ᠮᠢᠨᠦ ᠭᠤᠸ᠎ᠠ - ᠷ᠂ ᠭᠡᠷᠡᠯᠴᠢᠯᠠᠭᠤᠨ Миний гоо Р, Гэрэлгчулуун
ᠮᠢᠨᠦ ᠭᠤᠸ᠎ᠠ
ᠦᠭᠡ ᠠᠶ᠎ᠠ᠄ ᠷᠢᠨᠴᠢᠨ ᠪᠣᠷᠭᠢᠶᠠᠪ
ᠳᠠᠭᠤᠴᠢᠨ᠄ ᠷ᠂ ᠭᠡᠷᠡᠯᠴᠢᠯᠠᠭᠤᠨ
ᠠᠷᠢᠭᠤᠬᠠᠨ ᠵᠠᠯᠠᠭᠤ ᠨᠠᠰᠤᠨ ᠳ᠋ᠠᠭᠠᠨ
ᠠᠮᠠᠷᠠᠭ ᠴᠢᠮ᠎ᠠ ᠳ᠋ᠠᠭᠠᠨ ᠳᠤᠷᠠᠯᠠᠭᠰᠠᠨ
ᠠᠭᠠᠳᠠᠷ ᠢ᠋ᠶ᠋ᠠᠷ ᠤᠮᠳᠠᠭᠠᠯᠠᠭᠰᠠᠨ ᠴᠡᠴᠡᠭ ᠦ᠋ᠳ ᠨᠢ
ᠠᠯᠲᠠᠨ ᠳᠡᠯᠡᠬᠡᠢ ᠳ᠋ᠦ᠍ ᠳᠡᠯᠭᠡᠷᠡᠵᠦ ᠳ᠋ᠠ
ᠴᠢᠭᠢᠭ ᠲᠡᠢ ᠵᠥᠭᠡᠯᠡᠨ ᠭᠠᠵᠠᠷ ᠲᠠᠭᠠᠨ
ᠰᠢᠨᠡᠬᠡᠨ ᠴᠡᠴᠡᠭ ᠤᠷᠭᠤᠨ᠎ᠠ ᠳᠠ
ᠴᠢ ᠮᠢᠨᠢ ᠨᠠᠳᠠ ᠳ᠋ᠠᠭᠠᠨ ᠴᠡᠪᠡᠷᠬᠡᠨ
ᠪᠢ ᠴᠢᠨᠢ ᠴᠢᠮ᠎ᠠ ᠳ᠋ᠠᠭᠠᠨ ᠳᠤᠷᠠᠯᠠᠭᠰᠠᠨ
ᠥᠨᠳᠥᠷ ᠲᠤᠩᠭᠠᠯᠠᠭ ᠲᠡᠭᠷᠢ ᠳ᠋ᠡᠭᠡᠨ
ᠦᠦᠷ ᠦ᠋ᠨ ᠴᠣᠯᠮᠣᠨ ᠭᠡᠷᠡᠯᠲᠦᠨ᠎ᠡ
ᠤᠷᠠᠨ ᠴᠡᠯᠮᠡᠭ ᠰᠡᠳᠬᠢᠯ ᠢ᠋ᠶ᠋ᠡᠷ ᠢ᠋ᠶ᠋ᠡᠨ
ᠡᠭᠦᠷᠢᠳᠡ ᠳᠡᠷᠭᠡᠳᠡ ᠮᠢᠨᠢ ᠪᠠᠢᠭᠠᠷᠠᠢ
ᠴᠢᠭᠢᠭ ᠲᠡᠢ ᠵᠥᠭᠡᠯᠡᠨ ᠭᠠᠵᠠᠷ ᠲᠠᠭᠠᠨ
ᠰᠢᠨᠡᠬᠡᠨ ᠴᠡᠴᠡᠭ ᠤᠷᠭᠤᠨ᠎ᠠ ᠳᠠ
ᠴᠢ ᠮᠢᠨᠢ ᠨᠠᠳᠠᠳᠤ ᠳ᠋ᠠᠭᠠᠨ ᠴᠡᠪᠡᠷᠬᠡᠨ
ᠪᠢ ᠴᠢᠨᠢ ᠴᠢᠮ᠎ᠠ ᠳ᠋ᠠᠭᠠᠨ ᠳᠤᠷᠠᠯᠠᠭᠰᠠᠨ
ᠳᠡᠪᠡᠷᠡᠭᠦᠨ ᠵᠠᠯᠠᠭᠤ ᠨᠠᠰᠤᠨ ᠳ᠋ᠠᠭᠠᠨ
ᠳᠣᠭᠳᠣᠯᠤᠨ ᠪᠠᠢᠵᠤ ᠯᠠ ᠤᠴᠠᠷᠠᠭᠰᠠᠨ
ᠬᠣᠩᠭᠣᠷᠬᠠᠨ ᠬᠥᠭᠡᠷᠦᠬᠦᠨ ᠴᠢᠮ᠎ᠠ ᠤᠷᠤᠭᠤ ᠪᠠᠨ
ᠬᠠᠯᠠᠭᠤᠬᠠᠨ ᠵᠢᠷᠦᠬᠡ ᠮᠢᠨᠢ ᠲᠡᠮᠡᠦᠯᠦᠨ᠎ᠡ ᠠ᠋
ᠴᠢᠭᠢᠭ ᠲᠡᠢ ᠵᠥᠭᠡᠯᠡᠨ ᠭᠠᠵᠠᠷ ᠲᠠᠭᠠᠨ
ᠰᠢᠨᠡᠬᠡᠨ ᠴᠡᠴᠡᠭ ᠤᠷᠭᠤᠨ᠎ᠠ ᠳᠠ
ᠴᠢ ᠮᠢᠨᠢ ᠨᠠᠳᠠ ᠳ᠋ᠠᠭᠠᠨ ᠴᠡᠪᠡᠷᠬᠡᠨ
ᠪᠢ ᠴᠢᠨᠢ ᠴᠢᠮ᠎ᠠ ᠳ᠋ᠠᠭᠠᠨ ᠳᠤᠷᠠᠯᠠᠭᠰᠠᠨ
ᠴᠢᠭᠢᠭ ᠲᠡᠢ ᠵᠥᠭᠡᠯᠡᠨ ᠭᠠᠵᠠᠷ ᠲᠠᠭᠠᠨ
ᠰᠢᠨᠡᠬᠡᠨ ᠴᠡᠴᠡᠭ ᠤᠷᠭᠤᠨ᠎ᠠ ᠳᠠ
ᠴᠢ ᠮᠢᠨᠢ ᠨᠠᠳᠠ ᠳ᠋ᠠᠭᠠᠨ ᠴᠡᠪᠡᠷᠬᠡᠨ
ᠪᠢ ᠴᠢᠨᠢ ᠴᠢᠮ᠎ᠠ ᠳ᠋ᠠᠭᠠᠨ ᠳᠤᠷᠠᠯᠠᠭᠰᠠᠨ
ᠪᠢ ᠴᠢᠨᠢ ᠴᠢᠮ᠎ᠠ ᠳ᠋ᠠᠭᠠᠨ ᠳᠤᠷᠠᠯᠠᠭᠰᠠᠨ
ᠪᠢ ᠴᠢᠨᠢ ᠴᠢᠮ᠎ᠠ ᠳ᠋ᠠᠭᠠᠨ ᠬᠠᠢᠷᠲᠠᠢ
ᠦᠰᠦᠭ ᠠᠮᠢᠯᠠᠭᠤᠯᠤᠭᠴᠢ᠄ ᠪᠦᠷᠢᠨ᠎ᠡ
ᠦᠰᠦᠭ ᠬᠠᠲᠠᠭᠴᠢ᠄ ᠮᠣᠳᠣᠲᠤ ᠬᠠᠪᠤᠷᠵᠢᠶ᠎ᠠ
