ᠬᠥᠬᠡ ᠮᠣᠩᠭᠣᠯ ᠬᠣᠷᠴᠢᠨ-ᠰᠠᠢᠰᠢᠶᠠᠯᠲᠤХөх монгол хорчин-Сайшаалд
ᠬᠥᠬᠡ ᠮᠣᠩᠭᠣᠯ ᠬᠣᠷᠴᠢᠨ
ᠦᠭᠡ᠄ ᠷᠠᠰᠢᠣᠣᠽᠠᠷ
ᠠᠶ᠎ᠠ᠄ ᠰᠢᠨᠵᠢᠯᠲᠤ
ᠰᠠᠢᠰᠢᠶᠠᠯᠲᠤ ᠳᠠᠭᠤᠯᠠᠨ᠎ᠠ
ᠲᠩᠷᠢ ᠪᠤᠷᠬᠠᠨ ᠤ᠋ ᠢᠪᠡᠭᠡᠯᠲᠡᠢ
ᠲᠡᠭᠡ ᠶ᠋ᠢᠨ ᠬᠠᠨ ᠤ᠋ ᠲᠦᠰᠢᠯᠭᠡ ᠲᠡᠢ
ᠲᠦᠷᠭᠡᠨ ᠤᠷᠤᠰᠬᠠᠯᠲᠤ ᠭᠣᠣᠯ ᠤ᠋ᠳ ᠲᠠᠢ
ᠲᠡᠨᠢᠭᠡᠷ ᠲᠠᠩᠰᠤᠭ ᠨᠤᠲᠤᠭ ᠲᠠᠢ
ᠬᠦᠰᠡᠯ ᠦ᠋ᠨ ᠵᠢᠭᠦᠷ ᠢ᠋ᠶ᠋ᠡᠨ ᠳᠡᠯᠭᠡᠭᠰᠡᠨ
ᠬᠥᠬᠡ ᠮᠣᠩᠭᠣᠯ ᠤ᠋ᠨ ᠬᠣᠷᠴᠢᠨ ᠮᠢᠨᠢ ᠠᠢ ᠬᠦᠢ
ᠬᠦᠰᠡᠯ ᠦ᠋ᠨ ᠵᠢᠭᠦᠷ ᠢ᠋ᠶ᠋ᠡᠨ ᠳᠡᠯᠭᠡᠭᠰᠡᠨ
ᠬᠥᠬᠡ ᠮᠣᠩᠭᠣᠯ ᠤ᠋ᠨ ᠬᠣᠷᠴᠢᠨ ᠮᠢᠨᠢ ᠠᠢ ᠬᠦᠢ
ᠨᠠᠷᠠᠨ ᠤ᠋ ᠠᠯᠲᠠᠨ ᠰᠠᠴᠤᠷᠠᠯ ᠲᠠᠢ
ᠨᠠᠮᠲᠠᠷ ᠲᠡᠦᠬᠡᠨ ᠳ᠋ᠡᠭᠡᠨ ᠠᠯᠳᠠᠷᠲᠠᠢ
ᠨᠠᠭᠠᠳᠤᠮ ᠨᠠᠢᠷ ᠤ᠋ᠨ ᠬᠥᠭᠡᠷᠭᠡᠨ ᠲᠡᠢ
ᠨᠠᠮᠤᠷ ᠤ᠋ᠨ ᠨᠠᠮᠤᠷ ᠲᠠᠭᠠᠨ ᠬᠤᠷᠢᠶᠠᠯᠲᠠ ᠲᠠᠢ
ᠰᠠᠷᠠᠨ ᠤ᠋ ᠭᠡᠭᠡᠨ ᠲᠤᠶᠠᠭ᠎ᠠ ᠲᠠᠢ
ᠰᠠᠢᠨ ᠬᠡᠷᠢᠰ ᠦ᠋ᠳ ᠦ᠋ᠨ ᠤᠳᠤᠮ ᠲᠠᠢ ᠠᠢ ᠬᠦᠢ
ᠰᠠᠷᠠᠭᠤᠯ ᠢᠷᠡᠭᠡᠳᠦᠢ ᠳ᠋ᠡᠭᠡᠨ ᠢᠲᠡᠭᠡᠯᠲᠡᠢ
ᠰᠠᠴᠤᠷᠠᠨ ᠮᠠᠨᠳᠤᠬᠤ ᠶ᠋ᠢᠨ ᠪᠠᠲᠤᠯᠠᠭ᠎ᠠ ᠲᠠᠢ ᠠᠢ ᠬᠦᠢ
ᠰᠠᠷᠠᠨ ᠤ᠋ ᠭᠡᠭᠡᠨ ᠲᠤᠶᠠᠭ᠎ᠠ ᠲᠠᠢ
ᠰᠠᠢᠨ ᠬᠡᠷᠢᠰ ᠦ᠋ᠳ ᠦ᠋ᠨ ᠤᠳᠤᠮ ᠲᠠᠢ ᠠᠢ ᠬᠦᠢ
ᠰᠠᠷᠠᠭᠤᠯ ᠢᠷᠡᠭᠡᠳᠦᠢ ᠳ᠋ᠡᠭᠡᠨ ᠢᠲᠡᠭᠡᠯᠲᠡᠢ
ᠰᠠᠴᠤᠷᠠᠨ ᠮᠠᠨᠳᠤᠬᠤ ᠶ᠋ᠢᠨ ᠪᠠᠲᠤᠯᠠᠭ᠎ᠠ ᠲᠠᠢ ᠠᠢ ᠬᠦᠢ
ᠬᠥᠬᠡ ᠮᠣᠩᠭᠣᠯ ᠤ᠋ᠨ ᠬᠣᠷᠴᠢᠨ ᠮᠢᠨᠢ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠠᠯᠲᠠᠨᠴᠢᠮᠡᠭ
