ᠬᠠᠢᠷ᠎ᠠ ᠬᠠᠨᠢ ᠶ᠋ᠢᠨ ᠨᠤᠲᠤᠭ-ᠰ· ᠤᠶᠠᠩᠭ᠎ᠠХайр ханийн нутаг-С·Уянга ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠬᠠᠨᠢ ᠶ᠋ᠢᠨ ᠨᠤᠲᠤᠭ-ᠰ· ᠤᠶᠠᠩᠭ᠎ᠠХайр ханийн нутаг-С·Уянга

ᠬᠠᠢᠷ᠎ᠠ ᠬᠠᠨᠢ ᠶ᠋ᠢᠨ ᠨᠤᠲᠤᠭ-ᠰ· ᠤᠶᠠᠩᠭ᠎ᠠХайр ханийн нутаг-С·Уянга

ᠠᠩᠭᠢᠯᠠᠯ:ᠳᠠᠭᠤᠤ ᠬᠥᠭᠵᠢᠮ
2025-06-29

802

ᠬᠠᠢᠷ᠎ᠠ ᠬᠠᠨᠢ ᠶ᠋ᠢᠨ ᠨᠤᠲᠤᠭ

   ᠳᠠᠭᠤᠴᠢᠨ᠄ ᠰ· ᠤᠶᠠᠩᠭ᠎ᠠ 

ᠠᠮᠢᠳᠤᠷᠠᠯ ᠤ᠋ᠨ ᠮᠢᠩᠭᠠᠨ ᠨᠠᠪᠴᠢᠰ 
ᠬᠣᠷᠸ᠎ᠠ ᠳ᠋ᠤ᠌ ᠪᠦᠲᠦᠨ ᠳᠡᠯᠭᠡᠷᠡᠭᠰᠡᠨ 
ᠠᠯᠤᠰ ᠡᠷᠲᠡ ᠶ᠋ᠢᠨ ᠳᠣᠮᠣᠭ 
ᠬᠣᠩᠭᠣᠷ ᠵᠢᠷᠦᠬᠡ ᠶ᠋ᠢ ᠳᠤᠯᠠᠭᠠᠯᠠᠭᠰᠠᠨ 
ᠨᠠᠯᠠᠭᠠᠷᠬᠠᠨ ᠨᠤᠲᠤᠭ ᠤ᠋ᠨ 
ᠰᠠᠯᠬᠢ ᠨᠢ ᠪᠢ ᠪᠢᠯᠡ 
ᠨᠠᠭᠠᠯᠢᠩᠬᠠᠢ ᠨᠡᠷ᠎ᠡ ᠲᠡᠢ ᠴᠡᠴᠡᠭ ᠨᠢ ᠴᠢ ᠪᠢᠯᠡ 

ᠬᠠᠢᠷ᠎ᠠ ᠬᠠᠨᠢ ᠶ᠋ᠢᠨ ᠨᠤᠲᠤᠭ ᠲᠠᠭᠠᠨ 
ᠬᠠᠷᠢᠭᠠᠳ ᠣᠴᠢᠶ᠎ᠠ ᠬᠣᠶᠠᠭᠤᠯᠠ ᠪᠠᠨ
ᠪᠤᠭᠤᠷᠤᠯ ᠮᠣᠷᠢᠨ ᠳ᠋ᠤ᠌ ᠪᠠᠨ ᠮᠣᠷᠳᠠᠶ᠎ᠠ
ᠪᠣᠭᠳᠠ ᠠᠭᠤᠯᠠᠨ ᠳ᠋ᠤ᠌ ᠪᠠᠨ ᠮᠥᠷᠭᠥᠶ᠎ᠡ
ᠬᠠᠢᠷ᠎ᠠ ᠬᠠᠨᠢ ᠶ᠋ᠢᠨ ᠨᠤᠲᠤᠭ ᠲᠠᠭᠠᠨ
ᠬᠠᠷᠢᠭᠠᠳ ᠣᠴᠢᠶ᠎ᠠ ᠬᠣᠶᠠᠭᠤᠯᠠ ᠪᠠᠨ
ᠬᠠᠯᠠᠭᠤᠨ ᠭᠠᠷ ᠢ᠋ᠶ᠋ᠠᠨ ᠥᠭᠭᠦᠭᠡᠷᠡᠢ
ᠬᠠᠢᠷ᠎ᠠ ᠶ᠋ᠢᠨ ᠦᠭᠡ ᠪᠡᠨ ᠬᠡᠯᠡᠭᠡᠷᠡᠢ

ᠦᠳᠡᠰᠢ ᠶ᠋ᠢᠨ ᠲᠦᠮᠡᠨ ᠣᠳᠣᠳ
ᠬᠣᠲᠠ ᠶ᠋ᠢᠨ ᠴᠢᠯᠥᠭᠡᠨ ᠳ᠋ᠦ᠍ ᠲᠥᠭᠡᠷᠢᠭᠰᠡᠨ
ᠥᠭᠡᠳᠡᠩ ᠴᠠᠭᠠᠨ ᠡᠭᠦᠯᠡᠰ
ᠬᠣᠨᠣᠭ ᠤ᠋ᠨ ᠵᠡᠭᠦᠳᠦᠨ ᠳ᠋ᠦ᠍ ᠬᠥᠭᠯᠡᠷᠡᠭᠰᠡᠨ

ᠨᠠᠮᠤᠷ ᠵᠤᠨ ᠬᠣᠶᠠᠷ ᠤ᠋ᠨ
ᠵᠠᠩ ᠨᠢ ᠪᠢᠳᠡ ᠪᠢᠯᠡ
ᠨᠠᠰᠤ ᠪᠡᠶ᠎ᠡ ᠬᠣᠶᠠᠷ ᠤ᠋ᠨ
ᠵᠠᠶᠠᠭ᠎ᠠ ᠨᠢ ᠪᠢᠳᠡ ᠪᠢᠯᠡ

ᠬᠠᠢᠷ᠎ᠠ ᠬᠠᠨᠢ ᠶ᠋ᠢᠨ ᠨᠤᠲᠤᠭ ᠲᠠᠭᠠᠨ
ᠬᠠᠷᠢᠭᠠᠳ ᠣᠴᠢᠶ᠎ᠠ ᠬᠣᠶᠠᠭᠤᠯᠠ ᠪᠠᠨ

ᠬᠠᠯᠠᠭᠤᠨ ᠴᠠᠢ ᠪᠠᠨ ᠠᠮᠰᠠᠶ᠎ᠠ
ᠬᠥᠳᠡᠭᠡ ᠭᠡᠷ ᠲᠡᠭᠡᠨ ᠰᠠᠭᠤᠶ᠎ᠠ
ᠬᠠᠢᠷ᠎ᠠ ᠬᠠᠨᠢ ᠶ᠋ᠢᠨ ᠨᠤᠲᠤᠭ ᠲᠠᠭᠠᠨ
ᠬᠠᠷᠢᠭᠠᠳ ᠣᠴᠢᠶ᠎ᠠ ᠬᠣᠶᠠᠭᠤᠯᠠ ᠪᠠᠨ
ᠬᠠᠯᠠᠭᠤᠨ ᠭᠠᠷ ᠢ᠋ᠶ᠋ᠠᠨ ᠥᠭᠭᠦᠭᠡᠷᠡᠢ
ᠬᠠᠢᠷ᠎ᠠ ᠶ᠋ᠢᠨ ᠦᠭᠡ ᠪᠡᠨ ᠬᠡᠯᠡᠭᠡᠷᠡᠢ
ᠬᠠᠢᠷ᠎ᠠ ᠬᠠᠨᠢ ᠶ᠋ᠢᠨ ᠨᠤᠲᠤᠭ ᠲᠠᠭᠠᠨ
ᠬᠠᠷᠢᠭᠠᠳ ᠣᠴᠢᠶ᠎ᠠ ᠬᠣᠶᠠᠭᠤᠯᠠ ᠪᠠᠨ

ᠬᠠᠯᠠᠭᠤᠨ ᠴᠠᠢ ᠪᠠᠨ ᠠᠮᠰᠠᠶ᠎ᠠ   
ᠬᠥᠳᠡᠭᠡ ᠭᠡᠷ ᠲᠡᠭᠡᠨ ᠰᠠᠭᠤᠶ᠎ᠠ
ᠬᠠᠢᠷ᠎ᠠ ᠬᠠᠨᠢ ᠶ᠋ᠢᠨ ᠨᠤᠲᠤᠭ ᠲᠠᠭᠠᠨ
ᠬᠠᠷᠢᠭᠠᠳ ᠣᠴᠢᠶ᠎ᠠ ᠬᠣᠶᠠᠭᠤᠯᠠ ᠪᠠᠨ
ᠬᠠᠯᠠᠭᠤᠨ ᠭᠠᠷ ᠢ᠋ᠶ᠋ᠠᠨ ᠥᠭᠭᠦᠭᠡᠷᠡᠢ
ᠬᠠᠢᠷ᠎ᠠ ᠶ᠋ᠢᠨ ᠦᠭᠡ ᠪᠡᠨ ᠬᠡᠯᠡᠭᠡᠷᠡᠢ
ᠬᠠᠢᠷ᠎ᠠ ᠶ᠋ᠢᠨ ᠦᠭᠡ ᠪᠡᠨ ᠬᠡᠯᠡᠭᠡᠷᠡᠢ

    ᠦᠰᠦᠭ ᠠᠮᠢᠯᠠᠭᠤᠯᠤᠭᠴᠢ᠄ᠪᠠᠢ ᠰᠠᠷᠠᠨ᠎ᠠ
    ᠦᠰᠦᠭ ᠬᠠᠲᠠᠭᠰᠠᠨ ᠨᠢ᠄ ᠪᠠᠢ ᠰᠠᠷᠠᠨ᠎ᠠ