ᠮᠣᠩᠭᠣᠯ ᠡᠮ ᠡᠮᠨᠡᠯᠭᠡ – (ᠠᠷᠪᠠᠨ ᠬᠣᠶᠠᠷ) Монгол эм эмнэлэг (12)
ᠵᠢᠷᠦᠬᠡᠨ ᠳᠣᠯᠭᠢᠰᠤᠯ ᠡᠪᠡᠳᠴᠢᠨ ᠢ᠋ ᠵᠠᠰᠠᠭᠰᠠᠨ ᠲᠤᠷᠰᠢᠯᠭ᠎ᠠ
ᠪᠣᠷᠵᠢᠭᠢᠨ ᠡᠷᠳᠡᠨᠢᠴᠤᠭᠲᠤ ᠡᠮᠴᠢ ᠡᠴᠡ ᠵᠢᠷᠦᠬᠡᠨ ᠳᠣᠯᠭᠢᠰᠤᠯ
ᠡᠪᠡᠳᠴᠢᠨ ᠢ᠋ ᠵᠠᠰᠠᠭᠰᠠᠨ ᠲᠤᠷᠰᠢᠯᠭ᠎ᠠ
ᠬᠡᠭᠡᠨᠳᠤᠶᠠᠭᠠ᠂ ᠪᠣᠷᠵᠢᠭᠢᠨ ᠡᠷᠳᠡᠨᠢᠴᠤᠣᠭᠲᠤ
【ᠲᠣᠪᠴᠢ ᠠᠭᠤᠯᠭ᠎ᠠ】
ᠵᠢᠷᠦᠬᠡᠨ ᠳᠣᠯᠭᠢᠰᠤᠯ ᠡᠪᠡᠳᠴᠢᠨ ᠪᠣᠯ ᠡᠮᠴᠢᠯᠡᠭᠡᠨ ᠳ᠋ᠦ᠍ ᠣᠯᠠᠨ ᠲᠣᠬᠢᠶᠠᠯᠳᠤᠳᠠᠭ ᠨᠢᠭᠡ ᠵᠦᠢᠯ ᠦ᠋ᠨ ᠵᠢᠷᠦᠬᠡᠨ ᠡᠪᠡᠳᠴᠢᠨ ᠪᠠᠢᠵᠤ᠂ ᠭᠣᠣᠯᠳᠠᠭᠤ ᠵᠢᠷᠦᠬᠡ ᠭᠣᠣᠯ ᠰᠠᠪᠠᠬᠤ᠂ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠠᠮᠠᠷᠬᠠᠨ ᠠᠶᠤᠵᠤ ᠰᠣᠴᠢᠬᠤ᠂ ᠳᠣᠲᠣᠷ ᠪᠠᠴᠢᠮᠳᠠᠬᠤ᠂ ᠠᠷᠭ᠎ᠠ ᠠᠭᠠᠰᠢ ᠪᠠᠷᠠᠬᠤ᠂ ᠨᠣᠢᠷ ᠮᠠᠭᠤᠳᠠᠬᠤ ᠮᠡᠲᠦ ᠶ᠋ᠢᠨ ᠬᠡᠢ ᠳᠡᠢᠯᠦᠩᠭᠦᠢ ᠰᠢᠨᠵᠢ ᠢᠯᠡᠷᠡᠳᠡᠭ᠃ ᠪᠣᠷᠵᠢᠭᠢᠨ ᠡᠷᠳᠡᠨᠢᠴᠤᠭᠲᠤ ᠡᠮᠴᠢ ᠡᠴᠡ ᠵᠢᠷᠦᠬᠡᠨ ᠳᠣᠯᠭᠢᠰᠤᠯ ᠡᠪᠡᠳᠴᠢᠨ ᠢ᠋ ᠵᠠᠰᠠᠬᠤ ᠲᠠᠯ᠎ᠠ ᠪᠠᠷ ᠥᠪᠡᠷᠮᠢᠴᠡ ᠭᠠᠷ ᠠᠪᠤᠯᠭ᠎ᠠ ᠲᠠᠢ ᠪᠠᠢᠵᠤ᠂ ᠮᠣᠩᠭᠣᠯ ᠠᠨᠠᠭᠠᠬᠤ ᠤᠬᠠᠭᠠᠨ ᠤ᠋ ᠪᠦᠬᠦᠯᠢ ᠴᠣᠭᠴᠠ ᠶ᠋ᠢᠨ ᠦᠵᠡᠯᠲᠡ ᠶ᠋ᠢ ᠪᠠᠷᠢᠮᠲᠠᠯᠠᠨ᠂ ᠡᠪᠡᠳᠴᠢᠨ ᠦ᠌ ᠰᠢᠯᠲᠠᠭᠠᠨ ᠨᠥᠬᠥᠴᠡᠯ ᠳ᠋ᠦ᠍ ᠵᠣᠷᠢᠭᠤᠯᠤᠨ᠂ ᠬᠡᠢ ᠶ᠋ᠢ ᠳᠠᠷᠤᠵᠤ᠂ ᠵᠢᠷᠦᠬᠡ ᠭᠣᠣᠯ ᠢ᠋ ᠲᠣᠭᠲᠠᠪᠤᠷᠢᠵᠢᠭᠤᠯᠤᠨ ᠡᠮᠴᠢᠯᠡᠭᠡᠳ ᠮᠠᠰᠢ ᠰᠠᠢᠨ ᠦᠷ᠎ᠡ ᠪᠦᠲᠦᠮᠵᠢ ᠣᠯᠵᠤ ᠪᠣᠢ᠃
【ᠲᠦᠯᠬᠢᠭᠦᠷ ᠦᠭᠡ 】
ᠪᠣᠷᠵᠢᠭᠢᠨ ᠡᠷᠳᠡᠨᠢᠴᠣᠭᠲᠤ ; ᠵᠢᠷᠦᠬᠡᠨ ᠳᠣᠯᠭᠢᠰᠤᠯ ᠡᠪᠡᠳᠴᠢᠨ; ᠡᠮᠴᠢᠯᠡᠭᠡᠨ ᠦ᠌ ᠲᠤᠷᠰᠢᠯᠭ᠎ᠠ;
ᠵᠢᠷᠦᠬᠡᠨ ᠳᠣᠯᠭᠢᠰᠤᠯ ᠡᠪᠡᠳᠴᠢᠨ ᠨᠢ ᠭᠣᠣᠯᠳᠠᠭᠤ ᠵᠢᠷᠦᠬᠡ ᠭᠣᠣᠯ ᠰᠠᠪᠠᠬᠤ᠂ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠠᠮᠠᠷᠬᠠᠨ ᠠᠶᠤᠵᠤ ᠰᠣᠴᠢᠬᠤ᠂ ᠳᠣᠲᠣᠷ ᠪᠠᠴᠢᠮᠳᠠᠬᠤ᠂ ᠠᠷᠭ᠎ᠠ ᠠᠭᠠᠰᠢ ᠪᠠᠷᠠᠬᠤ᠂ ᠨᠣᠢᠷ ᠮᠠᠭᠤᠳᠠᠬᠤ ᠮᠡᠲᠦ ᠶ᠋ᠢᠨ ᠬᠡᠢ ᠳᠡᠢᠯᠦᠩᠭᠦᠢ ᠰᠢᠨᠵᠢ ᠢᠯᠡᠷᠡᠳᠡᠭ᠃《ᠮᠣᠩᠭᠣᠯ ᠠᠨᠠᠭᠠᠬᠤ ᠤᠬᠠᠭᠠᠨ ᠤ᠋ ᠡᠪᠡᠳᠴᠢᠨ ᠣᠨᠣᠰᠢᠯᠠᠬᠤ ᠪᠠ ᠠᠨᠠᠭᠠᠯᠲᠠ ᠶ᠋ᠢᠨ ᠪᠠᠷᠢᠮᠵᠢᠶ᠎ᠠ》 ᠳ᠋ᠤ᠌᠄《ᠵᠢᠷᠦᠬᠡ ᠲᠦᠭᠰᠢᠬᠦ᠂ ᠪᠡᠶ᠎ᠡ ᠴᠡᠴᠡᠷᠡᠬᠦ᠂ ᠳᠣᠲᠣᠷ ᠪᠠᠴᠢᠮᠳᠠᠬᠤ ᠪᠠᠷ ᠭᠣᠣᠯ ᠪᠣᠯᠭᠠᠭᠰᠠᠨ ᠵᠢᠷᠦᠬᠡᠨ ᠡᠪᠡᠳᠴᠢᠨ》[ 1 ] ᠭᠡᠵᠦ ᠲᠡᠮᠳᠡᠭᠯᠡᠵᠡᠢ᠃《ᠮᠣᠩᠭᠣᠯ ᠠᠨᠠᠭᠠᠬᠤ ᠤᠬᠠᠭᠠᠨ ᠤ᠋ ᠨᠡᠪᠲᠡᠷᠬᠡᠢ ᠲᠣᠯᠢ᠂ᠠᠨᠠᠭᠠᠬᠤ ᠤᠬᠠᠭᠠᠨ》 ᠳ᠋ᠤ᠌ ᠵᠢᠷᠦᠬᠡᠨ ᠳᠣᠯᠭᠢᠰᠤᠯ ᠡᠪᠡᠳᠴᠢᠨ ᠦ᠌ ᠤᠬᠠᠭᠳᠠᠬᠤᠨ ᠤ᠋ ᠲᠤᠬᠠᠢ᠄《ᠬᠡᠰᠡᠭ ᠬᠡᠰᠡᠭ ᠵᠢᠷᠦᠬᠡ ᠰᠦᠷᠡᠬᠡᠢ ᠳᠣᠯᠭᠢᠰᠴᠤ ᠴᠡᠴᠡᠷᠡᠬᠦ ᠰᠢᠨᠵᠢ ᠲᠡᠮᠳᠡᠭ ᠢ᠋ᠶ᠋ᠡᠷ ᠢᠯᠡᠷᠡᠬᠦ ᠬᠡᠢ ᠳᠡᠢᠯᠦᠩᠭᠦᠢ ᠴᠢᠨᠠᠷ ᠲᠠᠢ ᠨᠢᠭᠡ ᠵᠦᠢᠯ ᠦ᠋ᠨ ᠵᠢᠷᠦᠬᠡᠨ ᠡᠪᠡᠳᠴᠢᠨ》 [2] ᠭᠡᠵᠦ ᠲᠡᠮᠳᠡᠭᠯᠡᠭᠰᠡᠨ ᠪᠠᠢᠳᠠᠭ᠃
1. ᠰᠢᠯᠲᠠᠭᠠᠨ ᠨᠥᠬᠥᠴᠡᠯ ᠪᠠ ᠡᠪᠡᠳᠴᠢᠨ ᠦ᠌ ᠶ᠋ᠢᠨ ᠵᠦᠢ
ᠵᠢᠷᠦᠬᠡᠨ ᠳᠣᠯᠭᠢᠰᠤᠯ ᠡᠪᠡᠳᠴᠢᠨ ᠨᠢ ᠭᠣᠣᠯᠳᠠᠭᠤ ᠬᠤᠷᠴᠠ ᠬᠥᠩᠭᠡᠨ ᠰᠢᠷᠦᠭᠦᠨ ᠴᠢᠨᠠᠷ ᠲᠠᠢ ᠢᠳᠡᠭᠡᠨ ᠤᠮᠳᠠᠭᠠᠨ ᠪᠣᠯᠤᠨ ᠠᠷᠢᠬᠢ ᠲᠠᠮᠠᠬᠢ ᠶ᠋ᠢ ᠬᠡᠲᠦᠷᠡᠭᠦᠯᠦᠭᠰᠡᠨ᠂ ᠪᠡᠶ᠎ᠡ ᠬᠡᠯᠡ ᠰᠡᠳᠬᠢᠯ ᠦ᠋ᠨ ᠶᠠᠪᠤᠳᠠᠯ ᠮᠥᠷ ᠦ᠋ᠨ ᠪᠤᠷᠤᠭᠤᠳᠠᠯ ᠵᠡᠷᠭᠡ ᠡᠴᠡ ᠪᠣᠯᠵᠤ ᠬᠡᠢ ᠠᠷᠪᠢᠳᠠᠵᠤ ᠪᠠᠳᠬᠠᠨ ᠰᠢᠷ᠎ᠠ ᠲᠠᠢ ᠬᠢᠮᠤᠷᠠᠯᠳᠤᠨ᠂ ᠵᠢᠷᠦᠬᠡᠨ ᠳ᠋ᠦ᠍ ᠣᠷᠣᠰᠢᠵᠤ ᠪᠠᠢᠭ᠎ᠠ ᠲᠦᠭᠡᠮᠡᠯ ᠭᠦᠶᠦᠭᠴᠢ ᠬᠡᠢ ᠨᠢ ᠰᠠᠮᠠᠭᠤᠷᠠᠵᠤ᠂ ᠦᠢᠯᠡ ᠠᠵᠢᠯᠯᠠᠭ᠎ᠠ ᠨᠢ ᠪᠤᠷᠤᠭᠤᠳᠠᠭᠰᠠᠨ ᠡᠴᠡ ᠰᠢᠯᠲᠠᠭᠠᠯᠠᠵᠤ ᠲᠤᠰ ᠡᠪᠡᠳᠴᠢᠨ ᠢ᠋ ᠡᠭᠦᠰᠬᠡᠳᠡᠭ᠃ ᠡᠭᠦᠨ ᠦ᠌ ᠲᠤᠬᠠᠢ《ᠯᠾᠠᠨᠲ᠋ᠠᠪ》 ᠲᠤ᠌᠄《ᠰᠢᠯᠲᠠᠭᠠᠨ ᠠᠨᠤ ᠭᠠᠰᠠᠯᠠᠩ ᠢ᠋ᠶ᠋ᠠᠷ ᠰᠡᠳᠬᠢᠯ ᠬᠢᠮᠤᠷᠠᠭᠰᠠᠨ᠂ ᠰᠡᠳᠬᠢᠯ ᠦᠯᠦ ᠠᠮᠤᠬᠤ᠂ ᠬᠣᠭᠣᠯᠠ ᠨᠣᠢᠷ ᠳᠤᠲᠠᠭᠰᠠᠨ᠂ ᠬᠦᠴᠦᠲᠡᠢ ᠪᠠ ᠤᠷᠠᠨ ᠢ᠋ᠶ᠋ᠠᠷ ᠡᠭᠦᠰᠦᠮᠦᠢ [3] ᠭᠡᠵᠦ ᠂《ᠠᠨᠠᠭᠠᠬᠤ ᠤᠬᠠᠭᠠᠨ᠂ ᠡᠮᠴᠢᠯᠡᠭᠡᠨ ᠦ᠌ ᠰᠤᠳᠤᠯᠤᠯ (ᠳᠣᠣᠷᠠᠲᠤ)》 ᠳ᠋ᠤ᠌᠄《ᠭᠣᠣᠯᠳᠠᠭᠤ ᠬᠡᠢ ᠠᠷᠪᠢᠳᠠᠵᠤ ᠪᠠᠳᠬᠠᠨ ᠰᠢᠷ᠎ᠠ ᠯᠤᠭ᠎ᠠ ᠬᠢᠮᠤᠷᠠᠯᠳᠤᠭᠰᠠᠨ ᠠ᠋ᠴᠠ ᠰᠢᠯᠲᠠᠭᠠᠯᠠᠵᠤ ᠡᠭᠦᠰᠦᠨ᠎ᠡ᠃ ᠶᠠᠮᠠᠷ ᠨᠢᠭᠡᠨ ᠭᠠᠰᠠᠯᠠᠩ ᠵᠣᠪᠠᠯᠠᠩᠲᠤ ᠬᠡᠷᠡᠭ ᠤᠴᠢᠷ ᠲᠣᠬᠢᠶᠠᠯᠳᠤᠬᠤ᠂ ᠤᠷᠲᠤ ᠬᠤᠭᠤᠴᠠᠭ᠎ᠠ ᠰᠡᠳᠬᠢᠯ ᠰᠠᠨᠠᠭᠠᠨ ᠤ᠋ ᠡᠨᠡᠯᠦᠯ ᠰᠢᠨᠠᠯᠤᠯ ᠢ᠋ ᠬᠦᠯᠢᠶᠡᠬᠦ᠂ ᠪᠡᠶ᠎ᠡ ᠮᠠᠬᠠᠪᠣᠳ ᠤ᠋ᠨ ᠬᠡᠳᠦ ᠶᠠᠳᠠᠷᠠᠯ ᠵᠢᠴᠢ ᠲᠠᠴᠢᠶᠠᠯ ᠤ᠋ᠨ ᠦᠢᠯᠡ ᠬᠡᠲᠦᠷᠡᠬᠦ ᠵᠡᠷᠭᠡ ᠪᠣᠯ ᠲᠤᠰ ᠡᠪᠡᠳᠴᠢᠨ ᠢ᠋ ᠥᠳᠥᠭᠡᠨ ᠬᠥᠳᠡᠯᠭᠡᠬᠦ ᠨᠥᠬᠥᠴᠡᠯ ᠪᠣᠯᠤᠨ᠎ᠠ》[4] ᠭᠡᠵᠦ ᠬᠣᠷᠢᠶᠠᠩᠭᠤᠶᠢᠯᠠᠭᠰᠠᠨ ᠪᠠᠢᠳᠠᠭ᠃
2. ᠵᠦᠢᠯ ᠢᠯᠭᠠᠯ ᠪᠠ ᠰᠢᠨᠵᠢ ᠲᠡᠮᠳᠡᠭ
ᠮᠣᠩᠭᠣᠯ ᠠᠨᠠᠭᠠᠬᠤ ᠤᠬᠠᠭᠠᠨ ᠳ᠋ᠤ᠌ ᠡᠪᠡᠳᠴᠢᠯᠡᠭᠰᠡᠨ ᠣᠷᠣᠨ ᠤ᠋ ᠠᠳᠠᠯᠢ ᠪᠤᠰᠤ ᠶ᠋ᠢ ᠦᠨᠳᠦᠰᠦᠯᠡᠵᠦ ᠵᠢᠷᠦᠬᠡᠨ ᠦ᠌ ᠭᠡᠮ ᠢ᠋ᠶ᠋ᠡᠷ ᠳᠣᠯᠭᠢᠰᠬᠤ᠂ ᠪᠥᠭᠡᠷᠡᠨ ᠦ᠌ ᠭᠡᠮ ᠢ᠋ᠶ᠋ᠡᠷ ᠳᠣᠯᠭᠢᠰᠬᠤ᠂ ᠴᠠᠭᠠᠨ ᠰᠤᠳᠠᠯ ᠤ᠋ᠨ ᠭᠡᠮ ᠢ᠋ᠶ᠋ᠡᠷ ᠳᠣᠯᠭᠢᠰᠬᠤ ᠭᠡᠵᠦ ᠭᠤᠷᠪᠠᠨ ᠵᠦᠢᠯ ᠬᠤᠪᠢᠶᠠᠵᠤ ᠶᠠᠷᠢᠯᠴᠠᠬᠤ ᠪᠥᠭᠡᠳ ᠡᠪᠡᠳᠴᠢᠨ ᠦ᠌ ᠮᠠᠬᠠᠪᠣᠳ ᠢ᠋ ᠦᠨᠳᠦᠰᠦᠯᠡᠵᠦ ᠬᠡᠢ ᠪᠡᠷ ᠳᠣᠯᠭᠢᠰᠬᠤ᠂ ᠴᠢᠰᠤ ᠪᠠᠷ ᠳᠣᠯᠭᠢᠰᠬᠤ᠂ ᠬᠦᠢᠲᠡᠨ ᠢ᠋ᠶ᠋ᠡᠷ ᠳᠣᠯᠭᠢᠰᠬᠤ ᠭᠡᠵᠦ ᠬᠤᠪᠢᠶᠠᠨ ᠰᠢᠨᠵᠢᠯᠡᠭᠰᠡᠨ ᠪᠠᠢᠳᠠᠭ᠃《ᠵᠧᠳᠤᠢᠨᠢᠩᠨᠤᠷ》 ᠲᠤ᠌ ᠲᠤᠰ ᠡᠪᠡᠳᠴᠢᠨ ᠦ᠌ ᠰᠢᠨᠵᠢ ᠲᠡᠮᠳᠡᠭ ᠦ᠋ᠨ ᠲᠤᠬᠠᠢ᠄《ᠲᠣᠯᠣᠭᠠᠢ ᠨᠢ ᠡᠪᠡᠳᠬᠦ᠂ ᠮᠠᠷᠲᠠᠮᠠᠲᠠᠭᠠᠢ ᠪᠣᠯᠬᠤ᠂ ᠰᠡᠳᠬᠢᠯ ᠨᠢ ᠠᠯᠭᠠᠰᠠᠬᠤ᠂ ᠪᠠᠶᠠᠰᠬᠤ ᠦᠭᠡᠢ᠂ ᠵᠠᠷᠢᠮ ᠳ᠋ᠤ᠌ ᠪᠠᠨ ᠠᠰᠠᠭᠤᠭᠰᠠᠨ ᠴᠤ᠌ ᠶᠠᠷᠢᠬᠤ ᠦᠭᠡᠢ᠂ ᠵᠠᠷᠢᠮ ᠳ᠋ᠤ᠌ ᠪᠠᠨ ᠠᠰᠠᠭᠤᠭᠰᠠᠨ ᠦᠭᠡᠢ ᠪᠠᠢᠲᠠᠯ᠎ᠠ ᠳᠡᠮᠡᠢ ᠪᠠᠯᠠᠢ ᠶᠠᠷᠢᠬᠤ᠂ ᠲᠠᠭᠠᠯᠠᠮᠵᠢ ᠦᠭᠡᠢ ᠦᠭᠡ ᠰᠣᠨᠣᠰᠪᠠᠯ ᠠᠶᠤᠵᠤ ᠰᠣᠴᠢᠬᠤ᠂ ᠰᠠᠨᠠᠭ᠎ᠠ ᠠᠯᠳᠠᠬᠤ᠂ ᠠᠮᠢᠰᠬᠤᠯ ᠨᠢ ᠣᠬᠣᠷ ᠪᠣᠯᠬᠤ᠂ ᠨᠣᠢᠷ ᠨᠢ ᠪᠠᠭ᠎ᠠ ᠪᠠᠢᠳᠠᠭ᠂ ᠵᠢᠷᠦᠬᠡ ᠨᠢ ᠬᠣᠭᠤᠰᠤᠷᠤᠭᠰᠠᠨ ᠰᠢᠭ᠋ ᠰᠠᠨᠠᠭᠳᠠᠨ᠎ᠠ᠃ [5] ᠭᠡᠵᠦ ᠬᠤᠷᠢᠶᠠᠩᠭᠤᠢᠯᠠᠨ ᠲᠡᠮᠳᠡᠭᠯᠡᠵᠢ᠃《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠪᠡᠳᠴᠢᠨ ᠦ᠌ ᠡᠮᠴᠢᠯᠡᠭᠡᠨ ᠦ᠌ ᠰᠤᠳᠤᠯᠤᠯ》 ᠳ᠋ᠤ᠌ ᠄《ᠵᠢᠷᠦᠬᠡ ᠲᠦᠭᠰᠢᠨ ᠴᠡᠴᠡᠷᠡᠵᠦ ᠥᠪᠡᠷ ᠦ᠋ᠨ ᠡᠷᠬᠡ ᠦᠭᠡᠢ ᠪᠣᠯᠬᠤ ᠪᠣᠯ ᠲᠤᠰ ᠡᠪᠡᠳᠴᠢᠨ ᠦ᠌ ᠣᠨᠴᠠᠯᠢᠭ ᠰᠢᠨᠵᠢ ᠮᠥᠨ᠃ ᠡᠭᠦᠨ ᠦ᠌ ᠬᠠᠮᠲᠤ ᠠᠮᠢᠰᠬᠤᠯ ᠴᠢᠬᠤᠯᠳᠠᠬᠤ᠂ ᠨᠣᠢᠷ ᠲᠡᠭᠰᠢ ᠦᠭᠡᠢ ᠪᠣᠯᠬᠤ᠂ ᠰᠡᠳᠬᠢᠯ ᠰᠠᠨᠠᠭ᠎ᠠ ᠲᠣᠭᠲᠠᠪᠤᠷᠢ ᠦᠭᠡᠢ ᠪᠣᠯᠬᠤ᠂ ᠪᠡᠶ᠎ᠡ ᠰᠤᠯᠳᠠᠢᠵᠤ ᠬᠦᠴᠦᠨ ᠲᠠᠮᠢᠷ ᠦᠭᠡᠢ ᠪᠣᠯᠬᠤ ᠪᠠᠷ ᠦᠯᠦ ᠪᠠᠷᠠᠨ ᠠᠶᠤᠨ ᠰᠠᠨᠳᠤᠷᠴᠤ᠂ ᠵᠠᠷᠢᠮ ᠳ᠋ᠤ᠌ ᠪᠠᠨ ᠤᠬᠠᠭᠠᠨ ᠮᠡᠳᠡᠷᠡᠯ ᠮᠠᠭᠤᠳᠠᠵᠤ ᠦᠬᠦᠳᠬᠢᠬᠦ ᠶᠠᠪᠤᠳᠠᠯ ᠴᠤ᠌ ᠭᠠᠷᠳᠠᠭ ᠶᠤᠮ᠃ ᠥᠪᠡᠷᠮᠢᠴᠡ ᠴᠢᠨᠠᠷ ᠢ᠋ᠶ᠋ᠠᠷ ᠵᠢᠷᠦᠬᠡ ᠲᠦᠭᠰᠢᠪᠡᠯ ᠠᠮᠠᠷᠬᠠᠨ ᠠᠶᠤᠵᠤ ᠰᠣᠴᠢᠬᠤ᠂ ᠵᠢᠷᠦᠬᠡ ᠭᠣᠣᠯ ᠳᠡᠯᠡᠰᠴᠦ᠂ ᠠᠶᠤᠨ ᠰᠠᠨᠳᠤᠷᠴᠤ᠂ ᠵᠠᠷᠢᠮ ᠳ᠋ᠤ᠌ ᠪᠠᠨ ᠰᠣᠨᠢᠨ ᠵᠢᠭᠲᠡᠢ ᠵᠡᠭᠦᠳᠦᠯᠡᠵᠦ ᠰᠣᠴᠢᠨ ᠰᠡᠷᠢᠨ᠎ᠡ᠃ ᠰᠡᠳᠬᠢᠯ ᠦ᠋ᠨ ᠦᠢᠯᠡ ᠪᠡᠷ ᠵᠢᠷᠦᠬᠡ ᠲᠦᠭᠰᠢᠪᠡᠯ ᠡᠪᠡᠳᠴᠢᠲᠡᠨ ᠦᠷᠭᠦᠯᠵᠢ ᠰᠡᠷᠡᠮᠵᠢ ᠲᠡᠢ ᠪᠠᠢᠭᠰᠠᠭᠠᠷ ᠪᠠᠭ᠎ᠠ ᠰᠠᠭ᠎ᠠ ᠰᠡᠲᠡᠯᠲᠡ ᠳ᠋ᠦ᠍ ᠠᠶᠤᠵᠤ ᠰᠣᠴᠢᠨ᠂ ᠵᠢᠷᠦᠬᠡ ᠲᠦᠭᠰᠢᠵᠦ᠂ ᠠᠮᠢᠰᠬᠤᠯ ᠴᠢᠬᠤᠯᠳᠠᠨ᠂ ᠰᠠᠨᠠᠭ᠎ᠠ ᠠᠯᠳᠠᠬᠤ ᠪᠤᠶᠤ ᠭᠦᠨ ᠠᠮᠢᠰᠬᠤᠪᠠᠯ ᠠᠮᠤᠷᠠᠬᠤ ᠰᠢᠭ᠋᠂ ᠶᠠᠮᠠᠷ ᠴᠤ᠌ ᠥᠳᠥᠭᠡᠯ ᠦᠭᠡᠢ ᠪᠡᠷ ᠵᠡᠭᠦᠨ ᠬᠥᠬᠥᠨ ᠦ᠌ ᠣᠷᠴᠢᠮ ᠢ᠋ᠶ᠋ᠠᠷ ᠬᠠᠳᠬᠤᠯᠠᠨ ᠡᠪᠡᠳᠬᠦ᠂ ᠴᠡᠭᠡᠵᠢ ᠳᠦᠭᠦᠷᠬᠦ᠂ ᠢᠯᠠᠩᠭᠤᠶ᠎ᠠ ᠰᠡᠳᠬᠢᠯ ᠰᠠᠨᠠᠭ᠎ᠠ ᠬᠥᠪᠦᠯᠵᠡᠬᠦ ᠪᠤᠶᠤ ᠠᠵᠢᠯ ᠤ᠋ᠨ ᠳᠠᠷᠤᠭᠠᠰᠤ ᠬᠦᠨᠳᠦᠷᠡᠪᠡᠯ ᠨᠡᠩ ᠬᠢᠯᠪᠠᠷ ᠡᠪᠡᠳᠴᠢᠨ ᠨᠢ ᠬᠥᠳᠡᠯᠬᠦ ᠪᠤᠶᠤ ᠳᠡᠭᠡᠷᠡᠬᠢ ᠰᠢᠨᠵᠢ ᠨᠢ ᠬᠦᠨᠳᠦᠷᠡᠳᠡᠭ᠃ ᠨᠣᠢᠷ ᠰᠡᠷᠭᠦᠭᠰᠢᠨ ᠵᠡᠭᠦᠳᠦ ᠣᠯᠠᠰᠢᠷᠠᠬᠤ ᠪᠥᠭᠡᠳ ᠡᠪᠡᠳᠴᠢᠲᠡᠨ ᠦ᠌ ᠪᠦᠬᠦ ᠪᠡᠶ᠎ᠡ ᠶ᠋ᠢᠨ ᠪᠠᠢᠳᠠᠯ ᠮᠠᠭᠤ᠂ ᠶᠡᠷᠦ ᠨᠢ ᠲᠣᠯᠣᠭᠠᠢ ᠡᠷᠭᠢᠬᠦ᠂ ᠭᠠᠷ ᠬᠥᠯ ᠮᠢᠨᠴᠦᠭᠦᠷᠡᠬᠦ᠂ ᠴᠡᠴᠡᠷᠡᠬᠦ᠂ ᠲᠠᠲᠠᠪᠠᠯᠵᠠᠬᠤ ᠵᠡᠷᠭᠡ ᠰᠢᠨᠵᠢ ᠢᠯᠡᠷᠡᠨ᠎ᠡ᠃ ᠲᠠᠮᠢᠷ ᠪᠠᠷᠠᠭᠳᠠᠭᠰᠠᠨ ᠢ᠋ᠶ᠋ᠠᠷ ᠵᠢᠷᠦᠬᠡ ᠳᠣᠯᠭᠢᠰᠪᠠᠯ ᠡᠪᠡᠳᠴᠢᠲᠡᠨ ᠥᠪᠡᠷ ᠦ᠋ᠨ ᠡᠷᠬᠡ ᠦᠭᠡᠢ ᠡᠳᠦᠷᠵᠢᠨ ᠵᠢᠷᠦᠬᠡ ᠴᠡᠴᠡᠷᠡᠵᠦ᠂ ᠪᠥᠭᠡᠷ᠎ᠡ ᠨᠢᠷᠤᠭᠤ ᠪᠠᠷ ᠬᠥᠰᠢᠬᠦ᠂ ᠲᠣᠯᠣᠭᠠᠢ ᠡᠷᠭᠢᠬᠦ᠂ ᠨᠢᠳᠦ ᠡᠷᠢᠶᠡᠯᠵᠡᠬᠦ᠂ ᠴᠢᠬᠢ ᠱᠤᠤᠭᠢᠬᠤ᠂ ᠳᠥᠷᠪᠡᠨ ᠲᠣᠯᠢ ᠬᠠᠯᠠᠭᠤᠷᠠᠬᠤ᠂ ᠨᠢᠭᠤᠷ ᠴᠢᠷᠠᠢ ᠬᠤᠵᠢᠢᠬᠤ᠂ ᠪᠡᠶ᠎ᠡ ᠲᠠᠮᠢᠷᠳᠠᠵᠤ᠂ ᠠᠮᠠᠷᠬᠠᠨ ᠬᠥᠯᠥᠷᠡᠬᠦ᠂ᠢᠳᠡᠭᠡᠨ ᠦ᠌ ᠳᠤᠷᠠᠰᠢᠯ ᠮᠠᠭᠤᠳᠠᠬᠤ ᠵᠡᠷᠭᠡ ᠰᠢᠨᠵᠢ ᠢᠯᠡᠷᠡᠨ᠎ᠡ᠃ ᠵᠢᠷᠦᠬᠡᠨ ᠦ᠌ ᠭᠡᠮ ᠢ᠋ᠶ᠋ᠡᠷ ᠵᠢᠷᠦᠬᠡ ᠳᠣᠯᠭᠢᠰᠪᠠᠯ ᠵᠢᠷᠦᠬᠡ ᠬᠡᠰᠡᠭ ᠬᠡᠰᠡᠭ ᠰᠦᠷᠡᠬᠡᠢ ᠳᠣᠯᠭᠢᠰᠤᠨ ᠴᠡᠴᠡᠷᠡᠵᠦ᠂ ᠴᠡᠭᠡᠵᠢ ᠪᠠᠴᠢᠮᠳᠠᠬᠤ ᠪᠠ ᠦᠢᠮᠡᠭᠡᠨ ᠱᠤᠤᠭᠢᠶᠠᠨ ᠢᠯᠠᠩᠭᠤᠶ᠎ᠠ ᠰᠡᠲᠡᠯᠲᠡ ᠶᠡᠬᠡᠲᠡᠢ ᠳᠠᠭᠤ ᠨᠠᠷᠭᠢᠶᠠᠨ ᠳ᠋ᠤ᠌ ᠤᠯᠠᠮ ᠰᠢᠷᠦᠭᠦᠰᠬᠦ᠂ ᠵᠢᠷᠦᠬᠡᠨ ᠦ᠌ ᠡᠮᠦᠨ᠎ᠡ ᠲᠠᠯ᠎ᠠ ᠪᠠᠷ ᠡᠪ ᠦᠭᠡᠢ ᠪᠣᠯᠬᠤ᠂ ᠴᠡᠭᠡᠵᠢ ᠪᠡᠨ ᠲᠡᠨᠢᠢᠵᠦ ᠭᠦᠨ ᠠᠮᠢᠰᠬᠤᠭ᠎ᠠ ᠠᠪᠤᠪᠠᠯ ᠳᠣᠲᠣᠷ᠎ᠠ ᠠᠭᠤᠵᠢᠷᠠᠬᠤ ᠰᠢᠭ᠋ ᠪᠣᠯᠬᠤ᠂ ᠬᠡᠵᠢᠶᠡᠳᠡ ᠲᠣᠯᠣᠭᠠᠢ ᠡᠷᠭᠢᠬᠦ ᠪᠤᠶᠤ ᠡᠪᠡᠳᠬᠦ᠂ ᠦᠷᠭᠦᠯᠵᠢ ᠨᠣᠢᠷ ᠠᠯᠳᠠᠬᠤ ᠪᠡᠶ᠎ᠡ ᠲᠠᠮᠢᠷᠳᠠᠬᠤ᠂ ᠡᠪᠡᠳᠴᠢᠨ ᠨᠢ ᠴᠢᠨᠠᠭᠰᠢᠳᠠ ᠬᠦᠨᠳᠦᠷᠡᠪᠡᠯ ᠣᠶᠤᠨ ᠰᠠᠨᠠᠭ᠎ᠠ ᠨᠢ ᠬᠡᠪ ᠦ᠋ᠨ ᠪᠤᠰᠤ ᠪᠣᠯᠵᠤ ᠳᠡᠮᠡᠢ ᠪᠠᠯᠠᠢ ᠶᠠᠷᠢᠬᠤ ᠪᠤᠶᠤ ᠰᠣᠯᠢᠶᠠᠷᠠᠬᠤ᠂ ᠰᠢᠯᠲᠠᠭᠠᠨ ᠦᠭᠡᠢ ᠪᠡᠷ ᠰᠣᠴᠢᠬᠤ ᠵᠡᠷᠭᠡ ᠰᠢᠨᠵᠢ ᠢᠯᠡᠷᠡᠨ᠎ᠡ᠃ ᠬᠠᠯᠠᠭᠤᠨ ᠳᠡᠢᠯᠦᠩᠭᠦᠢ ᠪᠣᠯ ᠠᠮᠠ ᠬᠡᠯᠡ ᠬᠠᠲᠠᠬᠤ᠂ ᠨᠢᠭᠤᠷ ᠴᠢᠷᠠᠢ ᠤᠯᠠᠢᠬᠤ᠂ ᠵᠢᠷᠦᠬᠡᠨ ᠳᠡᠭᠡᠷ᠎ᠡ ᠬᠠᠳᠬᠤᠯᠠᠨ ᠡᠪᠡᠳᠬᠦ᠂ ᠴᠡᠭᠡᠵᠢ ᠳᠦᠭᠦᠷᠴᠦ ᠠᠮᠢᠰᠬᠤᠯ ᠪᠠᠴᠢᠮᠳᠠᠬᠤ᠂ ᠰᠢᠭᠡᠰᠦ ᠨᠢ ᠰᠢᠷ᠎ᠠ ᠥᠩᠭᠡ ᠲᠡᠢ᠂ ᠦᠨᠦᠷ ᠠᠭᠤᠷ ᠨᠢ ᠶᠡᠬᠡ᠂ ᠰᠤᠳᠠᠯ ᠨᠢ ᠬᠣᠭᠣᠰᠣᠨ ᠲᠦᠷᠭᠡᠨ ᠯᠤᠭᠰᠢᠨ᠎ᠠ᠃ ᠬᠦᠢᠲᠡᠨ ᠳᠡᠢᠯᠦᠩᠭᠦᠢ ᠪᠣᠯ ᠵᠢᠷᠦᠬᠡ ᠲᠦᠭᠰᠢᠵᠦ᠂ ᠨᠢᠭᠤᠷ ᠴᠢᠷᠠᠢ ᠴᠠᠢᠬᠤ᠂ ᠭᠠᠷ ᠬᠥᠯ ᠬᠦᠷᠦᠬᠦ᠂ ᠴᠡᠭᠡᠵᠢ ᠳᠦᠭᠦᠷᠴᠦ ᠠᠮᠢᠰᠬᠤᠯ ᠳᠡᠭᠡᠷᠡᠳᠡᠬᠦ᠂ ᠬᠣᠳᠣᠭᠣᠳᠣ ᠴᠦᠩᠬᠦᠢᠵᠦ ᠢᠳᠡᠭᠡᠨ ᠦ᠌ ᠳᠤᠷᠠᠰᠢᠯ ᠮᠠᠭᠤᠳᠠᠬᠤ᠂ ᠰᠢᠭᠡᠰᠦ ᠨᠢ ᠴᠠᠢᠪᠤᠷ ᠥᠩᠭᠡ ᠲᠡᠢ᠂ ᠦᠨᠦᠷ ᠠᠭᠤᠷ ᠪᠠᠭ᠎ᠠ᠂ ᠰᠤᠳᠠᠯ ᠨᠢ ᠰᠤᠯᠠ ᠳᠣᠷᠣᠢ ᠯᠤᠭᠰᠢᠨ᠎ᠠ》[6] ᠭᠡᠵᠦ ᠲᠡᠮᠳᠡᠭᠯᠡᠵᠡᠢ᠃
3. ᠡᠮᠴᠢᠯᠡᠭᠡ
3.1 ᠵᠠᠰᠠᠬᠤ ᠵᠠᠷᠴᠢᠮ
ᠶᠡᠷᠦᠩᠬᠡᠢ ᠳ᠋ᠦ᠍ ᠪᠡᠨ ᠮᠠᠬᠠᠪᠣᠳ ᠢ᠋ ᠲᠡᠭᠰᠢᠳᠬᠡᠵᠦ᠂ ᠵᠢᠷᠦᠬᠡ ᠭᠣᠣᠯ ᠢ᠋ ᠲᠣᠭᠲᠠᠪᠤᠷᠢᠵᠢᠭᠤᠯᠬᠤ ᠵᠠᠷᠴᠢᠮ ᠢ᠋ ᠵᠢᠷᠤᠮᠯᠠᠨ᠎ᠠ᠃ ᠭᠡᠬᠦ ᠳ᠋ᠦ᠍ ᠪᠡᠨ ᠪᠥᠭᠡᠷ᠎ᠡ ᠶ᠋ᠢᠨ ᠭᠡᠮ ᠢ᠋ᠶ᠋ᠡᠷ ᠰᠢᠯᠲᠠᠭᠠᠯᠠᠭᠰᠠᠨ ᠪᠣᠯ ᠪᠥᠭᠡᠷ᠎ᠡ ᠶ᠋ᠢ ᠲᠥᠯᠥᠵᠢᠭᠦᠯᠵᠦ ᠳᠤᠰᠤᠯ ᠢ᠋ ᠰᠡᠯᠪᠢᠨ᠂ ᠰᠢᠭᠡᠰᠦ ᠶ᠋ᠢ ᠢᠯᠭᠤᠮᠵᠢᠭᠤᠯᠵᠤ ᠵᠠᠰᠠᠵᠤ᠂ ᠴᠠᠭᠠᠨ ᠰᠤᠳᠠᠯ ᠤ᠋ᠨ ᠭᠡᠮ ᠢ᠋ᠶ᠋ᠡᠷ ᠰᠢᠯᠲᠠᠭᠠᠯᠠᠭᠰᠠᠨ ᠪᠣᠯ ᠴᠠᠭᠠᠨ ᠰᠤᠳᠠᠯ ᠢ᠋ ᠨᠡᠪᠲᠡᠷᠡᠭᠦᠯᠵᠦ᠂ ᠬᠡᠢ ᠴᠢᠰᠤᠨ ᠤ᠋ ᠭᠦᠶᠦᠳᠡᠯ ᠢ᠋ ᠰᠠᠢᠵᠢᠷᠠᠭᠤᠯᠵᠤ ᠵᠠᠰᠠᠬᠤ ᠵᠠᠷᠴᠢᠮ ᠢ᠋ ᠪᠠᠷᠢᠮᠲᠠᠯᠠᠨ᠎ᠠ᠃
3.2 ᠡᠮ ᠨᠠᠢᠷᠠᠯᠭ᠎ᠠ ᠶ᠋ᠢᠨ ᠡᠮᠴᠢᠯᠡᠭᠡ
ᠵᠢᠷᠦᠬᠡᠨ ᠳᠣᠯᠭᠢᠰᠤᠯ ᠡᠪᠡᠳᠴᠢᠨ ᠢ᠋ ᠡᠮᠨᠡᠨ ᠵᠠᠰᠠᠬᠤ ᠳ᠋ᠤ᠌ ᠡᠪᠡᠳᠴᠢᠨ ᠦ᠌ ᠰᠢᠯᠲᠠᠭᠠᠨ ᠪᠠ ᠣᠷᠣᠨ ᠲᠠᠢ ᠤᠶᠠᠯᠳᠤᠭᠤᠯᠵᠤ ᠵᠠᠰᠠᠬᠤ ᠴᠢᠬᠤᠯᠠ ᠲᠠᠢ ᠲᠤᠯᠠ ᠬᠠᠮᠤᠭ ᠤ᠋ᠨ ᠲᠡᠷᠢᠭᠦᠨ ᠳ᠋ᠦ᠍ ᠬᠡᠢ ᠶ᠋ᠢᠨ ᠬᠤᠪᠢ ᠳᠡᠢᠯᠦᠩᠭᠦᠢ ᠳ᠋ᠦ᠍ ᠨᠢ ᠭᠣᠣᠯᠳᠠᠭᠤ ᠠᠮᠢ ᠪᠠᠷᠢᠭᠴᠢ — 11 ᠪᠤᠶᠤ ᠠᠭᠠᠷᠤ —8 ᠶ᠋ᠢ ᠤᠤᠭᠤᠯᠭᠠᠨ᠎ᠠ᠂ ᠮᠢᠬᠠᠨ ᠤ᠋ ᠱᠥᠯᠥ ᠪᠤᠶᠤ ᠳᠥᠷᠪᠡᠨ ᠰᠢᠮᠡᠲᠦ ᠶ᠋ᠢᠨ ᠳᠠᠩ ᠢ᠋ᠶ᠋ᠠᠷ ᠳᠠᠷᠤᠭᠤᠯᠵᠤ ᠤᠤᠭᠤᠯᠭᠠᠪᠠᠯ ᠰᠠᠢᠨ᠂ ᠡᠰᠡᠬᠦᠯ᠎ᠡ ᠭᠣᠶᠣ —13 ᠶ᠋ᠢ ᠪᠤᠴᠠᠯᠤᠭᠰᠠᠨ ᠤᠰᠤ ᠪᠠᠷ ᠳᠠᠷᠤᠭᠤᠯᠵᠤ ᠤᠤᠭᠤᠯᠭᠠᠭᠰᠠᠨ ᠴᠤ᠌ ᠪᠣᠯᠤᠨ᠎ᠠ᠃ ᠬᠡᠷᠪᠡ ᠰᠢᠷ᠎ᠠ ᠬᠠᠪᠰᠤᠷᠤᠭᠰᠠᠨ ᠰᠢᠨᠵᠢ ᠢᠯᠡᠷᠡᠪᠡᠯ ᠠᠭᠠᠷᠤ —15 ᠤ᠋ ᠨᠠᠢᠷᠠᠯᠭ᠎ᠠ ᠶ᠋ᠢ ᠤᠤᠭᠤᠯᠭᠠᠵᠤ ᠪᠣᠯᠬᠤ ᠪᠥᠭᠡᠳ ᠴᠢᠰᠤ ᠬᠠᠪᠰᠤᠷᠤᠭᠰᠠᠨ ᠪᠠᠢᠳᠠᠯ ᠳ᠋ᠤ᠌ ᠠᠭᠠᠷᠤ —17 ᠪᠣᠯᠤᠨ ᠠᠭᠠᠷᠤ —19 ᠦ᠌ ᠨᠠᠢᠷᠠᠯᠭ᠎ᠠ ᠨᠡᠯᠢᠶᠡᠳ ᠲᠤᠰᠠᠲᠠᠢ᠃ ᠴᠢᠰᠤᠨ ᠤ᠋ ᠬᠤᠪᠢ ᠳᠡᠢᠯᠦᠩᠭᠦᠢ ᠳ᠋ᠦ᠍ ᠨᠢ ᠭᠣᠣᠤᠯᠳᠠᠭᠤ ᠠᠭᠠᠷᠤ —8 ᠶ᠋ᠢ ᠪᠤᠴᠠᠯᠭᠠᠵᠤ ᠬᠥᠷᠥᠭᠡᠭᠰᠡᠨ ᠤᠰᠤ ᠪᠤᠶᠤ ᠱᠤᠱᠠ —3 ᠤ᠋ ᠳᠠᠩ ( ᠵᠢᠷᠦᠬᠡᠨ ᠱᠣᠱᠠ᠂ ᠲᠤᠭᠤᠯ ᠡᠪᠡᠰᠦ᠂ ᠠᠷᠤᠷ᠎ᠠ ᠬᠤᠪᠢ ᠰᠠᠴᠠᠭᠤ ) ᠶ᠋ᠢᠨ ᠱᠥᠯᠥ ᠪᠡᠷ ᠳᠠᠷᠤᠭᠤᠯᠵᠤ ᠤᠤᠭᠤᠯᠭᠠᠨ᠎ᠠ᠂ ᠡᠰᠡᠬᠦᠯ᠎ᠡ ᠭᠤᠷᠪᠠᠨ ᠦᠷ᠎ᠡ᠂ ᠤᠯᠠᠭᠠᠨ ᠦᠨᠳᠦᠰᠦ᠂ ᠵᠢᠭᠠᠷᠲᠤ ᠭᠠᠪᠢᠷ᠎ᠠ ᠶ᠋ᠢᠨ ᠬᠤᠪᠢ ᠰᠠᠴᠠᠭᠤ ᠳᠠᠩ ᠢ᠋ ᠰᠠᠢᠲᠤᠷ ᠴᠢᠨᠠᠵᠤ ᠬᠥᠷᠥᠭᠡᠭᠡᠳ ᠤᠤᠭᠤᠯᠭᠠᠭᠰᠠᠨ ᠴᠤ᠌ ᠪᠣᠯᠤᠨ᠎ᠠ᠃ ᠬᠡᠷᠪᠡ ᠰᠢᠷ᠎ᠠ ᠬᠠᠪᠰᠤᠷᠴᠤ ᠬᠠᠯᠠᠭᠤᠨ ᠤ᠋ ᠬᠦᠴᠦᠨ ᠶᠡᠬᠡᠳᠡᠭᠰᠡᠨ ᠪᠣᠯ ᠵᠢᠷᠦᠬᠡᠨ ᠦ᠌ ᠭᠦᠷᠭᠦᠮ — 7 ᠶ᠋ᠢ ᠤᠤᠭᠤᠯᠭᠠᠬᠤ ᠪᠤᠶᠤ ᠽᠠᠨᠳᠠᠨ —3 ᠤ᠋ ᠳᠠᠩ ᠤ᠋ᠨ ᠬᠥᠷᠥᠭᠡᠭᠰᠡᠨ ᠳᠠᠩ ᠢ᠋ ᠤᠤᠭᠤᠯᠭᠠᠨ᠎ᠠ᠂ ᠬᠦᠴᠦᠨ ᠶᠡᠬᠡ ᠲᠡᠢ ᠪᠤᠶᠤ ᠳᠡᠭᠡᠷᠡᠬᠢ ᠡᠮ ᠢ᠋ᠶ᠋ᠡᠷ ᠵᠠᠰᠠᠷᠠᠬᠤ ᠦᠭᠡᠢ ᠪᠣᠯ ᠲᠣᠬᠣᠢ ᠶ᠋ᠢᠨ ᠳᠣᠲᠣᠷ ᠰᠤᠳᠠᠯ(ᠨᠣᠳᠬᠠ) ᠶ᠋ᠢ ᠬᠠᠨᠠᠵᠤ ᠥᠴᠦᠬᠡᠨ ᠴᠢᠰᠤ ᠭᠠᠷᠭᠠᠨ᠎ᠠ᠃ ᠪᠥᠭᠡᠷᠡᠨ ᠦ᠌ ᠬᠦᠢᠲᠡᠨ ᠡᠷᠭᠦᠵᠦ ᠳᠣᠯᠭᠢᠰᠴᠤ ᠪᠠᠢᠪᠠᠯ ᠰᠦᠭᠮᠧᠯ — 10 ᠪᠤᠶᠤ ᠠᠭᠠᠷᠤ — 17 ᠶ᠋ᠢ ᠳᠡᠭᠡᠷᠡᠬᠢ ᠵᠢᠷᠦᠬᠡᠨ ᠦ᠌ ᠭᠡᠮ ᠦ᠋ᠨ ᠡᠮ ᠲᠡᠢ ᠡᠭᠡᠯᠵᠢᠯᠡᠵᠦ ᠤᠤᠭᠤᠯᠭᠠᠨ᠎ᠠ ᠃ ᠳᠤᠰᠤᠯ ᠴᠤᠪᠤᠷᠠᠵᠤ ᠪᠠᠢᠪᠠᠯ ᠰᠡᠷᠢ ᠭᠠᠷᠤᠳᠢ ᠪᠤᠶᠤ ᠰᠢᠷ᠎ᠠ ᠮᠣᠳᠣ —8 ᠶ᠋ᠢ ᠬᠠᠪᠰᠤᠷᠤᠭᠤᠯᠵᠤ ᠤᠤᠭᠤᠯᠭᠠᠬᠤ ᠬᠡᠷᠡᠭᠲᠡᠢ [5]᠃ ᠴᠠᠭᠠᠨ ᠰᠤᠳᠠᠯ ᠤ᠋ᠨ ᠭᠡᠮ ᠢ᠋ᠶ᠋ᠡᠷ ᠳᠣᠯᠭᠢᠰᠴᠤ ᠪᠠᠢᠪᠠᠯ ᠡᠷᠳᠡᠨᠢ ᠦᠷᠢᠯ ᠢ᠋ ᠳᠡᠭᠡᠷᠡᠬᠢ ᠵᠢᠷᠦᠬᠡᠨ ᠦ᠌ ᠭᠡᠮ ᠦ᠋ᠨ ᠡᠮ ᠲᠡᠢ ᠡᠭᠡᠯᠵᠢᠯᠡᠵᠦ ᠤᠤᠭᠤᠯᠭᠠᠨ᠎ᠠ᠂ ᠭᠡᠬᠦ ᠳ᠋ᠦ᠍ ᠪᠡᠨ ᠪᠣᠳᠠᠲᠤ ᠪᠠᠢᠳᠠᠯ ᠢ᠋ ᠦᠨᠳᠦᠰᠦᠯᠡᠵᠦ ᠬᠡᠢ ᠶ᠋ᠢᠨ ᠬᠤᠪᠢ ᠳᠡᠢᠯᠦᠩᠭᠦᠢ ᠪᠣᠯ ᠠᠭᠠᠷᠤ —35 ᠪᠠᠷ ᠬᠥᠯᠭᠡᠯᠡᠵᠦ᠂ ᠪᠣᠷᠣ ᠰᠢᠷ᠎ᠠ ᠶ᠋ᠢᠨ ᠬᠤᠪᠢ ᠳᠡᠢᠯᠦᠩᠭᠦᠢ ᠪᠣᠯ ᠳᠠᠩᠴᠢᠨ —25 ᠪᠠᠷ ᠬᠥᠯᠭᠡᠯᠡᠵᠦ᠂ ᠪᠠᠳᠬᠠᠨ ᠬᠦᠢᠲᠡᠨ ᠦ᠌ ᠬᠤᠪᠢ ᠳᠡᠢᠯᠦᠩᠭᠦᠢ ᠪᠣᠯ ᠮᠠᠨᠤ — 4 ᠦ᠌ ᠳᠠᠩ ᠢ᠋ᠶ᠋ᠠᠷ ᠬᠥᠯᠭᠡᠯᠡᠵᠦ ᠲᠤᠰ ᠲᠤᠰ ᠤᠤᠭᠤᠯᠭᠠᠪᠠᠯ ᠦᠢᠯᠡᠳᠦᠯ ᠢ᠋ᠶ᠋ᠡᠷ ᠨᠡᠩ ᠰᠠᠢᠨ ᠪᠠᠢᠳᠠᠭ [7] ᠃
3.3 ᠰᠤᠪᠢᠯᠠᠯᠲᠠ
ᠢᠳᠡᠭᠡᠨ ᠤᠮᠳᠠᠭᠠᠨ ᠤ᠋ ᠲᠠᠯ᠎ᠠ ᠪᠠᠷ᠂ ᠵᠥᠭᠡᠯᠡᠨ ᠪᠥᠭᠡᠳ ᠲᠣᠰᠣᠯᠢᠭ ᠰᠢᠮ᠎ᠡ ᠲᠡᠢ᠂ ᠰᠢᠩᠭᠡᠬᠦ ᠳ᠋ᠦ᠍ ᠬᠢᠯᠪᠠᠷ ᠢᠳᠡᠭᠡᠨ ᠤᠮᠳᠠᠭᠠᠨ ᠢ᠋ ᠰᠢᠲᠦᠭᠦᠯᠵᠦ᠂ ᠰᠢᠮ᠎ᠡ ᠦᠭᠡᠢ ᠢᠳᠡᠭᠡᠨ ᠤᠮᠳᠠᠭᠠᠨ᠂ ᠬᠦᠢᠲᠡᠨ ᠲᠦᠭᠦᠬᠡᠢ ᠢᠳᠡᠭᠡᠨ ᠵᠡᠷᠭᠡ ᠶ᠋ᠢ ᠴᠡᠭᠡᠷᠯᠡᠨ᠂ ᠣᠨᠴᠠᠭᠠᠢᠯᠠᠨ ᠤᠨᠲᠠᠬᠤ ᠠ᠋ᠴᠠ ᠡᠮᠦᠨ᠎ᠡ ᠴᠠᠢ ᠤᠤᠭᠤᠬᠤ ᠶ᠋ᠢ ᠴᠡᠭᠡᠷᠯᠡᠨ᠎ᠡ᠃ ᠶᠠᠪᠤᠳᠠᠯ ᠮᠥᠷ ᠦ᠋ᠨ ᠲᠠᠯ᠎ᠠ ᠪᠠᠷ᠂ ᠬᠡᠲᠦᠷᠬᠡᠢ ᠠᠭᠤᠷᠯᠠᠵᠤ ᠪᠠᠴᠢᠮᠳᠠᠬᠤ᠂ ᠬᠡᠳᠦ ᠪᠠᠶᠠᠷᠯᠠᠬᠤ᠂ ᠬᠡᠳᠦ ᠭᠣᠮᠣᠳᠠᠬᠤ᠂ ᠦᠵᠡᠯ ᠰᠠᠨᠠᠭᠠᠨ ᠤ᠋ ᠲᠠᠯ᠎ᠠ ᠪᠠᠷ ᠭᠡᠨᠡᠳᠲᠡ ᠶ᠋ᠢᠨ ᠰᠡᠲᠡᠯᠲᠡ ᠣᠯᠬᠤ᠂ ᠬᠡᠳᠦ ᠶᠠᠳᠠᠷᠠᠬᠤ ᠵᠡᠷᠭᠡ ᠪᠡᠶ᠎ᠡ ᠰᠡᠳᠬᠢᠯ ᠦ᠋ᠨ ᠦᠢᠯᠡ ᠶ᠋ᠢ ᠬᠡᠲᠦᠷᠡᠭᠦᠯᠬᠦ ᠡᠴᠡ ᠬᠢᠴᠢᠶᠡᠬᠦ ᠬᠡᠷᠡᠭᠲᠡᠢ᠃
4 . ᠡᠮᠴᠢᠯᠡᠭᠡᠨ ᠦ᠌ ᠪᠣᠳᠠᠲᠤ ᠵᠢᠱ᠌ᠢᠶ᠎ᠡ
4.1 ᠯᠢ ***᠂ 56 ᠨᠠᠰᠤᠲᠠᠢ᠂ ᠡᠮᠡᠭᠲᠡᠢ᠂ ᠠᠵᠢᠯ ᠠ᠋ᠴᠠ ᠪᠠᠨ ᠠᠮᠠᠷᠠᠪᠠ᠃ 2023 ᠣᠨ ᠤ᠋ 9 ᠰᠠᠷ᠎ᠠ ᠶ᠋ᠢᠨ 26 ᠤ᠋ ᠡᠳᠦᠷ ᠠᠩᠬᠠᠳᠤᠭᠠᠷ ᠦᠵᠡᠯᠭᠡ᠂ ᠡᠪᠡᠳᠴᠢᠲᠡᠨ ᠭᠣᠣᠯᠳᠠᠭᠤ ᠵᠠᠪᠰᠠᠷᠯᠠᠭ᠎ᠠ ᠶ᠋ᠢᠨ ᠴᠢᠨᠠᠷᠲᠠᠢ ᠵᠢᠷᠦᠬᠡ ᠳᠣᠯᠭᠢᠰᠤᠨ ᠴᠡᠴᠡᠷᠡᠬᠦ ᠰᠢᠨᠵᠢ ᠲᠡᠢ ᠬᠣᠶᠠᠷ ᠵᠢᠯ ᠪᠣᠯᠪᠠ᠃ ᠡᠪᠡᠳᠴᠢᠲᠡᠨ ᠬᠣᠶᠠᠷ ᠵᠢᠯ ᠦ᠋ᠨ ᠡᠮᠦᠨ᠎ᠡ ᠠᠶᠤᠵᠤ ᠰᠣᠴᠢᠭᠰᠠᠨ ᠠ᠋ᠴᠠ ᠪᠣᠯᠵᠤ ᠵᠠᠪᠰᠠᠷᠯᠠᠭ᠎ᠠ ᠶ᠋ᠢᠨ ᠴᠢᠨᠠᠷᠲᠠᠢ ᠥᠪᠡᠷ ᠦ᠋ᠨ ᠡᠷᠬᠡ ᠦᠭᠡᠢ ᠵᠢᠷᠦᠬᠡ ᠳᠣᠯᠭᠢᠰᠤᠨ ᠴᠡᠴᠡᠷᠡᠬᠦ᠂ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠬᠠᠶᠠ ᠪᠡᠶ᠎ᠡ ᠴᠡᠴᠡᠷᠡᠬᠦ᠂ ᠠᠮᠠᠷᠬᠠᠨ ᠰᠣᠴᠢᠬᠤ᠂ ᠨᠣᠢᠷ ᠮᠠᠭᠤ᠂ ᠵᠡᠭᠦᠳᠦ ᠣᠯᠠᠨ ᠵᠡᠷᠭᠡ ᠰᠢᠨᠵᠢ ᠢᠯᠡᠷᠡᠯ ᠲᠡᠢ ᠪᠣᠯᠤᠭᠰᠠᠨ ᠠ᠋ᠴᠠ ᠮᠣᠩᠭᠣᠯ ᠡᠮ ᠤᠤᠭᠤᠵᠤ ᠰᠢᠰᠲ᠋ᠧᠮ ᠲᠡᠢ ᠡᠮᠴᠢᠯᠡᠭᠡ ᠬᠢᠬᠦ ᠪᠡᠷ ᠡᠭᠦᠳᠡᠨ ᠡᠮᠨᠡᠯᠭᠡ ᠳ᠋ᠦ᠍ ᠢᠷᠡᠪᠡ᠃ ᠪᠠᠢᠴᠠᠭᠠᠬᠤ ᠳ᠋ᠤ᠌ ᠴᠣᠭ ᠰᠦᠯᠳᠡ ᠠᠨᠠᠢ᠂ ᠬᠡᠢ ᠶ᠋ᠢᠨ ᠥᠪᠡᠷᠮᠢᠴᠡ ᠴᠢᠨᠠᠷᠲᠠᠨ᠂ ᠢᠳᠡᠭᠡᠨ ᠦ᠌ ᠳᠤᠷᠠᠰᠢᠯ ᠮᠠᠭᠤ᠂ ᠰᠢᠩᠭᠡᠭᠡᠯᠲᠡ ᠮᠠᠭᠤ ᠰᠢᠨᠵᠢ ᠲᠡᠢ᠂ ᠥᠳᠬᠡᠨ ᠰᠢᠩᠭᠡᠨ ᠮᠥᠷ ᠲᠡᠭᠰᠢ᠃ ᠰᠤᠳᠠᠯ ᠨᠢ ᠬᠥᠨᠳᠡᠢ᠂ ᠬᠣᠭᠣᠰᠣᠨ ᠯᠤᠭᠰᠢᠨ᠎ᠠ᠃ ᠬᠡᠯᠡ ᠤᠯᠠᠭᠠᠨ᠂ ᠰᠢᠷᠦᠭᠦᠨ᠂ ᠬᠡᠯᠪᠡᠷᠢ ᠡᠷᠡᠭᠦᠯ᠂ ᠰᠢᠭᠡᠰᠦ ᠴᠠᠢᠪᠤᠷ᠂ ᠦᠨᠦᠷ ᠠᠭᠤᠷ ᠪᠠᠭ᠎ᠠ᠂ ᠬᠥᠭᠡᠰᠦ ᠲᠡᠢ᠂ ᠬᠡᠮᠵᠢᠶ᠎ᠡ ᠡᠷᠡᠭᠦᠯ᠃ ᠪᠣᠷᠵᠢᠭᠢᠨ ᠡᠷᠳᠡᠨᠢᠴᠤᠭᠲᠤ ᠡᠮᠴᠢ ᠡᠴᠡ ᠡᠪᠡᠳᠴᠢᠲᠡᠨ ᠦ᠌ ᠪᠠᠢᠳᠠᠯ ᠢ᠋ ᠦᠨᠳᠦᠰᠦᠯᠡᠨ ᠵᠢᠷᠦᠬᠡᠨ ᠦ᠌ ᠭᠡᠮ ᠡᠴᠡ ᠪᠣᠯᠤᠭᠰᠠᠨ ᠵᠢᠷᠦᠬᠡᠨ ᠳᠣᠯᠭᠢᠰᠤᠯ ᠭᠡᠵᠦ ᠣᠨᠣᠰᠢᠯᠠᠨ᠂ ᠬᠡᠢ ᠶ᠋ᠢ ᠳᠠᠷᠤᠵᠤ᠂ ᠵᠢᠷᠦᠬᠡ ᠶ᠋ᠢ ᠲᠣᠭᠲᠠᠪᠤᠷᠢᠵᠢᠭᠤᠯᠤᠨ ᠵᠠᠰᠠᠬᠤ ᠵᠠᠷᠴᠢᠮ ᠢ᠋ᠶ᠋ᠠᠷ ᠥᠷᠯᠥᠭᠡ ᠳ᠋ᠦ᠍ ᠵᠢᠷᠦᠬᠡ — 6 ᠂ ᠦᠳᠡ ᠳ᠋ᠦ᠍ ᠠᠮᠢᠨ ᠡᠷᠳᠡᠨᠢ᠂ ᠣᠷᠣᠢ ᠳ᠋ᠤ᠌ ᠭᠣᠶᠣ —13 ᠶ᠋ᠢ ᠠᠷᠪᠠ ᠬᠣᠨᠣᠭ ᠤᠤᠭᠤᠯᠭᠠᠪᠠ᠃ 2023 ᠣᠨ ᠤ᠋ 10 ᠰᠠᠷ᠎ᠠ ᠶ᠋ᠢᠨ 8 ᠤ᠋ ᠡᠳᠦᠷ ᠬᠣᠶᠠᠳᠤᠭᠠᠷ ᠦᠵᠡᠯᠭᠡ᠂ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠬᠠᠶᠠ ᠪᠡᠶ᠎ᠡ ᠴᠡᠴᠡᠷᠡᠬᠦ᠂ ᠠᠮᠠᠷᠬᠠᠨ ᠰᠣᠴᠢᠬᠤ᠂ ᠨᠣᠢᠷ ᠮᠠᠭᠤ ᠵᠡᠷᠭᠡ ᠰᠢᠨᠵᠢ ᠨᠢ ᠮᠡᠳᠡᠭᠳᠡᠮ᠎ᠡ ᠰᠠᠢᠵᠢᠷᠠᠯᠲᠠ ᠲᠠᠢ ᠪᠣᠯᠪᠠ᠃ ᠡᠭᠦᠨ ᠳ᠋ᠦ᠍ ᠥᠷᠯᠥᠭᠡ ᠳ᠋ᠦ᠍ ᠪᠦᠲᠦᠭᠡᠯᠴᠢ — 5 ᠂ ᠦᠳᠡ ᠳ᠋ᠦ᠍ ᠠᠮᠢᠨ ᠡᠷᠳᠡᠨᠢ᠂ ᠣᠷᠣᠢ ᠳ᠋ᠤ᠌ ᠭᠣᠶᠣ — 13 ᠶ᠋ᠢ ᠳᠣᠯᠣᠭ᠎ᠠ ᠬᠣᠨᠣᠭ ᠤᠤᠭᠤᠯᠭᠠᠪᠠ᠃ 2023 ᠣᠨ ᠤ᠋ 10 ᠳ᠋ᠤᠭᠠᠷ ᠰᠠᠷ᠎ᠠ ᠶ᠋ᠢᠨ 16 ᠤ᠋ ᠡᠳᠦᠷ ᠭᠤᠷᠪᠠᠳᠤᠭᠠᠷ ᠦᠵᠡᠯᠭᠡ᠂ ᠵᠢᠷᠦᠬᠡ ᠴᠡᠴᠡᠷᠡᠨ᠂ ᠴᠡᠭᠡᠵᠢ ᠴᠢᠬᠤᠯᠳᠠᠬᠤ᠂ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠵᠡᠭᠦᠳᠦ ᠣᠯᠠᠨ ᠵᠡᠷᠭᠡ ᠰᠢᠨᠵᠢ ᠨᠢ ᠰᠠᠢᠵᠢᠷᠠᠪᠠ᠂ ᠡᠭᠦᠨ ᠳ᠋ᠦ᠍ ᠥᠷᠯᠥᠭᠡ ᠳ᠋ᠦ᠍ ᠽᠠᠳᠢ —5 ᠂ ᠦᠳᠡ ᠳ᠋ᠦ᠍ ᠠᠮᠢᠨ ᠡᠷᠳᠡᠨᠢ᠂ ᠣᠷᠣᠢ ᠳ᠋ᠤ᠌ ᠭᠣᠶᠣ —13 ᠶ᠋ᠢ ᠳᠣᠯᠣᠭ᠎ᠠ ᠬᠣᠨᠣᠭ ᠤᠤᠭᠤᠯᠭᠠᠵᠤ ᠡᠮ ᠢ᠋ᠶ᠋ᠡᠨ ᠵᠣᠭᠰᠣᠪᠠ᠃
4.2 ᠯᠢ **᠂ 62 ᠨᠠᠰᠤᠲᠠᠢ᠂ ᠡᠷᠡᠭᠲᠡᠢ᠂ ᠬᠤᠪᠢ ᠶ᠋ᠢᠨ ᠡᠵᠡᠩᠨᠡᠯᠲᠡ᠃ 2023 ᠣᠨ ᠤ᠋ 9 ᠰᠠᠷ᠎ᠠ ᠶ᠋ᠢᠨ 12 ᠤ᠋ ᠡᠳᠦᠷ ᠠᠩᠬᠠᠳᠤᠭᠠᠷ ᠦᠵᠡᠯᠭᠡ᠂ ᠡᠪᠡᠳᠴᠢᠲᠡᠨ ᠭᠣᠣᠯᠳᠠᠭᠤ ᠵᠠᠪᠰᠠᠷᠯᠠᠭ᠎ᠠ ᠶ᠋ᠢᠨ ᠴᠢᠨᠠᠷᠲᠠᠢ ᠵᠢᠷᠦᠬᠡ ᠴᠡᠴᠡᠷᠡᠵᠦ᠂ ᠭᠤᠷᠪᠠᠨ ᠵᠢᠯ ᠭᠠᠷᠤᠢ ᠪᠣᠯᠪᠠ᠃ ᠡᠪᠡᠳᠴᠢᠲᠡᠨ ᠬᠡᠳᠦ ᠶᠠᠳᠠᠷᠠᠵᠤ ᠲᠠᠭᠠᠷᠠᠵᠤ ᠵᠢᠩᠭᠢᠨᠡᠭᠰᠡᠨ ᠡᠴᠡ ᠪᠣᠯᠵᠤ ᠭᠤᠷᠪᠠᠨ ᠵᠢᠯ ᠦ᠋ᠨ ᠡᠮᠦᠨ᠎ᠡ ᠡᠴᠡ ᠡᠬᠢᠯᠡᠨ ᠵᠠᠪᠰᠠᠷᠯᠠᠭ᠎ᠠ ᠶ᠋ᠢᠨ ᠴᠢᠨᠠᠷᠲᠠᠢ ᠵᠢᠷᠦᠬᠡ ᠴᠡᠴᠡᠷᠡᠨ᠂ ᠴᠡᠭᠡᠵᠢ ᠴᠢᠬᠤᠯᠳᠠᠬᠤ᠂ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠪᠡᠶ᠎ᠡ ᠲᠠᠮᠢᠷᠳᠠᠬᠤ᠂ ᠨᠣᠢᠷ ᠮᠠᠭᠤ ᠵᠡᠷᠭᠡ ᠰᠢᠨᠵᠢ ᠲᠡᠢ ᠪᠣᠯᠵᠤ᠂ ᠭᠤᠷᠪᠠᠨ ᠵᠢᠯ ᠦ᠋ᠨ ᠲᠤᠷᠰᠢ ᠰᠢᠰᠲ᠋ᠧᠮ ᠲᠡᠢ ᠡᠮᠴᠢᠯᠡᠭᠡ ᠬᠢᠭᠰᠡᠨ ᠦᠭᠡᠢ᠂ ᠲᠤᠰ ᠡᠳᠦᠷ ᠮᠣᠩᠭᠣᠯ ᠡᠮ ᠤᠤᠭᠤᠵᠤ ᠰᠢᠰᠲ᠋ᠧᠮ ᠲᠡᠢ ᠡᠮᠴᠢᠯᠡᠭᠡ ᠬᠢᠬᠦ ᠪᠡᠷ ᠡᠭᠦᠳᠡᠨ ᠡᠮᠨᠡᠯᠭᠡ ᠳ᠋ᠦ᠍ ᠢᠷᠡᠪᠡ᠃ ᠪᠠᠢᠴᠠᠭᠠᠬᠤ ᠳ᠋ᠤ᠌ ᠡᠪᠡᠳᠴᠢᠲᠡᠨ ᠪᠠᠳᠬᠠᠨ ᠬᠡᠢ ᠶ᠋ᠢᠨ ᠥᠪᠡᠷᠮᠢᠴᠡ ᠴᠢᠨᠠᠷᠲᠠᠨ᠂ ᠭᠣᠣᠯᠳᠠᠭᠤ ᠵᠢᠷᠦᠬᠡ ᠴᠡᠴᠡᠷᠡᠬᠦ᠂ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠠᠷᠭ᠎ᠠ ᠠᠭᠠᠰᠢ ᠪᠠᠷᠠᠬᠤ ᠰᠢᠨᠵᠢ ᠡᠴᠡ ᠭᠠᠳᠠᠨ᠎ᠠ ᠪᠠᠰᠠ ᠬᠡᠪᠡᠯᠢ ᠶ᠋ᠢᠨ ᠪᠠᠷᠠᠭᠤᠨ ᠳᠡᠭᠡᠳᠦ ᠬᠡᠰᠡᠭ ᠡᠪᠡᠳᠬᠦ᠂ ᠳᠣᠲᠣᠷ ᠬᠠᠯᠠᠭᠤᠨ ᠣᠷᠬᠢᠬᠤ᠂ ᠴᠢᠬᠢ ᠱᠤᠤᠭᠢᠬᠤ᠂ ᠠᠷᠤ ᠨᠢᠷᠤᠭᠤᠨ (ᠪᠥᠭᠡᠷᠡᠨ ᠦ᠌ ᠣᠷᠣᠨ) ᠤ᠋ ᠬᠡᠰᠡᠭ ᠬᠥᠰᠢᠵᠦ ᠡᠪᠡᠳᠬᠦ᠂ ᠬᠥᠯ ᠲᠠᠭᠠᠷᠠᠵᠤ ᠵᠢᠩᠭᠢᠨᠡᠬᠦ᠂ ᠰᠢᠭᠡᠰᠦ ᠴᠢᠪᠳᠠᠭᠰᠢᠬᠤ ᠵᠡᠷᠭᠡ ᠰᠢᠨᠵᠢ ᠲᠡᠢ᠂ ᠰᠤᠳᠠᠯ ᠨᠢ ᠵᠢᠪᠪᠦᠩᠬᠡᠢ ᠳᠣᠷᠣᠢ ᠯᠤᠭᠰᠢᠵᠤ᠂ ᠬᠡᠯᠡ ᠨᠢ ᠤᠯᠠᠭᠠᠨ ᠥᠩᠭᠡ ᠲᠡᠢ᠂ ᠴᠠᠢᠪᠤᠷ ᠨᠢᠮᠭᠡᠨ ᠥᠩᠭᠥᠷ ᠲᠡᠢ᠂ ᠰᠢᠭᠡᠰᠦ ᠨᠢ ᠴᠠᠢᠪᠤᠷ᠂ ᠬᠡᠮᠵᠢᠶ᠎ᠡ ᠨᠢ ᠡᠷᠡᠭᠦᠯ᠃ ᠪᠣᠷᠵᠢᠭᠢᠨ ᠡᠷᠳᠡᠨᠢᠴᠤᠭᠲᠤ ᠡᠮᠴᠢ ᠡᠴᠡ ᠳᠡᠭᠡᠷᠡᠬᠢ ᠪᠠᠢᠳᠠᠯ ᠢ ᠦᠨᠳᠦᠰᠦᠯᠡᠵᠦ ᠪᠥᠭᠡᠷᠡᠨ ᠦ᠌ ᠭᠡᠮ ᠡᠴᠡ ᠪᠣᠯᠤᠭᠰᠠᠨ ᠵᠢᠷᠦᠬᠡᠨ ᠳᠣᠯᠭᠢᠰᠤᠯ ᠡᠪᠡᠳᠴᠢᠨ ᠭᠡᠵᠦ ᠣᠨᠣᠰᠢᠯᠠᠵᠤ᠂ ᠢᠯᠴᠢ ᠶ᠋ᠢ ᠰᠡᠯᠪᠢᠵᠦ ᠬᠡᠢ ᠶ᠋ᠢ ᠳᠠᠷᠤᠨ ᠵᠢᠷᠦᠬᠡ ᠭᠣᠣᠯ ᠢ᠋ ᠲᠣᠭᠲᠠᠪᠤᠷᠢᠵᠢᠭᠤᠯᠵᠤ᠂ ᠵᠠᠰᠠᠬᠤ ᠵᠠᠷᠴᠢᠮ ᠢ᠋ᠶ᠋ᠠᠷ ᠥᠷᠯᠥᠭᠡ ᠳ᠋ᠦ᠍ ᠰᠦᠭᠮᠧᠯ — 10᠂ ᠦᠳᠡ ᠳ᠋ᠦ᠍ ᠴᠢᠨᠨᠠᠳᠭᠦ᠋ᠨᠰᠸᠯ᠂ ᠣᠷᠣᠢ ᠳ᠋ᠤ᠌ ᠭᠣᠶᠣ —13 ᠶ᠋ᠢ ᠠᠭᠠᠷᠤ —35 ᠪᠠᠷ ᠳᠠᠷᠤᠭᠤᠯᠵᠤ ᠳᠣᠯᠣᠭ᠎ᠠ ᠬᠣᠨᠣᠭ ᠤᠤᠭᠤᠯᠭᠠᠪᠠ᠃ 2023 ᠣᠨ ᠤ᠋ 9 ᠰᠠᠷ᠎ᠠ ᠶ᠋ᠢᠨ 21 ᠦ᠌ ᠡᠳᠦᠷ ᠬᠣᠶᠠᠳᠤᠭᠠᠷ ᠦᠵᠡᠯᠭᠡ᠂ ᠳᠡᠭᠡᠷᠡᠬᠢ ᠡᠮ ᠢ᠋ ᠤᠤᠭᠤᠭᠠᠳ ᠡᠪᠡᠳᠴᠢᠨ ᠨᠢ ᠰᠠᠢᠵᠢᠷᠠᠯᠲᠠ ᠲᠠᠢ᠂ ᠰᠡᠳᠬᠢᠯ ᠰᠠᠨᠠᠭ᠎ᠠ ᠤᠤᠯ ᠠ᠋ᠴᠠ ᠪᠠᠨ ᠲᠣᠭᠲᠠᠪᠤᠷᠢᠲᠠᠢ ᠪᠣᠯᠵᠤ᠂ ᠨᠣᠢᠷ ᠨᠢ ᠤᠤᠯ ᠠ᠋ᠴᠠ ᠪᠠᠨ ᠨᠡᠮᠡᠭᠳᠡᠨ ᠠᠮᠠᠷᠬᠠᠨ ᠤᠨᠲᠠᠵᠤ ᠣᠷᠣᠬᠤ ᠪᠣᠯᠤᠭᠰᠠᠨ ᠪᠠᠢᠨ᠎ᠠ᠃ ᠡᠭᠦᠨ ᠳ᠋ᠦ᠍ ᠳᠠᠬᠢᠨ ᠥᠷᠯᠥᠭᠡ ᠰᠦᠭᠮᠧᠯ —10 ᠂ ᠦᠳᠡ ᠳ᠋ᠦ᠍ ᠴᠢᠨᠨᠠᠳᠭᠦ᠋ᠨᠰᠸᠯ᠂ ᠣᠷᠣᠢ ᠳ᠋ᠤ᠌ ᠰᠡᠷᠢ ᠭᠠᠷᠤᠳᠢ᠂ ᠰᠢᠷ᠎ᠠ ᠭᠠ — 4 ᠦ᠌ ᠳᠠᠩ ᠢ᠋ ᠬᠠᠭᠠᠰ ᠰᠠᠷ᠎ᠠ ᠤᠤᠭᠤᠯᠭᠠᠪᠠ᠃ 2023 ᠣᠨ ᠤ᠋ 10 ᠰᠠᠷ᠎ᠠ ᠶ᠋ᠢᠨ 7 ᠤ᠋ ᠡᠳᠦᠷ ᠭᠤᠷᠪᠠᠳᠤᠭᠠᠷ ᠦᠵᠡᠯᠭᠡ᠂ ᠠᠷᠤ ᠨᠢᠷᠤᠭᠤᠨ ( ᠪᠥᠭᠡᠷᠡᠨ ᠦ᠌ ᠣᠷᠣᠨ) ᠤ᠋ ᠬᠡᠰᠡᠭ ᠬᠥᠰᠢᠵᠦ ᠡᠪᠡᠳᠬᠦ᠂ ᠬᠥᠯ ᠲᠠᠭᠠᠷᠠᠵᠤ ᠵᠢᠩᠭᠢᠨᠡᠬᠦ᠂ ᠰᠢᠭᠡᠰᠦ ᠴᠢᠪᠳᠠᠠᠭᠰᠢᠬᠤ ᠵᠡᠷᠭᠡ ᠰᠢᠨᠵᠢ ᠨᠢ ᠤᠤᠯ ᠠ᠋ᠴᠠ ᠪᠠᠨ ᠮᠡᠳᠡᠭᠳᠡᠮ᠎ᠡ ᠰᠠᠢᠵᠢᠷᠠᠯᠲᠠ ᠲᠠᠢ ᠪᠣᠯᠪᠠ᠂ ᠡᠭᠦᠨ ᠳ᠋ᠦ᠍ ᠥᠷᠯᠥᠭᠡ ᠳ᠋ᠦ᠍ ᠠᠮᠢᠨ ᠡᠷᠳᠡᠨᠢ᠂ ᠦᠳᠡ ᠳ᠋ᠦ᠍ ᠴᠢᠨᠨᠠᠳᠭᠦ᠋ᠨᠰᠸᠯ᠂ ᠣᠷᠣᠢ ᠳ᠋ᠤ᠌ ᠭᠣᠶᠣ 13 ᠶ᠋ᠢ ᠠᠷᠪᠠ ᠬᠣᠨᠣᠭ ᠤᠤᠭᠤᠯᠭᠠᠪᠠ᠃ 2023 ᠣᠨ ᠤ᠋ 10 ᠳ᠋ᠤᠭᠠᠷ ᠰᠠᠷ᠎ᠠ ᠶ᠋ᠢᠨ 18 ᠤ᠋ ᠡᠳᠦᠷ ᠳᠥᠷᠪᠡᠳᠦᠭᠡᠷ ᠦᠵᠡᠯᠭᠡ᠂ ᠵᠢᠷᠦᠬᠡ ᠴᠡᠴᠡᠷᠡᠨ᠂ ᠴᠡᠭᠡᠵᠢ ᠴᠢᠬᠤᠯᠳᠠᠬᠤ᠂ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠪᠡᠶ᠎ᠡ ᠲᠠᠮᠢᠷᠳᠠᠬᠤ᠂ ᠨᠣᠢᠷ ᠮᠠᠭᠤ᠂ ᠬᠡᠪᠡᠯᠢ ᠶ᠋ᠢᠨ ᠪᠠᠷᠠᠭᠤᠨ ᠳᠡᠭᠡᠳᠦ ᠬᠡᠰᠡᠭ ᠡᠪᠡᠳᠬᠦ᠂ ᠳᠣᠲᠣᠷ ᠬᠠᠯᠠᠭᠤᠨ ᠣᠷᠬᠢᠬᠤ ᠵᠡᠷᠭᠡ ᠰᠢᠨᠵᠢ ᠨᠢ ᠰᠠᠢᠵᠢᠷᠠᠪᠠ᠂ ᠡᠭᠦᠨ ᠳ᠋ᠦ᠍ ᠪᠠᠲᠤᠳᠬᠠᠨ ᠡᠮᠴᠢᠯᠡᠬᠦ ᠪᠡᠷ ᠥᠷᠯᠥᠭᠡ ᠳ᠋ᠦ᠍ ᠬᠠᠷ᠎ᠠ ᠭᠠᠪᠤᠷ —10᠂ ᠦᠳᠡ ᠳ᠋ᠦ᠍ ᠠᠮᠢᠨ ᠡᠷᠳᠡᠨᠢ᠂ ᠣᠷᠣᠢ ᠳ᠋ᠤ᠌ ᠭᠣᠶᠣ — 13 ᠶ᠋ᠢ ᠳᠣᠯᠣᠭ᠎ᠠ ᠬᠣᠨᠣᠭ ᠤᠤᠭᠤᠯᠭᠠᠵᠤ ᠡᠮ ᠢ᠋ᠶ᠋ᠡᠨ ᠵᠣᠭᠰᠣᠪᠠ᠃
5. ᠳ᠋ᠦᠩᠨᠡᠯᠲᠡ
ᠵᠢᠷᠦᠬᠡᠨ ᠳᠣᠯᠭᠢᠰᠤᠯ ᠡᠪᠡᠳᠴᠢᠨ ᠪᠣᠯ ᠭᠣᠣᠤᠯᠳᠠᠭᠤ ᠵᠢᠷᠦᠬᠡ ᠲᠦᠭᠰᠢᠬᠦ᠂ ᠠᠶᠤᠵᠤ ᠰᠠᠨᠳᠤᠷᠬᠤ᠂ ᠥᠪᠡᠷ ᠦ᠋ᠨ ᠡᠷᠬᠡ ᠦᠭᠡᠢ ᠪᠣᠯᠬᠤ ᠵᠡᠷᠭᠡ ᠣᠨᠴᠠᠯᠢᠭ ᠰᠢᠨᠵᠢ ᠪᠦᠬᠦᠢ ᠨᠢᠭᠡ ᠵᠦᠢᠯ ᠦ᠋ᠨ ᠵᠢᠷᠦᠬᠡᠨ ᠡᠪᠡᠳᠴᠢᠨ ᠪᠣᠯᠤᠨ᠎ᠠ᠃ ᠮᠣᠩᠭᠣᠯ ᠠᠨᠠᠭᠠᠬᠤ ᠤᠬᠠᠭᠠᠨ ᠳ᠋ᠤ᠌ ᠵᠢᠷᠦᠬᠡᠨ ᠳᠣᠯᠭᠢᠰᠤᠯ ᠡᠪᠡᠳᠴᠢᠨ ᠢ᠋ ᠵᠠᠰᠠᠬᠤ ᠳ᠋ᠤ᠌ ᠪᠦᠬᠦᠯᠢ ᠴᠣᠭᠴᠠᠲᠤ ᠦᠵᠡᠯᠲᠡ ᠶ᠋ᠢ ᠪᠠᠷᠢᠮᠲᠠᠯᠠᠨ᠂ ᠬᠡᠢ ᠶ᠋ᠢ ᠳᠠᠷᠤᠵᠤ᠂ ᠵᠢᠷᠦᠬᠡ ᠶ᠋ᠢ ᠲᠣᠭᠲᠠᠪᠤᠷᠢᠵᠢᠭᠤᠯᠤᠨ ᠬᠤᠪᠢᠰᠤᠩᠭᠤᠢ ᠪᠠᠷ ᠡᠮᠴᠢᠯᠡᠳᠡᠭ᠃ ᠪᠣᠷᠵᠢᠭᠢᠨ ᠡᠷᠳᠡᠨᠢᠴᠤᠣᠭᠲᠤ ᠡᠮᠴᠢ ᠳᠥᠴᠢ ᠭᠠᠷᠤᠢ ᠵᠢᠯ ᠦ᠋ᠨ ᠡᠮᠴᠢᠯᠡᠭᠡᠨ ᠦ᠌ ᠳᠤᠮᠳᠠ ᠪᠠᠨ ᠵᠢᠷᠦᠬᠡᠨ ᠳᠣᠯᠭᠢᠰᠤᠯ ᠡᠪᠡᠳᠴᠢᠨ ᠢ᠋ ᠡᠮᠨᠡᠨ ᠵᠠᠰᠠᠬᠤ ᠪᠠᠶᠠᠯᠢᠭ ᠲᠤᠷᠰᠢᠯᠭ᠎ᠠ ᠶ᠋ᠢ ᠬᠤᠷᠠᠮᠳᠤᠭᠤᠯᠤᠭᠰᠠᠨ ᠪᠠᠢᠵᠤ ᠪᠦᠬᠦᠯᠢ ᠴᠣᠭᠴᠠ ᠶ᠋ᠢᠨ ᠦᠵᠡᠯᠲᠡ ᠶ᠋ᠢ ᠪᠠᠷᠢᠮᠲᠠᠯᠠᠬᠤ ᠤᠷᠢᠳᠠᠯ ᠳᠣᠣᠷ᠎ᠠ ᠥᠪᠡᠷᠮᠢᠴᠡ ᠴᠢᠨᠠᠷ᠂ ᠡᠪᠡᠳᠴᠢᠨ ᠡᠭᠦᠰᠦᠭᠰᠡᠨ ᠰᠢᠯᠲᠠᠭᠠᠨ ᠨᠥᠬᠥᠴᠡᠯ᠂ ᠪᠠᠭᠤᠭᠰᠠᠨ ᠣᠷᠣᠨ ᠪᠠ ᠮᠠᠬᠠᠪᠣᠳ ᠲᠠᠢ ᠨᠢᠭᠲᠠ ᠤᠶᠠᠯᠳᠤᠭᠤᠯᠤᠨ᠂ ᠡᠮ ᠨᠠᠢᠷᠠᠯᠭ᠎ᠠ ᠶ᠋ᠢ ᠬᠤᠪᠢᠰᠤᠩᠭᠤᠢ ᠪᠠᠷ ᠬᠡᠷᠡᠭᠯᠡᠵᠦ᠂ ᠡᠮᠴᠢᠯᠡᠭᠡᠨ ᠦ᠌ ᠳᠤᠮᠳᠠ ᠢᠳᠡᠭᠡᠨ ᠤᠮᠳᠠᠭᠠᠨ ᠪᠠ ᠶᠠᠪᠤᠳᠠᠯ ᠮᠥᠷ ᠦ᠋ᠨ ᠰᠤᠪᠢᠯᠠᠯᠲᠠ ᠶ᠋ᠢ ᠰᠠᠢᠲᠤᠷ ᠠᠩᠬᠠᠷᠴᠤ ᠡᠮᠴᠢᠯᠡᠨ ᠳᠣᠪᠣᠢᠮ᠎ᠠ ᠠᠮᠵᠢᠯᠲᠠ ᠣᠯᠵᠤ ᠴᠢᠳᠠᠭᠰᠠᠨ ᠪᠠᠢᠨ᠎ᠠ᠃ ᠪᠣᠷᠵᠢᠭᠢᠨ ᠡᠷᠳᠡᠨᠢᠴᠤᠭᠲᠤ ᠡᠮᠴᠢ ᠶ᠋ᠢᠨ ᠦᠵᠡᠬᠦ ᠪᠡᠷ ᠬᠥᠮᠦᠨ ᠦ᠌ ᠪᠡᠶ᠎ᠡ ᠳ᠋ᠦ᠍ ᠣᠯᠠᠨ ᠵᠦᠢᠯ ᠦ᠋ᠨ ᠡᠪᠡᠳᠴᠢᠨ ᠬᠠᠪᠰᠤᠷᠴᠤ ᠶᠠᠩᠵᠤ ᠪᠦᠷᠢ ᠶ᠋ᠢᠨ ᠪᠤᠳᠤᠯᠢᠶᠠᠨ ᠲᠠᠢ ᠬᠡᠯᠪᠡᠷᠢ ᠪᠡᠷ ᠣᠷᠣᠰᠢᠵᠤ ᠪᠣᠯᠬᠤ ᠪᠣᠯᠪᠠᠴᠤ᠂ ᠡᠪᠡᠳᠴᠢᠨ ᠣᠨᠣᠰᠢᠯᠠᠬᠤ ᠳ᠋ᠤ᠌ ᠪᠠᠨ ᠡᠪᠡᠳᠴᠢᠨ ᠦ᠌ ᠣᠷᠣᠨ ᠪᠠ ᠮᠠᠬᠠᠪᠣᠳ ᠲᠠᠢ ᠨᠢᠭᠲᠠ ᠤᠶᠠᠯᠳᠤᠭᠤᠯᠬᠤ ᠶ᠋ᠢ ᠮᠠᠰᠢ ᠴᠢᠬᠤᠯᠠᠴᠢᠯᠠᠬᠤ ᠬᠡᠷᠡᠭᠲᠡᠢ᠃ ᠳᠡᠭᠡᠷᠡᠬᠢ ᠵᠢᠱ᠌ᠢᠶ᠎ᠡ ᠨᠢᠭᠡ ᠪᠣᠯ ᠵᠢᠷᠦᠬᠡᠨ ᠦ᠌ ᠭᠡᠮ ᠡᠴᠡ ᠪᠣᠯᠵᠤ᠂ ᠬᠡᠢ ᠶ᠋ᠢᠨ ᠬᠤᠪᠢ ᠳᠡᠢᠯᠦᠩᠭᠦᠢ ᠵᠢᠷᠦᠬᠡᠨ ᠳᠣᠯᠭᠢᠰᠤᠯ ᠭᠡᠵᠦ ᠣᠨᠣᠰᠢᠯᠠᠨ ᠭᠣᠣᠯᠳᠠᠭᠤ ᠬᠡᠢ ᠶ᠋ᠢ ᠳᠠᠷᠤᠵᠤ᠂ ᠵᠢᠷᠦᠬᠡ ᠶ᠋ᠢ ᠲᠣᠭᠲᠠᠪᠤᠷᠢᠵᠢᠭᠤᠯᠬᠤ ᠪᠠᠷ ᠭᠣᠣᠯ ᠪᠣᠯᠭᠠᠨ ᠲᠤᠬᠠᠢᠲᠤ ᠨᠠᠢᠷᠠᠯᠭ᠎ᠠ ᠶ᠋ᠢ ᠡᠭᠡᠯᠵᠢᠯᠡᠨ ᠥᠭᠴᠦ ᠵᠠᠰᠠᠪᠠ᠃ ᠵᠢᠱ᠌ᠢᠶ᠎ᠡ ᠬᠣᠶᠠᠷ ᠪᠣᠯ ᠪᠥᠭᠡᠷᠡᠨ ᠦ᠌ ᠭᠡᠮ ᠢ᠋ᠶ᠋ᠡᠷ ᠵᠢᠷᠦᠬᠡ ᠳᠣᠯᠭᠢᠰᠴᠤ᠂ ᠬᠦᠢᠲᠡᠨ ᠦ᠌ ᠬᠤᠪᠢ ᠳᠡᠢᠯᠦᠩᠭᠦᠢ ᠵᠢᠷᠦᠬᠡᠨ ᠳᠣᠯᠭᠢᠰᠤᠯ ᠭᠡᠵᠦ ᠣᠨᠣᠰᠢᠯᠠᠨ ᠭᠣᠣᠯᠳᠠᠭᠤ ᠢᠯᠴᠢ ᠶ᠋ᠢ ᠰᠡᠯᠪᠢᠵᠦ᠂ ᠬᠡᠢ ᠶ᠋ᠢ ᠳᠠᠷᠤᠵᠤ᠂ ᠵᠢᠷᠦᠬᠡ ᠶ᠋ᠢ ᠲᠣᠭᠲᠠᠪᠤᠷᠢᠵᠢᠭᠤᠯᠬᠤ ᠵᠠᠷᠴᠢᠮ ᠢ᠋ᠶ᠋ᠠᠷ ᠲᠤᠬᠠᠢᠲᠤ ᠨᠠᠢᠷᠠᠯᠭ᠎ᠠ ᠶ᠋ᠢ ᠡᠭᠡᠯᠵᠢᠯᠡᠨ ᠥᠭᠴᠦ ᠵᠠᠰᠠᠪᠠ᠃ ᠠᠬᠠᠮᠠᠳ ᠮᠣᠩᠭᠣᠯ ᠡᠮᠴᠢ ᠨᠠᠷ ᠤ᠋ᠨ ᠡᠮᠴᠢᠯᠡᠭᠡᠨ ᠦ᠌ ᠲᠤᠷᠰᠢᠯᠭ᠎ᠠ ᠵᠢᠴᠢ ᠡᠷᠳᠡᠮ ᠰᠢᠨᠵᠢᠯᠡᠭᠡᠨ ᠦ᠌ ᠦᠵᠡᠯ ᠰᠠᠨᠠᠭ᠎ᠠ ᠶ᠋ᠢ ᠤᠯᠠᠮᠵᠢᠯᠠᠨ ᠵᠠᠯᠭᠠᠮᠵᠢᠯᠠᠵᠤ᠂ ᠪᠠᠭᠰᠢ ᠨᠠᠷ ᠤ᠋ᠨ ᠭᠠᠷ ᠠᠪᠤᠯᠭ᠎ᠠ ᠶ᠋ᠢ ᠠᠮᠢᠳᠤᠯᠢᠭ ᠢ᠋ᠶ᠋ᠠᠷ ᠡᠵᠡᠮᠰᠢᠵᠦ᠂ ᠵᠠᠯᠭᠠᠮᠵᠢᠯᠠᠨ ᠬᠥᠭᠵᠢᠭᠦᠯᠬᠦ ᠨᠢ ᠵᠠᠯᠠᠭᠤ ᠡᠮᠴᠢ ᠨᠠᠷ ᠤ᠋ᠨ ᠡᠭᠦᠷᠭᠡ ᠬᠠᠷᠢᠭᠤᠴᠠᠯᠭ᠎ᠠ ᠪᠣᠯᠤᠨ᠎ᠠ᠃
— — — —
ᠵᠡᠭᠦᠯᠲᠡ
[1] ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠡᠷᠡᠭᠦᠯ ᠬᠠᠮᠠᠭᠠᠯᠠᠯ ᠤ᠋ᠨ ᠲᠢᠩᠬᠢᠮ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠡᠳ᠋ ᠦ᠋ᠨ ᠵᠠᠰᠠᠭ ᠤ᠋ᠨ ᠲᠢᠩᠬᠢᠮ᠂ ᠮᠣᠩᠭᠣᠯ ᠠᠨᠠᠭᠠᠬᠤ ᠤᠬᠠᠭᠠᠨ ᠤ᠋ ᠡᠪᠡᠳᠴᠢᠨ ᠣᠨᠣᠰᠢᠯᠠᠬᠤ ᠪᠠ ᠠᠨᠠᠭᠠᠯᠲᠠ ᠶ᠋ᠢᠨ ᠪᠠᠷᠢᠮᠵᠢᠶ᠎ᠠ ᠶ᠋ᠢᠨ ᠨᠠᠢᠷᠠᠭᠤᠯᠬᠤ ᠺᠣᠮᠢᠰ ᠠ᠋ᠴᠠ ᠨᠠᠢᠷᠠᠭᠤᠯᠪᠠ᠃《ᠮᠣᠩᠭᠣᠯ ᠠᠨᠠᠭᠠᠬᠤ ᠤᠬᠠᠭᠠᠨ ᠤ᠋ ᠡᠪᠡᠳᠴᠢᠨ ᠣᠨᠣᠰᠢᠯᠠᠬᠤ ᠪᠠ ᠠᠨᠠᠭᠠᠯᠲᠠ ᠶ᠋ᠢᠨ ᠪᠠᠷᠢᠮᠵᠢᠶ᠎ᠠ》᠂ ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ᠂ 2007 ᠣᠨ᠂ 138 ᠨᠢᠭᠤᠷ᠃
[2] ᠼᠧ᠂ ᠰᠥᠷᠤᠩᠵᠡᠪ ᠄《ᠮᠣᠩᠭᠣᠯ ᠰᠤᠳᠤᠯᠤᠯ ᠤ᠋ᠨ ᠨᠡᠪᠲᠡᠷᠬᠡᠢ ᠲᠣᠯᠢ ᠠᠨᠠᠭᠠᠬᠤ ᠤᠬᠠᠭᠠᠨ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2002 ᠣᠨ᠂ 854 ᠨᠢᠭᠤᠷ᠃
[3] ᠳ᠋ᠧᠰᠠᠷᠢᠳ ᠰᠠᠩᠵᠠᠢᠵᠠᠮᠰᠤ ᠄《ᠯᠾᠨᠨᠲ᠋ᠡᠪ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 1987 ᠣᠨ᠂52 ᠨᠢᠭᠤᠷ᠃
[4] ᠶᠣᠨᠳᠤᠨ᠂ ᠬᠠᠨ ᠪᠠᠭᠠᠨ᠎ᠠ ᠄《ᠠᠨᠠᠭᠠᠬᠤ ᠤᠬᠠᠭᠠᠨ ᠂ ᠡᠮᠴᠢᠯᠡᠭᠡᠨ ᠦ᠌ ᠰᠤᠳᠤᠯᠤᠯ》(ᠳᠣᠣᠷᠠᠲᠤ )᠂ ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ᠂ 2003 ᠣᠨ᠂ 180 ᠨᠢᠭᠤᠷ᠃
[5] ᠯᠣᠪᠰᠠᠩᠴᠤᠢᠮᠫᠸᠯ ᠄《ᠵᠧᠳᠤᠢᠨᠢᠩᠨᠤᠷ》 ᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠂ 1974 ᠣᠨ ᠂187 ᠨᠢᠭᠤᠷ᠃
[6] ᠬᠠᠰᠪᠠᠭᠠᠨ᠎ᠠ᠄《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠪᠡᠳᠴᠢᠨ ᠦ᠌ ᠡᠮᠴᠢᠯᠡᠭᠡᠨ ᠦ᠌ ᠰᠤᠳᠤᠯᠤᠯ》 ᠂ ᠥᠪᠥᠷ ᠮᠣᠩᠭᠣᠯ ᠢ᠋ ᠶ᠋ᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ᠂ 2010 ᠣᠨ᠂ 215 ᠨᠢᠭᠤᠷ᠃
[7] ᠼᠧ᠂ ᠰᠥᠷᠤᠩᠵᠡᠪ ᠄《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠮᠨᠡᠯᠭᠡ ᠶ᠋ᠢᠨ ᠰᠤᠳᠤᠯᠤᠯ》 ᠂ ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ᠂ 1959 ᠣᠨ᠂ 261 ᠨᠢᠭᠤᠷ᠃
ᠢᠷᠡᠯᠲᠡ᠄ ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ ᠰᠡᠳᠬᠦᠯ - 2025 ᠣᠨ ᠤ᠋ 2 ᠳ᠋ᠤᠭᠠᠷ ᠬᠤᠭᠤᠴᠠᠭ᠎ᠠ
ᠦᠰᠦᠭ ᠠᠮᠢᠯᠠᠭᠤᠯᠤᠭᠴᠢ ᠄ ᠭᠠᠸᠠ
ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃
