《ᠭᠠᠨᠵᠤᠤᠷ》 ᠲᠤ᠌ ᠲᠡᠮᠳᠡᠭᠯᠡᠭᠳᠡᠵᠦ ᠪᠠᠢᠭ᠎ᠠ ᠡᠪᠡᠳᠴᠢᠨ ᠵᠠᠰᠠᠬᠤ ᠵᠣᠷ“Ганжуур”-ад тэмдэглэгдэж байгаа өвчин засах жор ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠭᠠᠨᠵᠤᠤᠷ》 ᠲᠤ᠌ ᠲᠡᠮᠳᠡᠭᠯᠡᠭᠳᠡᠵᠦ ᠪᠠᠢᠭ᠎ᠠ ᠡᠪᠡᠳᠴᠢᠨ ᠵᠠᠰᠠᠬᠤ ᠵᠣᠷ“Ганжуур”-ад тэмдэглэгдэж байгаа өвчин засах жор

《ᠭᠠᠨᠵᠤᠤᠷ》 ᠲᠤ᠌ ᠲᠡᠮᠳᠡᠭᠯᠡᠭᠳᠡᠵᠦ ᠪᠠᠢᠭ᠎ᠠ ᠡᠪᠡᠳᠴᠢᠨ ᠵᠠᠰᠠᠬᠤ ᠵᠣᠷ“Ганжуур”-ад тэмдэглэгдэж байгаа өвчин засах жор

ᠠᠩᠭᠢᠯᠠᠯ:ᠡᠷᠡᠭᠦᠯ ᠡᠩᠬᠡ
2025-07-05

2516

《ᠭᠠᠨᠵᠤᠤᠷ》 ᠲᠤ᠌ ᠲᠡᠮᠳᠡᠭᠯᠡᠭᠳᠡᠵᠦ ᠪᠠᠢᠭ᠎ᠠ ᠡᠪᠡᠳᠴᠢᠨ ᠵᠠᠰᠠᠬᠤ ᠵᠣᠷ

《ᠭᠠᠨᠵᠤᠤᠷ 》 ᠲᠤ᠌ ᠠᠢᠯᠠᠳᠤᠭᠰᠠᠨ ᠨᠢ᠄
ᠭᠠᠮᠰᠢᠭ ᠵᠣᠪᠠᠯᠠᠩ ᠢ᠋ ᠠᠷᠢᠯᠭᠠᠬᠤ ᠭᠡᠬᠦ ᠡᠴᠡ ᠲᠡᠭᠦᠨ ᠢ᠋ ᠰᠡᠷᠭᠡᠢᠯᠡᠭᠰᠡᠨ ᠨᠢ ᠳᠡᠭᠡᠷ᠎ᠡ᠂ᠡᠪᠡᠳᠴᠢᠨ ᠠᠷᠬᠠᠭ ᠠ᠋ᠴᠠ ᠤᠷᠢᠳᠴᠢᠯᠠᠵᠤ ᠵᠠᠢᠯᠠᠭᠰᠠᠨ ᠨᠢ ᠰᠠᠢᠨ ᠪᠣᠯᠠᠢ ᠬᠡᠮᠡᠪᠡ᠃ᠲᠡᠭᠡᠭᠡᠳ ᠵᠠᠭᠤᠨ ᠵᠦᠢᠯ ᠦ᠋ᠨ ᠡᠪᠡᠳᠴᠢᠨ ᠦ᠌ ᠲᠥᠷᠥᠯ ᠢ᠋ ᠳᠣᠣᠷ᠎ᠠ ᠢᠩᠭᠢᠵᠦ ᠲᠡᠮᠳᠡᠭᠯᠡᠵᠡᠢ ᠃
 
ᠪᠠᠶᠠᠷᠯᠠᠬᠤ ᠠᠭᠤᠷᠯᠠᠬᠤ ᠶ᠋ᠢᠨ ᠥᠷᠥᠭᠡᠰᠦᠯ ᠪᠣᠯ ᠨᠢᠭᠡ ᠡᠪᠡᠳᠴᠢᠨ᠃
ᠠᠰᠢᠭ ᠢ᠋ ᠬᠦᠷᠲᠡᠵᠦ ᠵᠢᠷᠤᠮ ᠢ᠋ ᠣᠷᠬᠢᠪᠠᠯ ᠨᠢᠭᠡ ᠡᠪᠡᠳᠴᠢᠨ᠃
ᠥᠩᠭᠡᠨ ᠳ᠋ᠦ᠍ ᠲᠠᠴᠢᠶᠠᠵᠤ ᠰᠤᠷᠲᠠᠯ ᠢ᠋ᠶ᠋ᠠᠨ ᠡᠪᠳᠡᠪᠡᠯ ᠨᠢᠭᠡ ᠡᠪᠡᠳᠴᠢᠨ ᠃
ᠬᠠᠢᠷ᠎ᠠ ᠤᠷᠮ᠎ᠠ ᠳ᠋ᠤ᠌ ᠨᠢᠭᠡᠮᠦᠰᠦᠨ ᠬᠦᠯᠢᠭᠳᠡᠪᠡᠯ ᠨᠢᠭᠡ ᠡᠪᠡᠳᠴᠢᠨ᠃
ᠡᠷᠬᠡ ᠲᠠᠪᠠ ᠪᠠᠷ ᠶᠣᠰᠣ ᠪᠤᠰᠤ ᠪᠣᠯ ᠨᠢᠭᠡ ᠡᠪᠡᠳᠴᠢᠨ ᠃
ᠬᠡᠳᠦ ᠬᠣᠪᠳᠣᠭ ᠠᠲᠠᠯ᠎ᠠ ᠭᠡᠮ ᠢ᠋ᠶ᠋ᠡᠨ ᠬᠠᠯᠬᠠᠯᠠᠬᠤ ᠨᠢ ᠨᠢᠭᠡ ᠡᠪᠡᠳᠴᠢᠨ᠃
ᠪᠤᠰᠤᠳ ᠢ᠋ ᠮᠠᠭᠤᠰᠢᠶᠠᠵᠤ ᠪᠡᠶ᠎ᠡ ᠪᠡᠨ ᠰᠠᠢᠰᠢᠶᠠᠬᠤ ᠨᠢ ᠨᠢᠭᠡ ᠡᠪᠡᠳᠴᠢᠨ᠃
ᠳᠤᠷ᠎ᠠ ᠵᠣᠷᠢᠭ ᠢ᠋ᠶ᠋ᠠᠷ ᠪᠡᠶ᠎ᠡ ᠳ᠋ᠡᠭᠡᠨ ᠡᠷᠡᠮᠰᠢᠬᠦ ᠨᠢ ᠨᠢᠭᠡ ᠡᠪᠡᠳᠴᠢᠨ᠃
ᠬᠥᠩᠭᠡᠨ ᠬᠠᠭᠤᠳᠠᠮ ᠢ᠋ᠶ᠋ᠠᠷ ᠶᠠᠷᠢᠵᠤ ᠦᠢᠯᠡᠳᠪᠡᠯ ᠨᠢᠭᠡ ᠡᠪᠡᠳᠴᠢᠨ᠃
ᠲᠠᠭᠠᠲᠠᠢ ᠪᠠᠬᠠᠲᠠᠢ ᠬᠡᠮᠡᠵᠦ ᠪᠤᠷᠤᠭᠤ ᠶ᠋ᠢ ᠬᠥᠩᠭᠡᠪᠴᠢᠯᠡᠪᠡᠯ ᠨᠢᠭᠡ ᠡᠪᠡᠳᠴᠢᠨ᠃
ᠡᠷᠬᠡ ᠵᠡᠷᠭᠡ ᠲᠡᠢ ᠬᠡᠮᠡᠵᠦ ᠬᠥᠨᠳᠡᠯᠢᠰᠪᠡᠯ ᠨᠢᠭᠡ ᠡᠪᠡᠳᠴᠢᠨ᠃
ᠪᠤᠰᠤᠳ ᠢ᠋ ᠪᠤᠷᠤᠭᠤᠰᠢᠶᠠᠵᠤ ᠥᠪᠡᠷ ᠢ᠋ ᠪᠡᠨ ᠵᠦᠪᠳᠡᠭᠡᠪᠡᠯ ᠨᠢᠭᠡ ᠡᠪᠡᠳᠴᠢᠨ᠃
ᠪᠡᠯᠪᠡᠰᠦᠨ ᠥᠨᠥᠴᠢᠨ ᠢ᠋ ᠲᠣᠷᠣᠮᠵᠢᠯᠠᠪᠠᠰᠤ ᠨᠢᠭᠡ ᠡᠪᠡᠳᠴᠢᠨ᠃
ᠬᠦᠴᠦᠨ ᠰᠦᠷ ᠢ᠋ᠶ᠋ᠡᠷ ᠬᠥᠮᠦᠰ  ᠢ᠋ ᠳᠡᠢᠯᠪᠡᠰᠦ ᠨᠢᠭᠡ ᠡᠪᠡᠳᠴᠢᠨ᠃
ᠥᠪᠡᠷ ᠦ᠋ᠨ ᠰᠦᠷ ᠬᠦᠴᠦᠨ ᠳ᠋ᠡᠭᠡᠨ ᠡᠷᠡᠮᠰᠢᠪᠡᠯ ᠨᠢᠭᠡ ᠡᠪᠡᠳᠴᠢᠨ᠃
ᠦᠭᠡ ᠪᠡᠷ ᠪᠤᠰᠤᠳ ᠢ᠋ ᠳᠡᠢᠯᠪᠡᠰᠦ ᠨᠢᠭᠡ ᠡᠪᠡᠳᠴᠢᠨ᠃
ᠡᠳ᠋ ᠢ᠋ ᠪᠤᠴᠠᠭᠠᠬᠤ ᠶ᠋ᠢ ᠡᠰᠡ ᠪᠣᠳᠣᠪᠠᠰᠤ ᠨᠢᠭᠡ ᠡᠪᠡᠳᠴᠢᠨ᠃
ᠪᠤᠰᠤᠳ ᠢ᠋ ᠭᠠᠵᠢᠭᠤᠳᠠᠭᠤᠯᠤᠨ ᠥᠪᠡᠷ ᠢ᠋ ᠪᠡᠨ ᠵᠦᠪᠳᠡᠭᠡᠪᠡᠰᠦ ᠨᠢᠭᠡ ᠡᠪᠡᠳᠴᠢᠨ᠃
ᠬᠥᠨᠳᠡᠯᠡᠨ ᠢ᠋ᠶ᠋ᠡᠷ ᠬᠥᠮᠦᠰ ᠢ᠋ ᠭᠠᠰᠠᠯᠭᠠᠪᠠᠰᠤ ᠨᠢᠭᠡ ᠡᠪᠡᠳᠴᠢᠨ᠃
ᠬᠣᠣᠷᠲᠤ ᠬᠥᠮᠦᠰ ᠯᠦ᠍ᠭᠡ ᠬᠠᠷᠢᠯᠴᠠᠪᠠᠰᠤ ᠨᠢᠭᠡ ᠡᠪᠡᠳᠴᠢᠨ᠃
ᠪᠠᠶᠠᠷᠯᠠᠬᠤ ᠠᠭᠤᠷᠯᠠᠬᠤ ᠪᠠᠷ ᠪᠡᠶ᠎ᠡ ᠪᠡᠨ ᠰᠠᠢᠷᠬᠠᠬᠤ ᠨᠢᠭᠡ ᠡᠪᠡᠳᠴᠢᠨ᠃
ᠮᠤᠩᠬᠠᠭ ᠠᠲᠠᠯ᠎ᠠ ᠮᠡᠷᠭᠡᠨ ᠣᠪᠯᠠᠪᠠᠯ ᠨᠢᠭᠡ ᠡᠪᠡᠳᠴᠢᠨ᠃
ᠡᠷᠬᠢᠮ ᠭᠠᠪᠢᠶᠠᠷᠬᠠᠵᠤ ᠣᠮᠣᠷᠬᠠᠭᠯᠠᠪᠠᠯ ᠨᠢᠭᠡ ᠡᠪᠡᠳᠴᠢᠨ᠃
ᠡᠷᠳᠡᠮᠲᠡᠨ ᠮᠡᠷᠭᠡᠳ ᠢ᠋ ᠭᠦᠵᠢᠷᠳᠡᠭᠦᠯᠪᠡᠰᠦ ᠨᠢᠭᠡ ᠡᠪᠡᠳᠴᠢᠨ᠃
ᠵᠣᠪᠠᠭᠤᠷᠢ ᠵᠦᠳᠡᠭᠦᠷᠢ ᠳ᠋ᠡᠭᠡᠨ ᠭᠣᠮᠣᠳᠠᠪᠠᠰᠤ ᠨᠢᠭᠡ ᠡᠪᠡᠳᠴᠢᠨ᠃
ᠬᠤᠳᠠᠯ ᠬᠠᠭᠤᠷᠮᠠᠭ  ᠢ᠋ ᠦᠨᠡᠨ ᠬᠡᠮᠡᠪᠡᠰᠦ ᠨᠢᠭᠡ ᠡᠪᠡᠳᠴᠢᠨ᠃
ᠪᠤᠰᠤᠳ ᠤ᠋ᠨ ᠭᠡᠮ  ᠢ᠋ ᠳᠤᠷ᠎ᠠ  ᠪᠠᠷ ᠲᠣᠭᠠᠴᠠᠪᠠᠰᠤ ᠨᠢᠭᠡ ᠡᠪᠡᠳᠴᠢᠨ᠃
ᠪᠠᠶᠠᠨ ᠡᠷᠬᠢᠮ ᠭᠡᠮᠡᠨ ᠪᠤᠰᠤᠳ ᠲᠤ᠌ ᠣᠮᠣᠷᠬᠠᠪᠠᠰᠤ ᠨᠢᠭᠡ ᠡᠪᠡᠳᠴᠢᠨ᠃
ᠡᠷᠬᠢᠮᠲᠡᠨ ᠬᠥᠮᠦᠨ ᠢ᠋ ᠬᠤᠢᠬᠤᠷᠯᠠᠨ ᠬᠣᠣᠷᠯᠠᠪᠠᠰᠤ ᠨᠢᠭᠡ ᠡᠪᠡᠳᠴᠢᠨ᠃
ᠵᠢᠰᠤᠷᠳᠠᠨ ᠪᠢᠯᠳᠠᠤᠴᠢᠯᠠᠬᠤ ᠪᠣᠯᠪᠠᠰᠤ ᠨᠢᠭᠡ ᠡᠪᠡᠳᠴᠢᠨ᠃
ᠡᠷᠳᠡᠮᠲᠡᠨ ᠡᠷᠬᠢᠮ ᠭᠡᠮᠡᠨ ᠪᠡᠶ᠎ᠡ ᠪᠡᠨ ᠭᠠᠢᠬᠠᠭᠤᠯᠪᠠᠰᠤ ᠨᠢᠭᠡ ᠡᠪᠡᠳᠴᠢᠨ᠃
ᠶᠠᠳᠠᠭᠤ ᠭᠡᠮᠡᠨ ᠪᠠᠶᠠᠨ ᠳ᠋ᠤ᠌ ᠠᠲᠠᠭᠠᠷᠠᠪᠠᠰᠤ ᠨᠢᠭᠡ ᠡᠪᠡᠳᠴᠢᠨ᠃
ᠪᠤᠰᠤᠳ ᠤ᠋ᠨ ᠢᠯᠠᠯᠲᠠ ᠪᠦᠲᠦᠭᠡᠯ  ᠢ᠋ ᠡᠪᠳᠡᠪᠡᠰᠦ ᠨᠢᠭᠡ ᠡᠪᠡᠳᠴᠢᠨ᠃
ᠬᠤᠪᠢᠨᠴᠢᠷ ᠰᠡᠳᠬᠢᠯ ᠢ᠋ᠶ᠋ᠡᠷ ᠬᠠᠮᠲᠤ  ᠶ᠋ᠢ ᠰᠠᠮᠠᠭᠤᠷᠠᠭᠤᠯᠪᠠᠰᠤ ᠨᠢᠭᠡ ᠡᠪᠡᠳᠴᠢᠨ᠃
ᠥᠪᠡᠷ ᠢ᠋ ᠪᠡᠨ ᠬᠠᠯᠬᠠᠯᠠᠨ ᠳᠠᠯᠳᠠᠯᠠᠪᠠᠰᠤ ᠨᠢᠭᠡ ᠡᠪᠡᠳᠴᠢᠨ᠃
ᠪᠤᠰᠤᠳ ᠤ᠋ᠨ ᠲᠦᠭᠰᠢᠭᠦᠷᠢ  ᠳ᠋ᠦ᠍ ᠥᠪᠡᠷ  ᠢ᠋ᠶ᠋ᠡᠨ ᠠᠮᠤᠷᠵᠢᠬᠤ ᠨᠢᠭᠡ ᠡᠪᠡᠳᠴᠢᠨ᠃
ᠠᠷᠭ᠎ᠠ ᠪᠢᠯᠢᠭ ᠦ᠋ᠨ ᠠᠲᠠᠭ᠎ᠠ ᠵᠢᠲᠥᠭᠡ ᠪᠣᠯ ᠨᠢᠭᠡ ᠡᠪᠡᠳᠴᠢᠨ᠃
ᠬᠠᠵᠠᠭᠤᠳᠠᠬᠢ ᠵᠥᠷᠢᠴᠡᠯ ᠢ᠋ ᠬᠥᠭᠵᠢᠭᠡᠬᠦ ᠪᠣᠯ ᠨᠢᠭᠡ ᠡᠪᠡᠳᠴᠢᠨ᠃
ᠬᠣᠷᠣᠰᠤᠯ ᠢᠯᠡᠭᠦᠦ ᠬᠠᠢᠷ᠎ᠠ ᠥᠴᠦᠬᠡᠨ ᠪᠣᠯ ᠨᠢᠭᠡ ᠡᠪᠡᠳᠴᠢᠨ᠃
ᠡᠰᠡᠷᠭᠦ ᠲᠡᠮᠡᠴᠡᠯ  ᠢ᠋ ᠡᠷᠡᠰ ᠪᠠᠷᠢᠮᠲᠠᠯᠠᠬᠤ ᠪᠣᠯ ᠨᠢᠭᠡ ᠡᠪᠡᠳᠴᠢᠨ᠃
ᠪᠤᠰᠤᠳ ᠤ᠋ᠨ ᠳᠡᠭᠡᠷ᠎ᠡ ᠪᠦᠬᠦᠨ  ᠢ᠋ ᠲᠦᠯᠬᠢᠪᠡᠰᠦ ᠨᠢᠭᠡ ᠡᠪᠡᠳᠴᠢᠨ᠃
ᠪᠤᠰᠤᠳ ᠤ᠋ᠨ ᠳᠤᠲᠠᠭᠳᠠᠯ  ᠢ᠋ ᠠᠳᠬᠤᠪᠠᠰᠤ ᠨᠢᠭᠡ ᠡᠪᠡᠳᠴᠢᠨ᠃
ᠬᠠᠭᠤᠷᠮᠠᠭ ᠢᠲᠡᠭᠡᠯ ᠢ᠋ᠶ᠋ᠡᠷ ᠪᠡᠶ᠎ᠡ ᠪᠡᠨ ᠮᠡᠬᠡᠯᠡᠬᠦ ᠨᠢᠭᠡ ᠡᠪᠡᠳᠴᠢᠨ᠃
ᠥᠭᠯᠢᠭᠡ ᠬᠢᠵᠦ ᠬᠠᠷᠢᠭᠤ ᠪᠣᠳᠣᠪᠠᠰᠤ ᠨᠢᠭᠡ ᠡᠪᠡᠳᠴᠢᠨ᠃
ᠥᠭᠯᠢᠭᠡ ᠬᠢᠭᠰᠡᠨ ᠦᠭᠡᠢ ᠪᠡᠷ ᠪᠤᠰᠤᠳ  ᠢ᠋ ᠱᠠᠭᠠᠷᠳᠠᠬᠤ ᠨᠢᠭᠡ ᠡᠪᠡᠳᠴᠢᠨ᠃
ᠪᠤᠰᠤᠳ ᠲᠤ᠌ ᠭᠣᠮᠣᠳᠠᠨ ᠭᠡᠮᠰᠢᠪᠡᠰᠦ ᠨᠢᠭᠡ ᠡᠪᠡᠳᠴᠢᠨ᠃
ᠬᠤᠪᠢ ᠪᠡᠶ᠎ᠡ ᠳ᠋ᠡᠭᠡᠨ ᠬᠣᠷᠣᠰᠤᠨ ᠭᠣᠮᠣᠳᠠᠬᠤ ᠨᠢ ᠨᠢᠭᠡ ᠡᠪᠡᠳᠴᠢᠨ᠃
ᠬᠣᠷᠣᠬᠠᠢ ᠠᠳᠤᠭᠤᠰᠤᠨ ᠢ᠋ ᠬᠥᠨᠥᠭᠡᠬᠦ ᠠᠪᠤᠷᠢ ᠨᠢᠭᠡ ᠡᠪᠡᠳᠴᠢᠨ᠃
ᠪᠤᠰᠤᠳ ᠢ᠋ ᠵᠢᠭᠰᠢᠵᠦ ᠪᠤᠶᠠᠨ ᠤ᠋ ᠮᠥᠷ  ᠢ᠋ ᠰᠠᠮᠠᠭᠤᠷᠠᠭᠤᠯᠪᠠᠯ ᠨᠢᠭᠡ ᠡᠪᠡᠳᠴᠢᠨ᠃
ᠴᠢᠳᠠᠪᠤᠷᠢᠲᠠᠨ ᠡᠷᠳᠡᠮᠲᠡᠨ ᠢ᠋ ᠭᠦᠳᠬᠡᠨ ᠮᠠᠭᠤᠰᠢᠶᠠᠪᠠᠰᠤ ᠨᠢᠭᠡ ᠡᠪᠡᠳᠴᠢᠨ᠃
ᠪᠤᠰᠤᠳ ᠤ᠋ᠨ ᠳᠠᠪᠠᠭᠤᠯᠢᠭ ᠲᠤ᠌ ᠬᠣᠷᠣᠰᠪᠠᠰᠤ ᠨᠢᠭᠡ ᠡᠪᠡᠳᠴᠢᠨ᠃
ᠬᠣᠣᠷᠲᠤ ᠡᠮ ᠬᠣᠣᠷᠲᠤ ᠠᠷᠢᠬᠢ ᠡᠳ᠋ᠯᠡᠬᠦ ᠨᠢᠭᠡ ᠡᠪᠡᠳᠴᠢᠨ᠃
ᠰᠡᠳᠬᠢᠯ ᠳᠣᠲᠣᠷ᠎ᠠ ᠲᠡᠭᠰᠢ ᠪᠤᠰᠤ ᠣᠷᠣᠰᠢᠪᠠᠰᠤ ᠨᠢᠭᠡ ᠡᠪᠡᠳᠴᠢᠨ᠃
ᠤᠷᠠᠨ ᠮᠡᠷᠭᠡᠨ ᠬᠡᠮᠡᠵᠦ ᠤᠯᠤᠰ ᠠ᠋ᠴᠠ ᠲᠠᠲᠠᠪᠤᠷᠢ ᠠᠪᠬᠤ ᠨᠢᠭᠡ ᠡᠪᠡᠳᠴᠢᠨ᠃
ᠪᠦᠲᠦᠭᠡᠯ ᠵᠣᠬᠢᠶᠠᠯ ᠳ᠋ᠠᠭᠠᠨ ᠪᠤᠰᠤᠳ  ᠤ᠋ᠨ ᠰᠠᠨᠠᠭᠤᠯᠭ᠎ᠠ  ᠶ᠋ᠢ ᠲᠡᠪᠴᠢᠪᠡᠰᠦ ᠨᠢᠭᠡ ᠡᠪᠡᠳᠴᠢᠨ᠃
ᠤᠷᠢᠳᠤ  ᠶ᠋ᠢᠨ ᠭᠡᠮ  ᠢ᠋ ᠡᠷᠭᠢᠴᠡᠭᠦᠯᠦᠨ ᠪᠣᠳᠣᠬᠤ ᠨᠢᠭᠡ ᠡᠪᠡᠳᠴᠢᠨ᠃
ᠢᠳᠬᠠᠯ ᠰᠠᠨᠠᠭᠤᠯᠭ᠎ᠠ ᠶ᠋ᠢ ᠡᠰᠡ ᠬᠦᠯᠢᠶᠡᠬᠦ ᠨᠢᠭᠡ ᠡᠪᠡᠳᠴᠢᠨ᠃
ᠳᠣᠲᠣᠨᠣᠰᠣᠭ ᠳᠦᠷᠢᠯᠡᠵᠦ ᠪᠠᠢᠭᠠᠳ ᠭᠠᠳᠠᠭᠤᠷᠴᠢᠯᠠᠨ ᠦᠵᠡᠬᠦ ᠨᠢᠭᠡ ᠡᠪᠡᠳᠴᠢᠨ᠃
ᠳᠣᠷᠣᠢ ᠮᠤᠩᠬᠠᠭ  ᠢ᠋ ᠳᠣᠭᠣᠭᠢ ᠬᠢᠬᠦ ᠬᠡᠮᠡᠪᠡᠰᠦ ᠨᠢᠭᠡ ᠡᠪᠡᠳᠴᠢᠨ᠃
ᠪᠤᠬᠢᠨᠢᠳᠤᠯ᠂ᠬᠠᠲᠠᠭᠤ᠂ᠬᠥᠩᠭᠡᠨ᠂ᠪᠠᠴᠢᠮᠳᠠᠬᠤ ᠪᠣᠯ ᠪᠠᠰᠠ ᠨᠢᠭᠡ ᠡᠪᠡᠳᠴᠢᠨ᠃
ᠳᠡᠯᠡᠳᠴᠦ ᠴᠣᠬᠢᠭᠠᠳ ᠶᠣᠰᠣᠨ ᠦᠭᠡᠢ ᠪᠣᠯᠪᠠᠰᠤ ᠨᠢᠭᠡ ᠡᠪᠡᠳᠴᠢᠨ᠃
ᠥᠪᠡᠷ ᠦ᠋ᠨ ᠬᠢ ᠪᠡᠨ ᠵᠥᠪ ᠬᠡᠮᠡᠬᠦ ᠨᠢᠭᠡ ᠡᠪᠡᠳᠴᠢᠨ᠃
ᠰᠡᠵᠢᠭ ᠣᠯᠠᠨ ᠢᠲᠡᠭᠡᠯ ᠪᠠᠭ᠎ᠠ ᠪᠣᠯᠪᠠᠰᠤ ᠨᠢᠭᠡ ᠡᠪᠡᠳᠴᠢᠨ᠃
ᠰᠣᠯᠢᠶ᠎ᠠ ᠭᠠᠯᠵᠠᠭᠤ ᠬᠥᠮᠦᠨ ᠢ᠋ ᠳᠣᠭᠣᠭᠢ ᠬᠢᠪᠡᠰᠦ ᠨᠢᠭᠡ ᠡᠪᠡᠳᠴᠢᠨ᠃
ᠣᠴᠣᠢᠬᠤ᠂ᠰᠠᠭᠤᠬᠤ ᠳ᠋ᠠᠭᠠᠨ ᠮᠣᠷᠠᠯ ᠠᠯᠳᠠᠪᠠᠰᠤ ᠨᠢᠭᠡ ᠡᠪᠡᠳᠴᠢᠨ᠃
ᠪᠤᠵᠠᠷ ᠶᠠᠷᠢᠶ᠎ᠠ ᠬᠣᠣᠷᠲᠤ ᠦᠭᠡ ᠪᠣᠯᠪᠠᠰᠤ ᠨᠢᠭᠡ ᠡᠪᠡᠳᠴᠢᠨ᠃
ᠬᠥᠭᠰᠢᠨ ᠵᠠᠯᠠᠭᠤ ᠶ᠋ᠢ ᠬᠥᠩᠭᠡᠪᠴᠢᠯᠡᠪᠡᠰᠦ ᠨᠢᠭᠡ ᠡᠪᠡᠳᠴᠢᠨ᠃
ᠬᠣᠣᠷᠲᠤ ᠮᠠᠭᠤᠬᠠᠢ ᠳᠦᠷᠢᠯᠡᠨ ᠣᠪᠯᠠᠪᠠᠰᠤ ᠨᠢᠭᠡ ᠡᠪᠡᠳᠴᠢᠨ᠃
ᠬᠡᠲᠦᠷᠡᠲᠡᠯ᠎ᠡ ᠪᠠᠶᠠᠷᠯᠠᠨ ᠬᠡᠳᠦ ᠢᠨᠢᠶᠡᠯᠴᠡᠬᠦ ᠨᠢ ᠨᠢᠭᠡ ᠡᠪᠡᠳᠴᠢᠨ᠃
ᠡᠷᠬᠡ ᠠᠳᠬᠤᠵᠤ ᠳᠤᠷ᠎ᠠ ᠲᠠᠪᠠ ᠪᠠᠷ ᠪᠣᠯᠪᠠᠯ ᠨᠢᠭᠡ ᠡᠪᠡᠳᠴᠢᠨ᠃
ᠵᠠᠭᠠᠯᠳᠤᠯᠭ᠎ᠠ ᠬᠢᠵᠦ ᠪᠤᠰᠤᠳ ᠢ᠋ ᠬᠥᠨᠥᠭᠡᠬᠦ ᠪᠣᠯ ᠨᠢᠭᠡ ᠡᠪᠡᠳᠴᠢᠨ᠃
ᠵᠢᠰᠤᠷ ᠵᠢᠭᠲᠡᠢ ᠬᠤᠢᠬᠤᠷᠯᠠᠨ ᠪᠢᠯᠳᠠᠤᠴᠢᠯᠠᠪᠠᠰᠤ ᠨᠢᠭᠡ ᠡᠪᠡᠳᠴᠢᠨ᠃
ᠤᠪ ᠮᠡᠬᠡᠯᠡᠯ ᠬᠤᠢᠬᠤᠷ ᠬᠠᠭᠤᠷᠮᠠᠭ ᠢ᠋ ᠡᠪᠦᠷᠯᠡᠪᠡᠰᠦ ᠨᠢᠭᠡ ᠡᠪᠡᠳᠴᠢᠨ᠃
ᠬᠣᠪᠴᠢ ᠥᠭᠦᠯᠡᠵᠦ ᠢᠲᠡᠭᠡᠯ ᠠᠯᠳᠠᠬᠤ ᠨᠢᠭᠡ ᠡᠪᠡᠳᠴᠢᠨ᠃
ᠠᠷᠢᠬᠢᠨ ᠤ᠋ ᠬᠦᠴᠦᠨ ᠢ᠋ᠶ᠋ᠡᠷ ᠬᠥᠨᠳᠡᠯᠡᠨ ᠠᠭᠠᠰᠢᠯᠠᠪᠠᠯ ᠨᠢᠭᠡ ᠡᠪᠡᠳᠴᠢᠨ᠃
ᠰᠠᠯᠬᠢᠨ ᠪᠣᠷᠣᠭᠠᠨ ᠢ᠋ ᠵᠢᠭᠠᠵᠤ ᠬᠠᠷᠢᠶᠠᠪᠠᠰᠤ ᠨᠢᠭᠡ ᠡᠪᠡᠳᠴᠢᠨ᠃
ᠬᠣᠣᠷᠲᠤ ᠥᠭᠦᠯᠡᠵᠦ ᠠᠯᠠᠵᠤ ᠨᠢᠲᠤᠯᠪᠠᠰᠤ ᠨᠢᠭᠡ ᠡᠪᠡᠳᠴᠢᠨ᠃
ᠬᠥᠮᠦᠨ ᠠᠯᠠᠵᠤ ᠤᠷᠤᠭ ᠤᠨᠠᠭᠠᠯᠭᠠᠬᠤ ᠨᠢᠭᠡ ᠡᠪᠡᠳᠴᠢᠨ᠃
ᠪᠤᠰᠤᠳ ᠤ᠋ᠨ ᠬᠡᠷᠡᠭ ᠲᠦ᠍ ᠭᠠᠷ ᠲᠥᠷᠥᠬᠦ ᠪᠣᠯ ᠨᠢᠭᠡ ᠡᠪᠡᠳᠴᠢᠨ᠃
ᠵᠢᠭᠡᠯᠡᠬᠦ ᠭᠡᠳ ᠡᠰᠡ ᠥᠭᠪᠡᠰᠦ ᠬᠣᠷᠣᠰᠬᠤ ᠠᠨᠤ ᠨᠢᠭᠡ ᠡᠪᠡᠳᠴᠢᠨ᠃
ᠥᠷᠢ ᠲᠥᠯᠥᠭᠡᠰᠦᠨ ᠡᠴᠡ ᠪᠡᠨ ᠤᠷᠭᠤᠨ ᠳᠤᠲᠠᠭᠠᠬᠤ ᠨᠢᠭᠡ ᠡᠪᠡᠳᠴᠢᠨ᠃
ᠪᠤᠷᠤᠭᠤ ᠪᠠᠨ ᠬᠠᠮᠠᠭᠠᠯᠠᠵᠤ ᠪᠤᠯᠢᠬᠠᠢᠯᠠᠬᠤ ᠪᠣᠯ ᠨᠢᠭᠡ ᠡᠪᠡᠳᠴᠢᠨ᠃
ᠪᠤᠰᠤᠳ ᠤ᠋ᠨ ᠬᠢ ᠶ᠋ᠢ ᠬᠤᠯᠠᠭᠠᠢᠯᠠᠨ ᠳᠡᠭᠡᠷᠡᠮᠳᠡᠬᠦ ᠨᠢᠭᠡ ᠡᠪᠡᠳᠴᠢᠨ᠃
ᠵᠣᠷᠢᠭᠤᠳᠠ ᠪᠠᠷ ᠬᠥᠮᠦᠰ ᠢ᠋ ᠲᠥᠭᠡᠷᠢᠭᠦᠯᠦᠨ ᠰᠠᠭᠠᠲᠠᠭᠠᠬᠤ ᠨᠢᠭᠡ ᠡᠪᠡᠳᠴᠢᠨ᠃
ᠡᠭᠦᠷ ᠢ᠋ ᠨᠢ ᠡᠪᠳᠡᠵᠦ ᠥᠨᠳᠡᠭᠡ ᠶ᠋ᠢ ᠨᠢ ᠬᠠᠭᠠᠯᠬᠤ ᠨᠢᠭᠡ ᠡᠪᠡᠳᠴᠢᠨ᠃
ᠤᠰᠤ ᠭᠠᠯ ᠢ᠋ᠶ᠋ᠠᠷ ᠪᠤᠰᠤᠳ ᠢ᠋ ᠳᠠᠢᠯᠠᠨ ᠰᠢᠷᠬᠠᠲᠤᠭᠤᠯᠪᠠᠯ ᠨᠢᠭᠡ ᠡᠪᠡᠳᠴᠢᠨ᠃
ᠰᠣᠬᠣᠷ᠂ ᠳᠦᠯᠡᠢ᠂ ᠶᠠᠪᠠ ᠶ᠋ᠢ ᠳᠣᠭᠣᠭᠢ ᠬᠢᠪᠡᠰᠦ ᠨᠢᠭᠡ ᠡᠪᠡᠳᠴᠢᠨ᠃
ᠬᠥᠮᠦᠨ ᠵᠠᠬᠢᠵᠤ ᠳᠡᠯᠡᠳᠴᠦ ᠴᠣᠬᠢᠭᠤᠯᠬᠤ ᠨᠢᠭᠡ ᠡᠪᠡᠳᠴᠢᠨ᠃
ᠪᠤᠰᠤᠳ ᠢ᠋ᠶ᠋ᠠᠷ ᠨᠢᠭᠦᠯ ᠦᠢᠯᠡᠳᠦᠭᠦᠯᠬᠦ ᠨᠢᠭᠡ ᠡᠪᠡᠳᠴᠢᠨ᠃
ᠬᠥᠨᠥᠭᠡᠯ ᠢ᠋ ᠡᠪᠦᠷᠯᠡᠵᠦ ᠬᠠᠢᠷ᠎ᠠ ᠠ᠋ᠴᠠ ᠬᠠᠭᠠᠴᠠᠬᠤ ᠨᠢᠭᠡ ᠡᠪᠡᠳᠴᠢᠨ᠃
ᠡᠳ᠋ ᠪᠠᠷᠠᠭ᠎ᠠ ᠶ᠋ᠢ ᠦᠵᠡᠭᠰᠡᠭᠡᠷ ᠬᠣᠪᠳᠣᠭᠯᠠᠬᠤ ᠨᠢᠭᠡ ᠡᠪᠡᠳᠴᠢᠨ᠃
ᠪᠤᠰᠤᠳ ᠤ᠋ᠨ ᠤᠷᠤᠭ ᠬᠤᠷᠢᠮ  ᠢ᠋ ᠰᠠᠮᠠᠭᠤᠷᠠᠭᠤᠯᠪᠠᠯ ᠨᠢᠭᠡ ᠡᠪᠡᠳᠴᠢᠨ᠃
ᠪᠤᠰᠤᠳ ᠤ᠋ᠨ ᠡᠳ᠋ ᠪᠣᠳᠠᠰ  ᠢ᠋ ᠪᠤᠯᠢᠶᠠᠬᠤ ᠨᠢᠭᠡ ᠡᠪᠡᠳᠴᠢᠨ᠃
ᠪᠤᠰᠤᠳ  ᠢ᠋ ᠥᠳᠥᠭᠡᠨ ᠬᠡᠷᠡᠭᠦᠯ ᠪᠣᠯᠭᠠᠬᠤ ᠨᠢᠭᠡ ᠨᠢ ᠡᠪᠡᠳᠴᠢᠨ᠃
ᠪᠤᠰᠤᠳ ᠢ᠋ᠶ᠋ᠠᠷ ᠱᠣᠭᠯᠠᠵᠤ ᠪᠤᠷᠤᠭᠤ ᠦᠵᠡᠯ ᠢ᠋ᠶ᠋ᠡᠨ ᠪᠠᠷᠢᠮᠲᠠᠯᠠᠬᠤ ᠪᠣᠯ ᠨᠢᠭᠡ ᠡᠪᠡᠳᠴᠢᠨ᠃
ᠥᠪᠡᠷ ᠦ᠋ᠨ ᠬᠢ ᠪᠡᠨ ᠬᠡᠮᠡᠵᠦ ᠣᠮᠣᠷᠬᠠᠭ ᠰᠠᠭᠰᠠᠭᠤ ᠪᠠᠢᠪᠠᠯ ᠨᠢᠭᠡ ᠡᠪᠡᠳᠴᠢᠨ᠃
ᠪᠤᠰᠤᠳ  ᠢ᠋ ᠮᠠᠭᠤᠰᠢᠶᠠᠨ ᠳᠡᠢᠯᠦᠩᠭᠢ ᠠᠭᠠᠰᠢᠯᠠᠬᠤ ᠨᠢᠭᠡ ᠡᠪᠡᠳᠴᠢᠨ᠃
 
ᠭᠠᠨᠵᠤᠤᠷ ᠨᠣᠮ ᠳ᠋ᠤ᠌ ᠠᠢᠯᠠᠳᠤᠭᠰᠠᠨ ᠨᠢ᠄ 
ᠳᠡᠭᠡᠷᠡᠬᠢ ᠵᠠᠭᠤᠨ ᠵᠤᠷᠪᠤᠰ ᠪᠣᠯ ᠵᠠᠭᠤᠨ ᠵᠦᠢᠯ ᠦ᠋ᠨ ᠡᠪᠡᠳᠴᠢᠨ ᠪᠣᠯᠠᠢ᠂ᠡᠳᠦᠷ ᠪᠦᠷᠢ ᠪᠠᠢᠴᠠᠭᠠᠨ ᠬᠢᠨᠠᠵᠤ᠂ ᠨᠢᠭᠡᠨ ᠡᠪᠡᠳᠴᠢᠨ ᠢ᠋ ᠡᠰᠡ ᠡᠭᠦᠰᠬᠡᠪᠡᠰᠦ ᠯᠠᠪᠲᠠᠢ ᠬᠣᠣᠷᠯᠠᠯ ᠬᠥᠨᠥᠭᠡᠯ ᠡᠰᠡ ᠢᠷᠡᠬᠦ ᠪᠥᠯᠥᠭᠡ᠂ᠨᠢᠰᠸᠠᠨᠢᠰ ᠪᠠ ᠭᠠᠢ ᠵᠣᠪᠠᠯᠠᠩ ᠵᠠᠢᠯᠠᠬᠤ ᠪᠥᠯᠥᠭᠡ᠂ᠥᠪᠡᠷ ᠦ᠋ᠨ ᠠᠮᠢ ᠨᠠᠰᠤᠨ ᠢ᠋ᠶ᠋ᠠᠨ ᠤᠷᠲᠤᠳᠬᠠᠬᠤ ᠮᠥᠷᠲᠡᠭᠡᠨ᠂ᠦᠷ᠎ᠡ ᠬᠣᠢᠴᠢᠰ ᠲᠠᠭᠠᠨ ᠡᠨᠡᠬᠦ ᠪᠤᠶᠠᠨ ᠢ᠋ ᠡᠳ᠋ᠯᠡᠭᠦᠯᠬᠦ ᠪᠥᠯᠥᠭᠡ! ᠡᠷᠲᠡᠨ ᠦ᠌ ᠪᠣᠭᠳᠠᠰ ᠤ᠋ᠨ ᠰᠤᠷᠭᠠᠯ ᠬᠡᠮᠡᠪᠡᠰᠦ ᠪᠤᠶᠠᠨ ᠤ᠋ ᠦᠨᠳᠦᠰᠦᠨ ᠪᠥᠯᠥᠭᠡ᠃ᠪᠤᠶᠠᠨ  ᠢ᠋ ᠥᠴᠦᠬᠡᠨ ᠬᠡᠮᠡᠵᠦ ᠪᠢᠲᠡᠭᠡᠢ ᠪᠠᠰᠤ᠂ᠨᠢᠭᠦᠯ ᠢ᠋ ᠥᠴᠦᠬᠡᠨ ᠬᠡᠮᠡᠵᠦ ᠪᠢᠲᠡᠭᠡᠢ ᠦᠢᠯᠡᠳ᠂ᠨᠢᠭᠦᠯ ᠢ᠋ᠶ᠋ᠡᠨ ᠠᠷᠢᠯᠭᠠᠵᠤ ᠪᠤᠶᠠᠨ ᠢ᠋ ᠦᠢᠯᠡᠳᠪᠡᠰᠦ ᠳᠠᠷᠤᠢ ᠰᠠᠢᠨ ᠡᠮ ᠪᠥᠯᠥᠭᠡ ᠭᠡᠵᠡᠢ᠃

        《ᠣᠲᠠᠴᠢ ᠪᠤᠷᠬᠠᠨ ᠤ᠋ ᠶᠢᠷᠲᠢᠨᠴᠦ ᠶ᠋ᠢ ᠲᠤᠰᠠᠯᠠᠬᠤ ᠦᠵᠡᠯ ᠦ᠋ᠨ ᠰᠤᠳᠤᠷ》 ᠠ᠋ᠴᠠ 
ᠲᠦᠮᠡᠨᠴᠡᠴᠡᠭ ᠦᠰᠦᠭ ᠢ᠋ ᠠᠮᠢᠯᠠᠭᠤᠯᠵᠤ᠂
ᠮᠤᠩᠭᠤᠯᠵᠠᠶᠠᠭ᠎ᠠ ᠬᠢᠨᠠᠯᠲᠠ ᠬᠢᠪᠡ᠃