ᠮᠣᠩᠭᠣᠯ ᠡᠮ ᠡᠮᠨᠡᠯᠭᠡ – (ᠠᠷᠪᠠᠨ ᠨᠢᠭᠡ) Монгол эм эмнэлэг (11) ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠠᠷᠪᠠᠨ ᠨᠢᠭᠡ) Монгол эм эмнэлэг (11)

ᠮᠣᠩᠭᠣᠯ ᠡᠮ ᠡᠮᠨᠡᠯᠭᠡ – (ᠠᠷᠪᠠᠨ ᠨᠢᠭᠡ) Монгол эм эмнэлэг (11)

ᠠᠩᠭᠢᠯᠠᠯ:ᠡᠷᠡᠭᠦᠯ ᠡᠩᠬᠡ
2025-07-02

290

ᠪᠥᠭᠡᠷᠡᠨ ᠨᠢᠭᠤᠭᠳᠠᠭᠰᠠᠨ ᠬᠠᠯᠠᠭᠤᠨ ᠢ᠋ ᠡᠮᠨᠡᠭᠰᠡᠨ 118 ᠵᠢᠱ᠌ᠢᠶ᠎ᠡ ᠶ᠋ᠢᠨ ᠠᠵᠢᠭᠯᠠᠯᠲᠠ

 
                                     ᠡᠷᠳᠡᠨᠢᠴᠤᠭᠲᠤ 
       ᠲᠤᠰ ᠡᠪᠡᠳᠴᠢᠨ ᠨᠢ ᠨᠢᠶᠠᠨ᠂ ᠴᠢᠰᠤ ᠰᠢᠷ᠎ᠠ ᠶ᠋ᠢᠨ ᠬᠠᠯᠠᠭᠤᠨ ᠠ᠋ᠴᠠ ᠰᠢᠯᠲᠠᠭᠠᠯᠠᠨ ᠡᠭᠦᠰᠴᠦ᠂ ᠨᠢᠷᠤᠭᠤ ᠡᠪᠡᠳᠬᠦ᠂ ᠨᠢᠭᠤᠷ ᠪᠡᠶ᠎ᠡ ᠰᠡᠯᠬᠦᠷᠡᠬᠦ᠂ ᠴᠢᠰᠤ ᠪᠠᠷ ᠰᠢᠭᠡᠬᠦ᠂ ᠴᠢᠰᠤᠨ ᠳᠠᠷᠤᠯᠲᠠ ᠥᠨᠳᠥᠷᠵᠢᠬᠦ ᠪᠡᠷ ᠭᠣᠣᠯᠳᠠᠭᠰᠠᠨ ᠠᠷᠬᠠᠭ ᠡᠪᠡᠳᠴᠢᠨ ᠪᠣᠯᠤᠨ᠎ᠠ᠃ ᠬᠤᠪᠢ ᠬᠥᠮᠦᠨ ᠬᠠᠪᠤᠳᠠᠷ ᠤ᠋ᠨ - 9 ᠶ᠋ᠢ ᠭᠠᠳᠠᠨ᠎ᠠ ᠠ᠋ᠴᠠ ᠪᠥᠭᠡᠷᠡᠨ ᠪᠠᠯᠴᠢᠷ ᠨᠢᠷᠤᠭᠤᠨ ᠤ᠋ 14 ᠳ᠋ᠦ᠍ᠭᠡᠷ ᠦᠶ᠎ᠡ ᠳ᠋ᠦ᠍ᠨᠢ ᠨᠠᠭᠠᠯᠲᠠ ᠬᠢᠬᠦ ᠪᠡᠷ ᠭᠣᠣᠯᠳᠠᠵᠤ᠂ ᠤᠤᠭᠤᠬᠤ ᠡᠮ ᠲᠡᠢ ᠬᠠᠪᠰᠤᠷᠤᠭᠤᠯᠤᠨ ᠡᠮᠨᠡᠭᠰᠡᠨ ᠦᠷ᠎ᠡ ᠳ᠋ᠦᠩ ᠢ᠋ ᠳᠣᠣᠷ᠎ᠠ ᠲᠠᠨᠢᠯᠴᠠᠭᠤᠯᠤᠶ᠎ᠠ᠃ 
       ᠨᠢᠭᠡ ᠂ ᠮᠠᠲ᠋ᠧᠷᠢᠶᠠᠯ 
       118 ᠵᠢᠱ᠌ᠢᠶ᠎ᠡ ᠡᠪᠡᠳᠴᠢᠲᠡᠨ ᠳ᠋ᠦ᠍ ᠺᠠᠳ᠋ᠷ 19᠂ ᠪᠠᠭᠰᠢ 17᠂ ᠠᠵᠢᠯᠴᠢᠨ 21᠂  ᠮᠠᠯᠴᠢᠨ 32᠂ ᠲᠠᠷᠢᠶᠠᠴᠢᠨ 29 ᠨᠡᠷᠡᠰ ᠪᠣᠢ᠃ ᠡᠭᠦᠨ ᠳ᠋ᠦ᠍ ᠡᠮᠨᠡᠯᠭᠡ ᠳ᠋ᠦ᠍ ᠰᠠᠭᠤᠵᠤ ᠡᠮᠴᠢᠯᠡᠭᠰᠡᠨ 62᠂ ᠡᠭᠦᠳᠡᠨ ᠡᠮᠨᠡᠯᠭᠡ ᠳ᠋ᠦ᠍ ᠡᠮᠨᠡᠭᠦᠯᠦᠭᠰᠡᠨ 56 ᠵᠢᠱ᠌ᠢᠶ᠎ᠡ ᠪᠠᠢᠪᠠ᠃ ᠡᠷᠡᠭᠲᠡᠢ 65᠂ ᠡᠮᠡᠭᠲᠡᠢ 53 ᠨᠡᠷᠡᠰ; ᠬᠠᠮᠤᠭ ᠪᠠᠭ᠎ᠠ ᠨᠢ 7 ᠨᠠᠰᠤᠲᠠᠢ᠂ ᠬᠠᠮᠤᠭ ᠦᠳᠡᠯᠡᠭᠰᠡᠨ ᠨᠢ 58 ᠨᠠᠰᠤᠲᠠᠢ ; ᠡᠪᠡᠳᠴᠢᠯᠡᠭᠰᠡᠨ ᠬᠤᠭᠤᠴᠠᠭ᠎ᠠ ᠬᠠᠮᠤᠭ ᠣᠬᠣᠷ ᠨᠢ 5 ᠡᠳᠦᠷ᠂ ᠣᠵᠢᠭᠰᠢᠷᠠᠭᠰᠠᠨ ᠨᠢ 11 ᠵᠢᠯ;  ᠡᠪᠡᠳᠴᠢᠯᠡᠭᠡᠳ 5 ᠡᠳᠦᠷ ᠡᠴᠡ 3 ᠵᠢᠯ ᠦ᠋ᠨ ᠬᠣᠭᠣᠷᠣᠨᠳᠣᠬᠢ 81%᠂ 3 ᠵᠢᠯ ᠡᠴᠡ ᠳᠡᠭᠡᠭᠰᠢ 19% ᠶ᠋ᠢ ᠡᠵᠡᠯᠡᠨ᠎ᠡ ᠃  
       ᠣᠨᠣᠰᠢᠯᠠᠯ ᠤ᠋ᠨ ᠪᠠᠷᠢᠮᠵᠢᠶ᠎ᠠ᠄ ᠧᠦ᠋ᠷᠣᠫᠠ ᠡᠮᠨᠡᠯᠭᠡ ᠶ᠋ᠢᠨ ᠳᠣᠲᠣᠷ ᠰᠠᠯᠠᠭᠠᠨ ᠤ᠋ (1985 ᠣᠨ ᠳ᠋ᠤ᠌ ᠲᠣᠭᠲᠠᠭᠰᠠᠨ) ᠪᠠᠷᠢᠮᠵᠢᠶ᠎ᠠ ᠪᠠ 《ᠳᠥᠷᠪᠡᠨ ᠦᠨᠳᠦᠰᠦ》᠂《ᠳᠣᠲᠣᠷ ᠡᠪᠡᠠᠳᠴᠢᠨ ᠤ᠋ ᠰᠤᠳᠤᠯᠤᠯ》 ᠢ᠋ ᠬᠠᠪᠰᠤᠷᠭᠠᠵᠠᠢ ᠃ 
       ᠭᠣᠣᠯ ᠡᠮ ᠦ᠋ᠨ ᠵᠣᠷ ᠄ ᠬᠠᠪᠤᠳᠠᠷ ᠤ᠋ᠨ ᠨᠠᠭᠠᠯᠲᠠ — 9 (ᠲᠦᠩᠯᠢᠶᠣᠣ ᠳ᠋ᠠᠬᠢ ᠮᠣᠩᠭᠣᠯ ᠡᠮ ᠦ᠋ᠨ ᠦᠢᠯᠡᠳᠪᠦᠷᠢ) ᠶ᠋ᠢᠨ ᠨᠠᠢᠷᠠᠯᠭ᠎ᠠ᠄ ᠰᠢᠷ᠎ᠠ ᠭᠠ᠂ ᠪᠣᠩ ᠠ᠂ ᠭᠢᠰᠢᠭᠦᠨ᠎ᠡ᠂ ᠬᠤᠷᠠᠭᠠᠨ ᠴᠢᠬᠢ᠂ ᠴᠠᠭᠠᠨ ᠬᠤᠷ᠎ᠠ᠂ ᠬᠡᠷᠢᠶᠡᠨ ᠨᠢᠳᠦ᠂ ᠦᠮᠡᠬᠡᠢ ᠵᠡᠭᠡᠰᠦ᠂ ᠳᠠᠯᠠᠨ ᠲᠦᠷᠦᠭᠦᠦ᠂ ᠵᠢᠭᠠᠷ ᠵᠡᠷᠭᠡ ᠬᠥᠯ ᠡᠮ ᠢ᠋ᠶ᠋ᠡᠷ ᠪᠦᠷᠢᠯᠳᠦᠵᠡᠢ᠃ 
       ᠵᠣᠷ ᠤ᠋ᠨ ᠵᠠᠳᠠᠯᠤᠯᠲᠠ᠄ ᠲᠤᠰ ᠨᠠᠢᠷᠠᠯᠭ᠎ᠠ ᠶ᠋ᠢ ᠡᠷᠲᠡᠨ ᠦ᠌ ᠨᠣᠮ ᠰᠤᠳᠤᠷ ᠲᠤ᠌ ᠬᠡᠳᠦᠢᠪᠡᠷ ᠬᠠᠪᠤᠳᠠᠷ ᠢ᠋ ᠬᠠᠷᠢᠭᠤᠯᠬᠤ ᠪᠠᠷ ᠨᠣᠮᠯᠠᠭᠰᠠᠨ ᠪᠣᠯᠪᠠᠴᠤ ᠵᠣᠷ ᠳᠠᠬᠢ ᠵᠢᠭᠠᠷ᠂ ᠪᠣᠩ ᠠ᠂ ᠴᠠᠭᠠᠨ ᠬᠤᠷ᠎ᠠ᠂ ᠬᠡᠷᠢᠶᠡᠨ ᠨᠢᠳᠦ ᠵᠡᠷᠭᠡ ᠨᠢ ᠨᠢᠶᠠᠨ ᠢ᠋ ᠨᠢᠲᠤᠯᠵᠤ᠂ ᠡᠯᠢᠭᠡ ᠪᠥᠭᠡᠷᠡᠨ ᠦ᠌ ᠬᠠᠯᠠᠭᠤᠨ ᠢ᠋ ᠠᠷᠢᠯᠭᠠᠬᠤ᠂ ᠪᠥᠭᠡᠷᠡᠨ ᠲᠠᠮᠢᠷ ᠢ᠋ ᠰᠠᠢᠵᠢᠷᠠᠭᠤᠯᠬᠤ ; ᠬᠤᠷᠠᠭᠠᠨ ᠴᠢᠬᠢ᠂ ᠭᠢᠰᠢᠭᠦᠨ᠎ᠡ᠂ ᠳᠠᠯᠠᠨ ᠲᠦᠷᠦᠭᠦᠦ᠂ ᠵᠢᠭᠠᠷ ᠵᠡᠷᠭᠡ ᠨᠢ ᠨᠢᠶᠠᠨ ᠢ᠋ ᠨᠢᠲᠤᠯᠵᠤ᠂ ᠬᠠᠪᠤᠳᠠᠷ ᠢ᠋ ᠬᠠᠷᠢᠭᠤᠯᠬᠤ; ᠭᠢᠰᠢᠭᠦᠨ᠎ᠡ ᠨᠢ ᠥᠳᠬᠡᠨ ᠮᠥᠷ ᠦ᠋ᠨ ᠵᠠᠮ ᠢ᠋ᠶ᠋ᠠᠷ ᠤᠰᠤ ᠶ᠋ᠢ ᠤᠳᠤᠷᠢᠳᠬᠤ ; ᠰᠢᠷ᠎ᠠ ᠭᠠ ᠨᠢ ᠰᠢᠭᠡᠰᠦᠨ ᠵᠠᠮ ᠢ᠋ᠶ᠋ᠠᠷ ᠤᠰᠤ ᠶ᠋ᠢ ᠤᠳᠤᠷᠢᠳᠬᠤ ;ᠦᠮᠡᠬᠡᠢ ᠵᠡᠭᠡᠰᠦ ᠨᠢ ᠬᠡᠢ ᠶ᠋ᠢᠨ ᠬᠢᠮᠤᠷᠠᠯ ᠢ᠋ ᠲᠡᠭᠰᠢᠳᠬᠡᠵᠦ᠂ ᠮᠠᠬᠠᠪᠣᠳ ᠢ ᠰᠢᠮᠡᠵᠢᠭᠦᠯᠦᠨ᠎ᠡ᠃ ᠲᠡᠢᠮᠦ ᠡᠴᠡ ᠲᠤᠰ ᠨᠠᠢᠷᠠᠯᠭ᠎ᠠ ᠨᠢ ᠪᠥᠭᠡᠷᠡᠨ ᠦ᠌ ᠤᠰᠤ ᠠᠯᠳᠠᠭᠰᠠᠨ ᠬᠠᠪᠤᠩ᠂ ᠨᠢᠭᠤᠭᠳᠠᠭᠰᠠᠨ ᠬᠠᠯᠠᠭᠤᠨ ᠵᠡᠷᠭᠡ ᠶ᠋ᠢ ᠤᠰᠤᠨ ᠵᠠᠮ ᠢ᠋ᠶ᠋ᠠᠷ ᠤᠳᠤᠷᠢᠳᠴᠤ ᠴᠢᠳᠠᠬᠤ ᠲᠤᠯᠠ ᠬᠠᠪᠤᠩ ᠢ᠋ ᠬᠠᠲᠠᠭᠠᠵᠤ᠂ ᠰᠢᠭᠡᠯᠭᠡᠬᠦ ᠦᠢᠯᠡᠳᠦᠯ ᠢᠯᠡᠳᠲᠡ ᠪᠠᠢᠳᠠᠭ᠃ 
       ᠬᠡᠷᠡᠭᠯᠡᠬᠦ ᠠᠷᠭ᠎ᠠ᠄ ᠨᠢᠷᠤᠭᠤᠨ ᠤ᠋ 14 ᠳ᠋ᠦ᠍ᠭᠡᠷ ᠦᠶ᠎ᠡ (ᠪᠥᠭᠡᠷᠡᠨ ᠪᠠᠯᠴᠢᠷ) ᠲᠤ᠌ ᠲᠠᠯᠬ᠎ᠠ ᠡᠮ ᠢ᠋ᠶ᠋ᠡᠨ ᠤᠰᠤ ᠪᠠᠷ ᠵᠢᠭᠤᠷᠠᠵᠤ ᠨᠠᠭᠠᠨ᠎ᠠ᠃ 24 ᠴᠠᠭ ᠲᠤ᠌ ᠨᠢᠭᠡ ᠤᠳᠠᠭ᠎ᠠ ᠰᠣᠯᠢᠵᠤ᠂ ᠡᠳᠡᠭᠡᠷᠡᠲᠡᠯ᠎ᠡ ᠨᠠᠭᠠᠵᠤ ᠪᠣᠯᠤᠨ᠎ᠠ᠃ 
       ᠬᠣᠶᠠᠷ ᠂ ᠡᠮᠴᠢᠯᠡᠭᠡ ᠵᠠᠰᠠᠬᠤ 
       ᠵᠠᠷᠴᠢᠮ᠄ ᠬᠠᠯᠠᠭᠤᠨ ᠢ᠋ ᠠᠷᠢᠯᠭᠠᠵᠤ᠂ ᠨᠢᠶᠠᠨ ᠢ᠋ ᠨᠢᠲᠤᠯᠵᠤ᠂ ᠤᠰᠤᠨ ᠵᠠᠮ ᠢ᠋ ᠨᠡᠭᠡᠭᠡᠬᠦ᠂ ᠮᠠᠬᠠᠪᠣᠳ ᠢ᠋ ᠲᠡᠭᠰᠢᠳᠬᠡᠬᠦ ᠪᠠ ᠲᠤᠬᠠᠢ ᠶ᠋ᠢᠨ ᠪᠠᠢᠳᠠᠯ ᠳ᠋ᠤ᠌ ᠤᠶᠠᠯᠳᠤᠭᠤᠯᠵᠤ ᠵᠠᠰᠠᠨ᠎ᠠ᠃ ᠶᠡᠷᠦᠩᠬᠡᠢ ᠳ᠋ᠦ᠍ᠨᠢ ᠨᠠᠭᠠᠯᠲᠠ ᠬᠢᠬᠦ ᠶ᠋ᠢᠨ ᠬᠠᠮᠲᠤ ᠭᠤᠷᠪᠠᠨ ᠤᠯᠠᠭᠠᠨ ᠳᠠᠩ᠂ ᠪᠥᠭᠡᠷᠡᠨ ᠠᠷᠤᠷ᠎ᠠ — 10 ᠂ ᠰᠠᠷᠢ ᠭᠠᠷᠤᠳᠢ ᠭᠦᠷᠭᠦᠮ —7 ᠶ᠋ᠢ ᠤᠤᠭᠤᠯᠭᠠᠨ᠎ᠠ᠃ ᠬᠡᠢ ᠳᠡᠢᠯᠦᠩᠭᠦᠢ ᠳ᠋ᠦ᠍ ᠠᠭᠠᠷᠤ 8 — ᠠᠭᠠᠷᠤ —35 ᠶ᠋ᠢ ᠥᠭᠬᠦ ; ᠰᠢᠷ᠎ᠠ ᠳᠡᠢᠯᠦᠩᠭᠦᠢ ᠳ᠋ᠦ᠍ ᠶᠡᠬᠡ ᠬᠠᠷ᠎ᠠ— 12 ᠢ᠋ ᠥᠭᠬᠦ ; ᠪᠠᠳᠬᠠᠨ ᠳᠡᠢᠯᠦᠩᠭᠦᠢ ᠳ᠋ᠦ᠍ ᠲᠤᠩᠭᠠᠯᠠᠭ— 5 ᠬᠠᠷᠠᠪᠤᠷ — 1 6 ᠶ᠋ᠢ ᠥᠭᠬᠦ; ᠮᠠᠬᠠᠪᠣᠳ ᠢ᠋ ᠲᠡᠭᠰᠢᠳᠬᠡᠬᠦ ᠳ᠋ᠦ᠍ ᠶᠡᠬᠡ ᠳᠠᠩ ᠢ᠋ ᠥᠭᠬᠦ; ᠰᠠᠪᠠ ᠶ᠋ᠢᠨ ᠢᠯᠴᠢ ᠶ᠋ᠢ ᠰᠠᠢᠵᠢᠷᠠᠭᠤᠯᠬᠤ ᠳ᠋ᠤ᠌ ᠷᠦᠳᠠ — 6 ᠶ᠋ᠢ ᠥᠭᠬᠦ; ᠴᠢᠰᠤᠨ ᠳᠠᠷᠤᠯᠲᠠ ᠶ᠋ᠢ ᠪᠠᠭᠤᠷᠠᠭᠤᠯᠵᠤ᠂ ᠴᠢᠰᠤᠨ ᠬᠠᠯᠠᠭᠤᠨ ᠢ ᠠᠷᠢᠯᠭᠠᠬᠤ ᠳ᠋ᠤ᠌ ᠶᠡᠬᠡ ᠤᠯᠠᠭᠠᠨ —13 ᠳᠠᠩ ᠢ᠋ ᠥᠭᠬᠦ ; ᠬᠠᠪᠤᠩ ᠢ᠋ ᠬᠠᠲᠠᠭᠠᠬᠤ  ᠳ᠋ᠤ᠌ ᠠᠯᠲᠠᠨ ᠡᠯᠡᠰᠦ —8 ᠶ᠋ᠢ ᠥᠭᠴᠦ ᠤᠤᠭᠤᠯᠭᠠᠨ᠎ᠠ᠃ 
       ᠡᠮ ᠤᠤᠭᠤᠬᠤ ᠬᠤᠭᠤᠴᠠᠭ᠎ᠠ᠄ 6 ᠡᠳᠦᠷ ᠢ᠋ ᠨᠢᠭᠡ ᠡᠮᠴᠢᠯᠡᠭᠡᠨ ᠦ᠌ ᠬᠤᠭᠤᠴᠠᠭ᠎ᠠ ᠪᠣᠯᠭᠠᠵᠤ᠂ ᠬᠤᠭᠤᠴᠠᠭ᠎ᠠ ᠪᠦᠷᠢ ᠳ᠋ᠦ᠍ ᠪᠦᠬᠦ ᠲᠠᠯ᠎ᠠ ᠶ᠋ᠢᠨ ᠪᠠᠢᠴᠠᠭᠠᠯᠲᠠ ᠶ᠋ᠢ 1 — 2 ᠤᠳᠠᠭ᠎ᠠ ᠬᠢᠨ᠎ᠡ᠃ ᠣᠯᠠᠩᠬᠢ ᠡᠪᠡᠳᠴᠢᠲᠡᠨ 2 — 3 ᠬᠤᠭᠤᠴᠠᠭ᠎ᠠ ᠶ᠋ᠢᠨ ᠡᠮᠴᠢᠯᠡᠭᠡᠨ ᠳ᠋ᠦ᠍ ᠡᠳᠡᠭᠡᠷᠡᠵᠦ᠂ ᠤᠵᠢᠭᠰᠢᠷᠠᠭᠰᠠᠨ ᠴᠤ᠌ 5 — 8 ᠡᠮᠴᠢᠯᠡᠭᠡᠨ ᠦ᠌ ᠬᠤᠭᠤᠴᠠᠭᠠᠨ ᠳ᠋ᠤ᠌ ᠡᠳᠡᠭᠡᠷᠡᠵᠦ ᠴᠢᠳᠠᠳᠠᠭ᠃ 
       ᠡᠮᠴᠢᠯᠡᠭᠡᠨ ᠦ᠌ ᠦᠷ᠎ᠡ ᠳ᠋ᠦᠩ ᠦ᠋ᠨ ᠪᠠᠷᠢᠮᠵᠢᠶ᠎ᠠ᠄ 
       ᠡᠳᠡᠭᠡᠷᠡᠭᠰᠡᠨ ᠨᠢ᠄ ᠰᠢᠨᠵᠢ ᠲᠡᠮᠳᠡᠭ ᠨᠢ ᠪᠦᠷᠢᠮᠦᠰᠦᠨ ᠠᠷᠢᠯᠵᠤ᠂ ᠪᠡᠶ᠎ᠡ ᠨᠢ ᠡᠷᠡᠭᠦᠯ ᠬᠡᠪ ᠲᠡᠭᠡᠨ ᠣᠷᠣᠬᠤ ; 
       ᠰᠠᠢᠵᠢᠷᠠᠭᠰᠠᠨ ᠨᠢ᠄ ᠪᠡᠶ᠎ᠡ ᠨᠢ ᠡᠷᠡᠭᠦᠯᠰᠢᠭᠰᠡᠨ ᠴᠦ᠍ ᠥᠳᠥᠭᠡᠬᠦ ᠨᠥᠬᠥᠴᠡᠯ ᠤᠴᠠᠷᠠᠪᠠᠯ ᠪᠡᠶ᠎ᠡ ᠠᠯᠵᠢᠶᠠᠬᠤ᠂ ᠳᠤᠷᠠᠰᠢᠯ ᠠᠮᠤᠷ ᠦᠭᠡᠢ ᠵᠡᠷᠭᠡ ᠰᠢᠨᠵᠢ ᠢᠯᠡᠷᠡᠳᠡᠭ᠃ 
       ᠡᠭᠦᠨ ᠳ᠋ᠦ᠍ ᠡᠳᠡᠭᠡᠷᠡᠭᠰᠡᠨ ᠨᠢ 115 ᠵᠢᠱ᠌ᠢᠶ᠎ᠡ ᠪᠠᠢᠵᠤ ᠂ 97.4% ᠶ᠋ᠢ ᠡᠵᠡᠯᠡᠨ᠎ᠡ ᠃ ᠰᠠᠢᠵᠢᠷᠠᠭᠰᠠᠨ ᠨᠢ 3 ᠵᠢᠱ᠌ᠢᠶ᠎ᠡ ᠪᠠᠢᠵᠤ᠂ 26% ᠶ᠋ᠢ ᠡᠵᠡᠯᠡᠨ᠎ᠡ ᠃ 
       ᠭᠤᠷᠪᠠ ᠂ ᠨᠡᠢᠲᠡᠯᠢᠭ ᠵᠢᠱ᠌ᠢᠶ᠎ᠡ 
       ᠡᠪᠡᠳᠴᠢᠲᠡᠨ ᠴᠢ *** ᠡᠷᠡᠭᠲᠡᠢ᠂ 26 ᠨᠠᠰᠤᠲᠠᠢ᠂ ᠮᠣᠩᠭᠣᠯ ᠦᠨᠳᠦᠰᠦᠲᠡᠨ᠃ ᠵᠠᠷᠤᠳ ᠬᠤᠰᠢᠭᠤᠨ ᠤ᠋ ᠳᠣᠯᠣᠳᠣ ᠰᠤᠮᠤ ᠶ᠋ᠢᠨ ᠮᠠᠯᠴᠢᠨ᠂ ᠡᠪᠡᠳᠴᠢᠲᠡᠨ 1991 ᠣᠨ ᠤ᠋ 6 ᠰᠠᠷ᠎ᠠ ᠶ᠋ᠢᠨ 3 ᠤ᠋ ᠡᠳᠦᠷ ᠡᠴᠡ ᠪᠡᠶ᠎ᠡ ᠨᠢ ᠵᠢᠭᠠᠬᠠᠨ ᠬᠠᠯᠠᠭᠤᠷᠠᠵᠤ᠂ ᠬᠣᠭᠣᠯᠠᠢ ᠡᠪᠡᠳᠴᠦ ᠪᠠᠭ᠎ᠠ ᠬᠠᠨᠢᠶᠠᠵᠤ ᠪᠠᠢᠭᠰᠠᠨ ᠳ᠋ᠤ᠌ ᠡᠮ ᠤᠤᠭᠤᠵᠤ ᠨᠠᠮᠳᠠᠭᠰᠠᠨ ᠪᠣᠯᠪᠠᠴᠤ 6 ᠰᠠᠷ᠎ᠠ ᠶ᠋ᠢᠨ 10 ᠤ᠋ ᠡᠳᠦᠷ ᠡᠴᠡ ᠡᠬᠢᠯᠡᠵᠦ ᠶᠡᠬᠡ ᠤᠮᠳᠠᠭᠠᠰᠬᠤ᠂ ᠳᠤᠷ᠎ᠠ ᠪᠤᠯᠭᠢᠬᠤ᠂ ᠣᠭᠰᠢᠵᠤ ᠪᠥᠭᠡᠯᠵᠢᠬᠦ ᠪᠠ ᠨᠢᠭᠤᠷ᠂ ᠨᠢᠳᠦᠨ ᠵᠣᠪᠬᠢ ᠬᠠᠪᠤᠩᠨᠠᠵᠤ᠂ ᠳᠠᠷᠠᠭ᠎ᠠ ᠡᠳᠦᠷ ᠡᠴᠡ ᠨᠢ ᠪᠦᠬᠦ ᠪᠡᠶ᠎ᠡ ᠬᠠᠪᠤᠩᠨᠠᠪᠠ᠃ ᠰᠢᠭᠡᠰᠦᠨ ᠦ᠌ ᠬᠡᠮᠵᠢᠶ᠎ᠡ 24 ᠴᠠᠭ ᠲᠤ᠌ 500ml ᠡᠴᠡ ᠬᠡᠲᠦᠷᠡᠬᠦ ᠦᠭᠡᠢ᠂ ᠥᠳᠬᠡᠨ ᠴᠠᠢ ᠶ᠋ᠢᠨ ᠥᠩᠭᠡ ᠲᠡᠢ᠂ ᠦᠮᠡᠬᠡᠢ ᠦᠨᠦᠷᠲᠡᠢ᠃ ᠲᠣᠯᠣᠭᠠᠢ ᠡᠪᠡᠳᠬᠦ᠂ ᠨᠢᠳᠦᠨ ᠤᠬᠤᠷᠬᠠᠢ ᠴᠢᠨᠦᠷᠡᠵᠦ ᠡᠪᠡᠳᠬᠦ᠂ ᠠᠮᠢᠰᠬᠤᠯ ᠳᠠᠪᠬᠤᠴᠠᠬᠤ᠂ ᠬᠣᠳᠣᠭᠣᠳᠣ ᠠᠶᠤᠤᠯᠢᠬᠠᠢ ᠬᠥᠭᠡᠭᠡᠵᠦ ᠬᠠᠪᠤᠩᠨᠠᠨ᠂ ᠳᠤᠷᠠᠰᠢᠯ ᠬᠠᠭᠠᠭᠳᠠᠪᠠ᠃ ᠭᠠᠵᠠᠷ ᠣᠷᠣᠨ ᠳ᠋ᠠᠭᠠᠨ ᠦᠷᠪᠢᠰᠦᠯ ᠢ᠋ ᠳᠠᠷᠤᠬᠤ ᠡᠮ ᠤᠤᠭᠤᠭᠰᠠᠨ ᠴᠤ᠌ ᠲᠣᠰᠠᠨ ᠪᠣᠯᠤᠭᠰᠠᠨ ᠦᠭᠡᠢ 1991ᠣᠨ ᠤ᠋ 6 ᠰᠠᠷ᠎ᠠ ᠶ᠋ᠢᠨ 15 ᠤ᠋ ᠡᠳᠦᠷ ᠮᠠᠨ ᠤ᠋ ᠡᠭᠦᠳᠡᠨ ᠡᠮᠨᠡᠯᠭᠡ ᠳ᠋ᠦ᠍ ᠢᠷᠡᠵᠦ ᠦᠵᠡᠭᠦᠯᠪᠡ᠃ 
       ᠪᠠᠢᠴᠠᠭᠠᠯᠲᠠ᠄  ᠮᠡᠳᠡᠷᠡᠯ ᠲᠣᠳᠣᠷᠬᠠᠢ ᠴᠣᠭ ᠵᠢᠪᠬᠤᠭ᠎ᠠ ᠵᠦᠭᠡᠷ᠂ ᠬᠡᠯᠡ ᠰᠢᠷᠠᠪᠲᠤᠷ ᠵᠤᠵᠠᠭᠠᠨ ᠥᠩᠭᠥᠷ ᠲᠡᠢ ᠬᠥᠪᠡᠭᠡ ᠨᠢ ᠣᠷᠣ ᠲᠠᠢ᠃ ᠰᠤᠳᠠᠯ ᠨᠠᠷᠢᠨ ᠡᠷᠴᠢᠮᠲᠡᠢ᠂ ᠴᠠᠭ ᠤ᠋ᠨ ᠰᠤᠳᠠᠯ ᠪᠣᠯᠭᠢᠯᠵᠠᠵᠤ ᠴᠡᠴᠡᠷᠡᠨ᠎ᠡ᠃ ᠬᠠᠪᠤᠩ ᠤ᠋ᠨ ᠨᠠᠢ᠍ᠮᠠᠨ ᠬᠣᠲᠠ ᠳ᠋ᠤ᠌ ᠰᠡᠯᠬᠦᠷᠡᠭᠰᠡᠨ ᠪᠥᠭᠡᠳ ᠬᠢᠩᠭᠠᠷ ᠰᠢᠯᠪᠢ ᠶ᠋ᠢ ᠳᠠᠷᠤᠬᠤ ᠳ᠋ᠤ᠌ ᠪᠠᠷᠤᠭ 0.5cm ᠭᠦᠨ ᠣᠷᠣᠮ ᠦᠯᠡᠳᠡᠨ᠎ᠡ᠂ ᠪᠡᠶ᠎ᠡ ᠶ᠋ᠢᠨ ᠬᠠᠯᠠᠭᠤᠨ ᠨᠢ 38.1℃᠂ ᠴᠢᠰᠤᠨ ᠳᠠᠷᠤᠯᠲᠠ 160 /110mmHg᠂ ᠵᠢᠷᠦᠬᠡᠨ ᠴᠣᠬᠢᠯᠭ᠎ᠠ 92 ᠤᠳᠠᠭ᠎ᠠ /ᠮᠢᠨᠦ᠋ᠲ᠂ ᠲᠡᠭᠰᠢ ᠬᠡᠮᠨᠡᠯ ᠲᠡᠢ᠂ ᠬᠣᠯᠢᠮᠠᠭ ᠠᠪᠢᠶ᠎ᠠ ᠦᠭᠡᠢ᠂ ᠠᠭᠤᠰᠬᠢᠨ ᠤ᠋ ᠪᠠᠷᠠᠭᠤᠨ ᠳᠣᠣᠷ᠎ᠠ ᠨᠠᠪᠴᠢ ᠳ᠋ᠤ᠌ ᠨᠠᠷᠢᠨ ᠬᠡᠷᠴᠢᠭᠢᠨᠡᠬᠦ ᠠᠪᠢᠶ᠎ᠠ ᠲᠠᠢ᠃ ᠡᠯᠢᠭᠡ ᠳᠡᠯᠢᠭᠦᠦ ᠲᠡᠮᠲᠡᠷᠢᠭᠳᠡᠬᠦ ᠦᠭᠡᠢ᠃ ᠰᠢᠭᠡᠰᠦ ᠶ᠋ᠢᠨ ᠬᠢᠮᠢ ᠶ᠋ᠢᠨ ᠪᠠᠢᠴᠠᠭᠠᠯᠲᠠ ᠳ᠋ᠤ᠌ ᠤᠭᠤᠷᠠᠭ(+++) ᠤᠯᠠᠭᠠᠨ ᠡᠰ 7 — 9 /mm3 ᠴᠠᠭᠠᠨ ᠡᠰ 3 — 5 /mm3 ᠤᠭᠤᠷᠠᠭ ᠮᠥᠬᠥᠯᠢᠭᠲᠦ ᠭᠤᠤᠷᠰᠤᠨ ᠬᠡᠯᠪᠡᠷᠢ 2 — 3 /mm3 ᠪᠠᠢᠨ᠎ᠠ᠃ ᠴᠢᠰᠤᠨ ᠴᠠᠭᠠᠨ ᠡᠰ 18. 000 /mm3 ᠰᠠᠭᠠᠷᠮᠠᠭ ᠡᠰ ᠨᠢ 87% ᠴᠢᠰᠤᠨ ᠲᠤᠨᠤᠯᠲᠠ 85/ mmh᠃ 
       ᠣᠨᠣᠰᠢᠯᠠᠯ᠄ 1 ᠪᠥᠭᠡᠷᠡᠨ ᠨᠢᠭᠤᠭᠳᠠᠭᠰᠠᠨ ᠬᠠᠯᠭᠤᠨ 
                  2 ᠪᠥᠭᠡᠷᠡᠨ ᠤᠰᠤᠨ ᠬᠠᠪᠤᠩ 
       ᠵᠠᠰᠠᠬᠤ ᠵᠠᠷᠴᠢᠮ᠄ ᠬᠠᠯᠠᠭᠤᠨ ᠢ᠋ ᠠᠷᠢᠯᠭᠠᠵᠤ《ᠨᠢᠶᠠᠨ ᠢ᠋ ᠨᠢᠲᠤᠯᠵᠤ ᠂ ᠤᠰᠤᠨ ᠵᠠᠮ ᠢ᠋ ᠨᠡᠭᠡᠭᠡᠵᠦ ᠲᠤᠬᠠᠢ ᠶ᠋ᠢᠨ ᠪᠠᠢᠳᠠᠯ ᠳ᠋ᠤ᠌ ᠤᠶᠠᠯᠳᠤᠭᠤᠯᠵᠤ ᠵᠠᠰᠠᠪᠠ᠃ ᠡᠮ᠄ ᠠᠩᠬ᠎ᠠ ᠬᠠᠪᠤᠳᠠᠷ ᠤ᠋ᠨ ᠨᠠᠭᠠᠯᠲᠠ ᠶ᠋ᠢ 14 ᠳ᠋ᠦ᠍ᠭᠡᠷ ᠦᠶ᠎ᠡ ᠳ᠋ᠦ᠍ ᠨᠠᠭᠠᠵᠤ ᠥᠭᠪᠡ᠃ ᠥᠷᠯᠥᠭᠡ ᠳ᠋ᠦ᠍ ᠶᠡᠬᠡ ᠬᠠᠷ᠎ᠠ — 12 ᠭᠦᠷᠭᠦᠮ—7 ᠲᠣᠰᠪᠣᠷᠢ 3 g ᠢ᠋ ᠵᠠᠮᠪᠠ ᠶ᠋ᠢᠨ ᠦᠷ᠎ᠡ ᠪᠡᠷ ᠳᠠᠷᠤᠭᠤᠯᠤᠨ ᠥᠭᠴᠦ ᠦᠳᠡ ᠳ᠋ᠦ᠍ ᠠᠯᠲᠠᠨ ᠡᠯᠡᠰᠦ᠂ ᠪᠥᠭᠡᠷᠡᠨ ᠠᠷᠤᠷ᠎ᠠ — 10 ᠶ᠋ᠢ ᠲᠣᠰᠪᠣᠷᠢ 41 ᠪᠡᠷ ᠳᠠᠷᠤᠭᠤᠯᠤᠨ ᠥᠭᠴᠦ᠂ ᠣᠷᠣᠢ ᠳ᠋ᠤ᠌ ᠰᠡᠷᠢ ᠭᠠᠷᠤᠳᠢ ᠶ᠋ᠢᠨ 15 ᠦᠷᠢᠯ ᠢ᠋ ᠪᠠᠯᠢᠭ᠎ᠠ ᠶ᠋ᠢᠨ ᠱᠦᠭᠦᠰᠦ ᠪᠡᠷ ᠳᠠᠷᠤᠭᠤᠯᠤᠨ᠂ 6 ᠡᠳᠦᠷ ᠦ᠋ᠨ ᠡᠮ ᠤᠤᠭᠤᠯᠭᠠᠪᠠ᠃ ᠬᠣᠶᠠᠳᠤᠭᠠᠷ ᠡᠮᠨᠡᠯᠲᠡ1991 ᠣᠨ ᠤ᠋ 6 ᠰᠠᠷ᠎ᠠ ᠶ᠋ᠢᠨ 22 ᠤ᠋ ᠡᠳᠦᠷ᠃ ᠡᠮ ᠤᠤᠭᠤᠭᠰᠠᠨ ᠤ᠋ ᠳᠠᠷᠠᠭ᠎ᠠ ᠰᠢᠭᠡᠰᠦᠨ ᠬᠡᠮᠵᠢᠶ᠎ᠡ ᠠᠷᠪᠢᠳᠴᠤ 24 ᠴᠠᠭ ᠲᠤ᠌ 3 .000ml ᠰᠢᠬᠠᠮ ᠪᠣᠯᠤᠭᠰᠠᠨ ᠪᠠᠢᠪᠠ᠃ ᠤᠮᠳᠠᠭᠠᠰᠬᠤ ᠲᠣᠯᠣᠭᠠᠢ ᠡᠪᠡᠳᠬᠦ ᠨᠠᠮᠵᠢᠵᠤ, ᠳᠤᠷᠠᠰᠢᠯ ᠨᠡᠭᠡᠭᠡᠭᠳᠡᠵᠦ ᠬᠠᠪᠤᠩ ᠴᠤ᠌ ᠠᠭᠠᠵᠢᠮ ᠢ᠋ᠶ᠋ᠠᠷ ᠠᠷᠢᠯᠪᠠ᠃ ᠭᠡᠪᠡᠴᠦ ᠬᠠᠶᠠ ᠲᠣᠯᠣᠭᠠᠢ ᠡᠷᠭᠢᠨ᠎ᠡ᠃ ᠬᠡᠯᠡ᠂ ᠰᠢᠷᠠᠪᠲᠤᠷ ᠨᠢᠮᠭᠡᠨ ᠥᠩᠭᠥᠷ ᠲᠡᠢ᠂ ᠬᠥᠪᠡᠭᠡ ᠨᠢ ᠣᠷᠣ ᠲᠠᠢ᠃ ᠭᠠᠨ ᠤ᠋ ᠰᠤᠳᠠᠯ ᠡᠷᠴᠢᠮᠲᠡᠢ᠂ ᠴᠠᠭ ᠤ᠋ᠨ ᠰᠤᠳᠠᠯ ᠳᠡᠯᠭᠡᠷᠡᠩᠭᠦᠢ ᠯᠤᠭᠰᠢᠨ᠎ᠠ᠃ ᠴᠢᠰᠤᠨ ᠳᠠᠷᠤᠯᠲᠠ 130/ 85 mmHg᠃ ᠬᠢᠩᠭᠠᠷ ᠰᠢᠯᠪᠢ ᠶ᠋ᠢ ᠳᠠᠷᠤᠬᠤ ᠳ᠋ᠤ᠌ 0.1 cm ᠤ᠋ᠨ ᠣᠷᠣᠮ ᠲᠠᠢ᠂ ᠪᠡᠶ᠎ᠡ ᠶ᠋ᠢᠨ ᠬᠠᠯᠠᠭᠤᠨ ᠨᠢ 38 .5℃᠂ ᠵᠢᠷᠦᠬᠡᠨ ᠴᠣᠬᠢᠯᠭ᠎ᠠ 87 ᠤᠳᠠᠭ᠎ᠠ / ᠮᠢᠨᠦ᠋ᠲ᠂ ᠰᠢᠭᠡᠰᠦᠨ ᠤᠭᠤᠷᠠᠭ(+) ᠤᠯᠠᠭᠠᠨ ᠡᠰ 0 — 2 / mm3 ᠴᠠᠭᠠᠨ ᠡᠰ 3 — 5 /mm3 ᠴᠢᠰᠤᠨ ᠲᠤᠨᠤᠳᠠᠰᠤ ᠡᠷᠡᠭᠦᠯ᠂ ᠴᠢᠰᠤᠨ ᠤ᠋ ᠴᠠᠭᠠᠨ ᠡᠰ 11.000 / mm3 ᠰᠠᠭᠠᠷᠮᠠᠭ ᠡᠰ 75% ᠃ 
       ᠡᠮ᠄ ᠬᠠᠪᠤᠳᠠᠷ ᠤ᠋ᠨ ᠨᠠᠭᠠᠯᠲᠠ ᠪᠠᠨ ᠨᠠᠭᠠᠬᠤ ᠶ᠋ᠢᠨ ᠳᠠᠭᠠᠤ ᠳᠡᠭᠡᠷᠡᠬᠢ ᠡᠮ ᠡᠴᠡ ᠰᠣᠩᠭᠣᠵᠤ 6 ᠡᠳᠦᠷ ᠤᠤᠭᠤᠯᠭᠠᠪᠠ᠃ ᠭᠤᠷᠪᠠᠳᠤᠭᠠᠷ ᠡᠮᠨᠡᠯᠲᠡ᠄ 1991 ᠦ ᠶ᠋ᠢᠨ 6 ᠰᠠᠷ᠎ᠠ ᠶ᠋ᠢᠨ 28 ᠤ᠋ ᠡᠳᠦᠷ᠃ ᠪᠠᠢᠴᠠᠭᠠᠬᠤ ᠳ᠋ᠤ᠌ ᠡᠪᠡᠳᠴᠢᠨ ᠦ᠌ ᠰᠢᠨᠵᠢ ᠲᠡᠮᠳᠡᠭ ᠠᠷᠢᠯᠪᠠ᠃ ᠰᠤᠳᠠᠯ ᠨᠠᠷᠢᠨ ᠲᠦᠷᠭᠡᠨ᠃ ᠬᠡᠯᠡ ᠰᠢᠷᠠᠪᠲᠤᠷ ᠨᠢᠮᠭᠡᠨ ᠥᠩᠭᠥᠷ ᠲᠡᠢ᠃ ᠴᠢᠰᠤᠨ ᠳᠠᠷᠤᠯᠲᠠ 120 / 75mmHg᠂ ᠰᠢᠭᠡᠰᠦᠨ ᠦ᠌ ᠬᠢᠮᠢ ᠶ᠋ᠢᠨ ᠪᠠᠢᠴᠠᠭᠠᠯᠲᠠ ᠡᠷᠡᠭᠦᠯ ᠪᠣᠯᠪᠠ᠃ ᠭᠡᠪᠡᠴᠦ ᠡᠮᠴᠢᠯᠡᠭᠡᠨ ᠦ᠌ ᠪᠦᠲᠦᠮᠵᠢ ᠶ᠋ᠢ ᠪᠠᠲᠤᠳᠬᠠᠬᠤ ᠪᠠᠷ ᠭᠤᠷᠪᠠᠨ ᠤᠯᠠᠭᠠᠨ ᠳᠠᠩ ᠰᠠᠷᠢ ᠭᠠᠷᠤᠳᠢ ᠶᠡᠬᠡ ᠳᠠᠩ ᠢ 6 ᠡᠳᠦᠷ ᠦ᠋ᠨ ᠥᠭᠪᠡ᠃ ᠡᠨᠡ ᠮᠡᠲᠦ18 ᠡᠳᠦᠷ ᠲᠦ᠍ ᠪᠦᠷᠢᠨ ᠡᠳᠡᠭᠡᠷᠡᠵᠡᠢ᠃ ᠨᠡᠬᠡᠮᠵᠢᠯᠡᠨ ᠰᠤᠷᠠᠭᠯᠠᠬᠤ ᠳ᠋ᠤ᠌ ᠡᠪᠡᠳᠴᠢᠨ ᠨᠢ ᠳᠠᠬᠢᠭᠰᠠᠨ ᠦᠭᠡᠢ᠃ 
       ᠳᠥᠷᠪᠡ᠂ ᠣᠢᠯᠠᠭᠠᠯᠲᠠ 
       ᠡᠮᠴᠢᠯᠡᠭᠡᠨ ᠦ᠌ 《ᠠᠵᠢᠭᠯᠠᠯᠲᠠ ᠪᠠᠨ ᠡᠮᠬᠢᠳᠬᠡᠭᠰᠡᠨ ᠦ᠌ ᠳ᠋ᠦᠩ ᠳ᠋ᠦ᠍ ᠲᠦᠷᠭᠡᠨ ᠤᠳᠠᠭᠠᠨ᠂ ᠬᠦᠨᠳᠦ ᠬᠥᠩᠭᠡᠨ ᠢ᠋ ᠦᠨᠳᠦᠰᠦᠯᠡᠨ ᠡᠬᠢᠨ᠂ ᠳᠤᠮᠳᠠ᠂ ᠡᠴᠦᠰ ᠭᠡᠵᠦ ᠭᠤᠷᠪᠠᠨ ᠱᠠᠲᠤ ᠬᠤᠪᠢᠶᠠᠵᠤ ᠪᠣᠯᠤᠨ᠎ᠠ ᠡᠬᠢᠨ ᠦ᠌ ᠬᠤᠭᠤᠴᠠᠭ᠎ᠠ ᠨᠢ ᠪᠥᠭᠡᠷᠡᠨ ᠦ᠌ ᠤᠰᠤ ᠠᠯᠳᠠᠭᠰᠠᠨ ᠲᠠᠢ ᠲᠥᠰᠦᠭᠡᠲᠡᠢ᠃ 《ᠳᠥᠷᠪᠡᠨ ᠦᠨᠳᠦᠰᠦᠨ》 ᠳ᠋ᠦ᠍ 《ᠤᠰᠤ ᠠᠯᠳᠠᠭᠰᠠᠨ ᠨᠢ ᠪᠥᠭᠡᠷᠡᠨ ᠦ᠌ ᠰᠤᠳᠠᠯ ᠳ᠋ᠤ᠌ ᠲᠠᠷᠬᠠᠭᠰᠠᠨ ᠪᠠ ᠡᠯᠢᠭᠡᠨ ᠦ᠌ ᠴᠢᠰᠤᠨ ᠢ᠋ᠶ᠋ᠠᠷ ᠤᠰᠤᠨ (ᠰᠢᠭᠡᠰᠦᠨ)  ᠠᠨᠤ ᠴᠢᠰᠤᠨ ᠭᠠᠷᠤᠮᠤᠢ 》ᠭᠡᠵᠡᠢ᠃ ᠳᠤᠮᠳᠠ ᠱᠠᠲᠤ ᠨᠢ ᠪᠥᠭᠡᠷᠡᠨ ᠦ᠌ ᠨᠢᠭᠤᠭᠳᠠᠭᠰᠠᠨ ᠬᠠᠯᠠᠭᠤᠨ ᠲᠠᠢ ᠲᠥᠰᠦᠭᠡᠲᠡᠢ᠃ 《ᠳᠥᠷᠪᠡᠨ ᠦᠨᠳᠦᠰᠦᠨ》 ᠳ᠋ᠦ᠍ 《ᠨᠢᠭᠤᠭᠳᠠᠭᠰᠠᠨ ᠬᠠᠯᠠᠭᠤᠨ ᠠᠨᠤ ᠰᠢᠭᠡᠰᠦ ᠲᠣᠰᠤᠯᠤᠨ ᠴᠢᠰᠤ ᠭᠠᠷᠬᠤ᠂ ᠠᠷᠢᠬᠢ ᠤᠤᠭᠤᠬᠤ᠂ ᠶᠠᠪᠤᠵᠤ ᠰᠠᠭᠤᠬᠤ ᠶ᠋ᠢᠨ ᠬᠣᠢᠨ᠎ᠠ ᠬᠥᠯ ᠬᠦᠨᠳᠦ᠂  ᠪᠥᠭᠡᠷᠡᠨ ᠰᠤᠳᠠᠯ ᠬᠠᠮᠢᠭ᠎ᠠ ᠪᠠᠭᠤᠪᠠᠰᠤ ᠬᠠᠳᠬᠤᠯᠠᠬᠤ ᠪᠠ ᠡᠪᠡᠳᠬᠦ ᠪᠣᠢ 》 ᠭᠡᠵᠡᠢ᠃ ᠡᠴᠦᠰ ᠦ᠋ᠨ ᠱᠠᠲᠤ᠂ ᠪᠥᠭᠡᠷ᠎ᠡ ᠶ᠋ᠢᠨ ᠤᠰᠤᠨ ᠬᠠᠪᠤᠩ ᠲᠠᠢ ᠲᠥᠰᠦᠭᠡᠲᠡᠢ᠃ 《ᠳᠣᠲᠣᠷ ᠡᠪᠡᠳᠴᠢᠨ ᠦ᠌ ᠰᠤᠳᠤᠯᠤᠯ 》 ᠳ᠋ᠤ᠌ 《ᠪᠥᠭᠡᠷᠡᠨ ᠦ᠌ ᠤᠰᠤᠨ ᠬᠠᠪᠤᠩ — ᠰᠢᠭᠡᠰᠦ ᠴᠤᠭᠯᠠᠷᠠᠭᠰᠠᠨ ᠤᠰᠤᠨ ᠬᠠᠪᠤᠩ ᠪᠣᠯ ᠰᠢᠷ᠎ᠠ ᠤᠰᠤᠨ ᠤ᠋ ᠴᠢᠨᠠᠷ ᠳᠡᠢᠯᠦᠩᠭᠦᠢ ᠳᠣᠣᠷᠠᠲᠤ ᠬᠡᠢ ᠤᠷᠪᠠᠬᠤ ᠶ᠋ᠢᠨ ᠬᠠᠮᠲᠤ ᠬᠣᠳᠣᠭᠣᠳᠣ ᠬᠥᠭᠡᠭᠡᠵᠦ ᠬᠤᠷᠴᠢᠭᠢᠨᠠᠨ᠂ ᠬᠠᠪᠤᠩ ᠤ᠋ᠨ ᠤᠰᠤᠯᠢᠭ ᠤ᠋ᠨ ᠬᠤᠷᠠᠯᠲᠠ ᠮᠠᠰᠢ ᠲᠦᠷᠭᠡᠨ᠂ ᠵᠣᠪᠬᠢ ᠠ᠋ᠴᠠ ᠡᠬᠢᠯᠡᠵᠦ ᠬᠠᠪᠤᠩᠨᠠᠬᠤ᠂ ᠥᠷᠯᠥᠭᠡ ᠪᠣᠰᠤᠭᠰᠠᠨ ᠳᠠᠷᠤᠢ ᠨᠡᠩ ᠲᠣᠳᠣᠷᠬᠠᠢ᠃ ᠨᠢᠭᠤᠷ᠂ ᠥᠯᠮᠡᠢ᠂ ᠰᠢᠯᠪᠢ ᠪᠡᠷ ᠰᠡᠯᠬᠦᠷᠡᠵᠦ᠂ ᠰᠢᠭᠡᠰᠦᠨ ᠦ᠌ ᠥᠩᠭᠡ ᠬᠦᠷᠡᠩ ᠤᠯᠠᠭᠠᠨ ᠪᠣᠯᠵᠤ ᠪᠤᠯᠠᠩᠭᠢᠷᠲᠤᠨ᠎ᠠ᠃ ᠡᠨᠡ ᠨᠢ ᠪᠥᠭᠡᠷᠡᠨ ᠦ᠌ ᠰᠤᠳᠠᠯ ᠤ᠋ᠨ ᠠᠮᠠ ᠤᠷᠪᠠᠭᠰᠠᠨ ᠠ᠋ᠴᠠ ᠪᠣᠯᠵᠤ ᠪᠠᠢᠳᠠᠭ᠃ ᠰᠢᠭᠡᠰᠦᠨ ᠬᠡᠮᠵᠢᠶ᠎ᠡ ᠪᠠᠭᠠᠰᠬᠤ ᠪᠤᠶᠤ ᠪᠠᠷᠤᠭ ᠰᠢᠭᠡᠰᠦ ᠦᠭᠡᠢ ᠪᠣᠯᠬᠤ ᠴᠤ᠌ ᠪᠣᠢ᠃ ᠴᠢᠰᠤᠨ ᠳᠠᠷᠤᠯᠲᠠ ᠥᠨᠳᠥᠷᠵᠢᠬᠦ ᠪᠤᠶᠤ ᠡᠳᠦᠷ ᠪᠦᠷᠢ ᠥᠭᠡᠷᠡᠳᠡᠬᠦ ᠪᠠᠢᠳᠠᠯ ᠳ᠋ᠤ᠌ ᠣᠷᠣᠨ᠎ᠠ 》ᠭᠡᠵᠦ ᠲᠡᠮᠳᠡᠭᠯᠡᠭᠰᠡᠨ ᠪᠠᠢᠳᠠᠭ᠃ ᠭᠡᠪᠡᠴᠦ ᠡᠪᠡᠳᠴᠢᠨ ᠦ᠌ ᠭᠤᠷᠪᠠᠨ ᠱᠠᠲᠤ ᠨᠢ ᠲᠡᠢᠮᠦ ᠰᠠᠯᠤᠩᠭᠢᠳᠠ ᠪᠢᠰᠢ ᠬᠠᠷᠢᠯᠴᠠᠨ ᠤᠯᠠᠷᠢᠨ ᠰᠢᠯᠵᠢᠬᠦ ᠵᠠᠷᠢᠮ ᠳ᠋ᠠᠭᠠᠨ ᠠᠯᠬᠤᠮ ᠳᠠᠷᠠᠭ᠎ᠠ ᠪᠠᠷ ᠢᠯᠡᠷᠡᠬᠦ ᠵᠠᠷᠢᠮ ᠳ᠋ᠠᠭᠠᠨ ᠬᠠᠮᠲᠤᠪᠠᠷ ᠢᠯᠡᠷᠡᠬᠦ ᠴᠦ᠍ ᠪᠣᠢ᠃ ᠡᠨᠡ ᠨᠢ ᠡᠪᠡᠳᠴᠢᠨ ᠦ᠌ ᠬᠦᠴᠦᠨ᠂ ᠪᠡᠶ᠎ᠡ ᠶ᠋ᠢᠨ ᠲᠠᠮᠢᠷ ᠠ᠋ᠴᠠ ᠰᠢᠢᠳᠪᠦᠷᠢᠯᠡᠭᠳᠡᠨ᠎ᠡ ᠭᠡᠵᠦ ᠦᠵᠡᠵᠦ ᠪᠣᠢ ᠃ 

  ᠢᠷᠡᠯᠲᠡ᠄《 ᠮᠣᠩᠭᠣᠯ ᠡᠮ ᠡᠮᠨᠡᠯᠭᠡ 》ᠰᠡᠳᠬᠦᠯ   1993 ᠣᠨ ᠤ᠋ 2 ᠳ᠋ᠤᠭᠠᠷ ᠬᠤᠭᠤᠴᠠᠭ᠎ᠠ  
        ᠦᠰᠦᠭ ᠠᠮᠢᠯᠠᠭᠤᠯᠤᠭᠴᠢ ᠄ ᠭᠠᠸᠠ 
        ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃