠢ ᠨᠠᠷ ᠲᠠᠭᠠᠨ ᠠᠭᠠᠰᠢᠯᠠᠭᠤᠯᠵᠤ ᠪᠠᠢᠭ᠎ᠠ ᠡᠰᠡᠬᠦ ᠶ᠋ᠢ ᠵᠢᠷᠦᠬᠡ ᠪᠡᠨ ᠳᠣᠭᠳᠣᠯᠤᠭᠤᠯᠤᠨ ᠨᠢᠭᠡᠨ ᠬᠡᠰᠡᠭ ᠴᠢᠩᠨᠠᠨ ᠵᠣᠭᠰᠣᠨ᠎ᠠ᠃ 
       ᠡᠭᠦᠨ ᠢ᠋ ᠪᠠᠯᠳᠠᠨᠴᠡᠷᠢᠩ ᠥᠪᠡᠷ ᠦ᠋ᠨ ᠠᠮᠢᠳᠤᠷᠠᠯ ᠳᠡᠭᠡᠷ᠎ᠡ ᠠᠷᠠᠢᠬᠠᠨ ᠦᠵᠡᠭᠡ ᠦᠭᠡᠢ ᠪᠠᠢᠭ᠎ᠠ ᠪᠣᠯᠪᠠᠴᠤ ᠨᠥᠬᠥᠳ ᠦ᠋ᠨ ᠠᠮᠢᠳᠤᠷᠠᠯ ᠠ᠋ᠴᠠ ᠲᠣᠳᠣᠷᠬᠠᠢ ᠮᠡᠳᠡᠬᠦ ᠪᠠᠢᠯ᠎ᠠ᠃ ᠭᠡᠷ ᠡᠴᠡ ᠬᠥᠮᠦᠰ ᠭᠠᠷᠴᠤ ᠭᠦᠢᠴᠡᠭᠰᠡᠨ ᠦ᠌ ᠳᠠᠷᠠᠭ᠎ᠠ ᠪᠠᠯᠳᠠᠨᠴᠡᠷᠢᠩ ᠭᠠᠭᠴᠠᠭᠠᠷ ᠢ᠋ᠶ᠋ᠠᠨ ᠭᠠᠷᠪᠠ᠃ ᠨᠠᠢᠷ ᠴᠡᠩᠭᠡᠯ ᠳ᠋ᠦ᠍ ᠣᠷᠣᠯᠴᠠᠭᠰᠠᠨ ᠤ᠋ ᠬᠤᠪᠢ ᠳ᠋ᠤ᠌ ᠰᠠᠨᠠᠭ᠎ᠠ ᠰᠡᠳᠬᠢᠯ ᠰᠡᠷᠭᠦᠭᠰᠡᠨ ᠶᠠᠭᠤᠮ᠎ᠠ ᠦᠭᠡᠢ᠃ ᠡᠷ᠎ᠡ ᠨᠥᠬᠥᠳ ᠪᠠ ᠲᠡᠳᠡᠨ ᠲᠡᠢ ᠴᠢᠩ ᠰᠡᠳᠬᠢᠯ ᠢ᠋ᠶ᠋ᠡᠨ ᠬᠣᠯᠪᠣᠭᠰᠠᠨ ᠠᠷᠢᠭᠤᠨ ᠥᠬᠢᠳ ᠦ᠋ᠨ ᠡᠷᠬᠡ ᠮᠠᠲᠠᠯ ᠦᠭᠡᠢ ᠶ᠋ᠢᠨ ᠣᠢ ᠭᠠᠰᠢᠭᠤᠨ ᠨᠢ ᠰᠡᠳᠬᠢᠯ ᠳ᠋ᠦ᠍ᠨᠢ ᠡᠷᠭᠢᠯᠳᠦᠨ᠎ᠡ᠃ ᠭᠡᠲᠡᠯ᠎ᠡ ᠡᠭᠦᠨ ᠳ᠋ᠦ᠍ ᠪᠠᠰᠠ ᠪᠣᠭᠳᠠ ᠶ᠋ᠢᠨ ᠵᠦᠢ ᠪᠤᠰᠤ ᠶ᠋ᠢᠨ ᠵᠠᠷᠯᠢᠭ ᠮᠥᠨ ᠯᠡ ᠬᠣᠯᠪᠣᠭᠳᠠᠯ ᠲᠠᠢ ᠪᠠᠢᠬᠤ ᠲᠤᠯᠠ ᠪᠠᠯᠳᠠᠨᠴᠡᠷᠢᠩ《ᠲᠦᠮᠡᠨ ᠣᠯᠠᠨ ᠳ᠋ᠤ᠌ ᠡᠷᠬᠡ ᠵᠢᠷᠭᠠᠯ ᠢ᠋ ᠡᠳ᠋ᠯᠡᠬᠦ ᠬᠤᠪᠢ ᠵᠠᠶᠠᠭ᠎ᠠ ᠬᠡᠵᠢᠶ᠎ᠡ ᠴᠦ᠍ ᠢᠷᠡᠬᠦ ᠦᠭᠡᠢ ᠨᠢ!》 ᠭᠡᠵᠦ ᠭᠤᠲᠤᠷᠠᠨ᠎ᠠ᠃ 
       ᠭᠡᠷ ᠲᠡᠭᠡᠨ ᠢᠷᠡᠬᠦ ᠳ᠋ᠦ᠍ ᠬᠠᠨᠢ ᠪᠠᠷ᠎ᠠ ᠪᠣᠯᠤᠭᠴᠢ ᠭᠠᠭᠴᠠ ᠱᠠᠪᠢ ᠨᠢ ᠶᠡᠬᠡᠳᠡ ᠬᠦᠯᠢᠶᠡᠭᠰᠡᠨ ᠪᠣᠯᠤᠯᠲᠠᠢ᠃ ᠣᠷᠣᠢ ᠶ᠋ᠢᠨ ᠬᠢᠨᠢ ᠬᠣᠭᠣᠯᠠ ᠶ᠋ᠢ ᠰᠠᠪᠬᠠᠨ ᠬᠤᠪᠢᠩ ᠳ᠋ᠤ᠌ ᠠᠭᠤᠳᠠᠯᠤᠨ ᠲᠠᠯᠪᠢᠭᠠᠳ᠂ ᠬᠠᠵᠠᠭᠤ ᠳ᠋ᠤᠨᠢ ᠪᠦᠬᠦᠯᠢ ᠪᠡᠷ ᠬᠠᠵᠠᠭᠤᠯᠠᠨ ᠤᠨᠲᠠᠵᠤ ᠣᠷᠬᠢᠭᠰᠠᠨ ᠪᠠᠢᠪᠠ᠃ ᠪᠠᠯᠳᠠᠨᠴᠡᠷᠢᠩ ᠲᠡᠭᠦᠨ ᠢ᠋ ᠰᠡᠷᠭᠦᠭᠡᠬᠦ ᠦᠭᠡᠢ ᠶ᠋ᠢ ᠬᠢᠴᠢᠶᠡᠨ ᠣᠷᠣᠨ ᠳᠡᠭᠡᠷ᠎ᠡ ᠪᠡᠨ ᠰᠠᠮ ᠭᠠᠷᠤᠨ᠂ ᠮᠥᠨ ᠬᠤᠪᠴᠠᠰᠤ ᠲᠠᠢᠯᠤᠯ ᠦᠭᠡᠢ ᠬᠡᠪᠲᠡᠪᠡ᠃ ᠣᠯᠠᠨ ᠬᠣᠨᠣᠭ ᠨᠣᠢᠷ ᠦᠭᠡᠢ ᠬᠣᠨᠣᠭᠰᠠᠨ ᠢ᠋ᠶ᠋ᠠᠨ ᠰᠠᠨᠠᠨ᠂ ᠲᠤᠩ ᠳᠠᠷᠤᠢᠬᠠᠨ ᠢ᠋ᠶ᠋ᠠᠨ ᠤᠨᠲᠠᠬᠤ ᠶ᠋ᠢ ᠬᠢᠴᠢᠶᠡᠨ᠎ᠡ᠃ ᠭᠡᠲᠡᠯ᠎ᠡ ᠡᠳᠦᠷ ᠦ᠋ᠨ ᠬᠢᠨᠢ ᠦᠵᠡᠭᠰᠡᠨ ᠶᠠᠭᠤᠮᠠᠰ ᠰᠡᠳᠬᠢᠯ ᠳ᠋ᠦ᠍ᠨᠢ ᠣᠷᠣᠵᠤ ᠢᠷᠡᠨ ᠪᠠᠰᠠ ᠯᠠ ᠨᠣᠢᠷ ᠢ᠋ ᠨᠢ ᠬᠤᠯᠵᠢᠭᠤᠯᠤᠨ᠎ᠠ᠃ ᠡᠴᠦᠰ ᠲᠦ᠋ᠨᠢ ᠪᠠᠯᠳᠠᠨᠴᠡᠷᠢᠩ ᠥᠪᠡᠷ ᠦ᠋ᠨ ᠢ᠋ᠶ᠋ᠡᠨ ᠶᠠᠭᠠᠬᠢᠭᠠᠳ ᠪᠤᠰᠤᠳ ᠤ᠋ᠨ ᠠᠳᠠᠯᠢ ᠡᠨᠡ ᠲᠡᠷᠡ ᠶ᠋ᠢ ᠪᠣᠳᠣᠬᠤ ᠦᠭᠡᠢ ᠪᠠᠢᠵᠤ ᠴᠢᠳᠠᠳᠠᠭ ᠦᠭᠡᠢ ᠪᠡᠨ ᠰᠤᠳᠤᠯᠤᠨ ᠰᠢᠨᠵᠢᠯᠡᠵᠦ ᠭᠠᠷᠤᠯ᠎ᠠ᠃ ᠢᠩᠭᠢᠬᠦ ᠳ᠋ᠦ᠍ ᠬᠠᠮᠤᠭ ᠭᠠᠢ ᠭᠠᠭᠴᠠ ᠬᠦ᠌ ᠨᠣᠮ ᠡᠷᠳᠡᠮ ᠮᠡᠷ ᠰᠡᠷ ᠰᠤᠷᠴᠤ ᠰᠤᠳᠤᠯᠤᠭᠰᠠᠨ ᠳ᠋ᠤ᠌ ᠯᠠ ᠪᠠᠢᠭ᠎ᠠ ᠶᠤᠮ ᠪᠠᠢᠨ᠎ᠠ ᠭᠡᠵᠦ ᠲᠡᠷᠡ ᠥᠪᠡᠷ ᠢ᠋ᠶ᠋ᠡᠨ ᠡᠬᠢᠯᠡᠭᠡᠳ ᠳ᠋ᠦᠩᠨᠡᠪᠡ᠃ ᠲᠡᠭᠡᠬᠦ ᠲᠡᠢ ᠵᠡᠷᠭᠡ ᠡᠷᠳᠡᠮ ᠰᠤᠷᠭᠠᠭᠰᠠᠨ ᠪᠠᠭᠰᠢ ᠨᠢ ᠲᠥᠷᠥ ᠭᠡᠵᠦ ᠶᠠᠭᠤ ᠪᠣᠢ? ᠲᠡᠭᠦᠨ ᠦ᠌ ᠳᠣᠣᠷᠠᠬᠢ ᠲᠦᠮᠡᠨ ᠠᠷᠠᠳ ᠤ᠋ᠨ ᠬᠤᠪᠢ ᠵᠠᠶᠠᠭ᠎ᠠ ᠭᠡᠵᠦ ᠶᠠᠭᠤ ᠪᠣᠢ? ᠭᠡᠳᠡᠭ ᠢ᠋ ᠶᠠᠭᠤᠮ᠎ᠠ ᠪᠦᠬᠦᠨ ᠲᠡᠢ ᠨᠢᠭᠲᠠ ᠬᠣᠯᠪᠣᠨ ᠰᠤᠷᠭᠠᠨ ᠬᠥᠮᠦᠵᠢᠭᠦᠯᠦᠭᠰᠡᠨ ᠡᠴᠡ ᠪᠠᠢᠯ᠎ᠠ᠃ ᠡᠢᠮᠦ ᠳ᠋ᠦ᠍ ᠪᠠᠯᠳᠠᠨᠴᠡᠷᠢᠩ ᠪᠦᠬᠦ ᠰᠤᠷᠤᠭᠰᠠᠨ ᠮᠡᠳᠡᠭᠰᠡᠨ ᠢ᠋ᠶ᠋ᠡᠨ ᠵᠢᠭᠰᠢᠬᠦ ᠶ᠋ᠢᠨ ᠢ᠋ᠶ᠋ᠡᠨ ᠳᠡᠭᠡᠷ᠎ᠡ ᠪᠤᠰᠤᠳ ᠢ᠋ ᠪᠠᠰᠠ ᠰᠤᠷᠭᠠᠨ ᠪᠣᠯᠪᠠᠰᠤᠷᠠᠭᠤᠯᠬᠤ ᠭᠡᠵᠦ ᠪᠠᠢᠭ᠎ᠠ ᠪᠠᠨ ᠪᠦᠷ ᠬᠡᠷᠡᠭ ᠠᠯᠠᠭ᠎ᠠ ᠭᠡᠵᠦ ᠦᠵᠡᠪᠡ᠃ 

      ᠴᠤᠤᠷᠢᠶᠠᠲᠤᠪᠠ—— ᠭᠡᠰᠡᠨ ᠢ᠋ ᠴᠤᠤᠷᠢᠶᠠᠳᠠᠪᠠ᠃ 
       ᠰᠠᠪᠠᠬᠠᠨ ᠬᠤᠪᠢᠩ—— ᠭᠡᠰᠡᠨ ᠢ᠋ ᠰᠠᠪᠬᠠᠨ ᠭᠡᠵᠦ ᠪᠢᠴᠢᠯ᠎ᠡ᠃ 
        ᠵᠥᠪ ᠡᠰᠡᠬᠦ ᠶ᠋ᠢ ᠲᠤᠩᠭᠠᠬᠤ ᠪᠣᠯᠪᠠ ᠤᠤ⁈