ᠴᠢ ᠮᠢᠨᠦ-ᠪᠥᠬᠡЧи миний-Бөх
ᠴᠢ ᠮᠢᠨᠦ
ᠰᠢᠯᠦᠭ᠄ ᠦ᠊• ᠴᠡᠩᠭᠡᠯᠲᠦ
ᠠᠶ᠎ᠠ ᠄ ᠬᠠᠢ ᠯᠠᠢ ᠠ ᠮᠦ᠍
ᠳᠠᠭᠤᠴᠢᠨ᠄(BH) ᠪᠥᠬᠡ
ᠠᠩᠬ᠎ᠠ ᠤᠴᠠᠷᠠᠭᠰᠠᠨ ᠲᠡᠷᠡᠬᠡᠨ ᠮᠥᠴᠡ ᠡᠴᠡ ᠪᠡᠨ
ᠪᠣᠳᠣᠯ ᠤ᠋ᠨ ᠭᠦᠨ ᠳ᠋ᠡᠭᠡᠨ ᠴᠢᠮ᠎ᠠ ᠳ᠋ᠠᠭᠠᠨ ᠲᠠᠲᠠᠭᠳᠠᠭᠰᠠᠨ
ᠤᠭᠲᠤᠵᠤ ᠢᠷᠡᠭᠰᠡᠨ ᠴᠠᠭ ᠬᠤᠭᠤᠴᠠᠭᠠᠨ ᠤ᠋ ᠡᠷᠭᠢᠯᠲᠡ ᠪᠦᠬᠦᠨ ᠢ᠋ ᠪᠢ
ᠣᠷᠴᠢᠯᠠᠩ ᠳ᠋ᠤ᠌ ᠠᠭᠢᠭᠠᠳ ᠣᠯᠳᠠᠰᠢ ᠦᠭᠡᠢ ᠴᠢᠮ᠎ᠠ ᠲᠠᠢ ᠪᠠᠨ ᠳᠣᠭᠣᠯᠤᠶ᠎ᠠ
ᠬᠠᠪᠤᠷ ᠤ᠋ᠨ ᠢᠷᠭᠤᠢ ᠳᠡᠯᠭᠡᠷᠡᠬᠦ ᠶ᠋ᠢᠨ ᠴᠠᠭ ᠢ᠋ᠶ᠋ᠠᠷ
ᠬᠠᠢᠷ᠎ᠠ ᠶ᠋ᠢᠨ ᠳᠠᠭᠤᠤ ᠪᠠᠨ ᠪᠢ ᠴᠢᠮ᠎ᠠ ᠳ᠋ᠠᠭᠠᠨ ᠳᠠᠭᠤᠯᠠᠶ᠎ᠠ
ᠨᠠᠮᠤᠷ ᠤ᠋ᠨ ᠨᠠᠪᠴᠢᠰ ᠭᠠᠩᠳᠠᠨ ᠤᠨᠠᠬᠤ ᠳ᠋ᠤ᠌ ᠤᠢᠳᠤᠭᠰᠠᠨ ᠬᠠᠷᠠᠴᠠ ᠶ᠋ᠢ ᠴᠢᠨᠢ
ᠨᠠᠨᠳᠢᠨ ᠬᠠᠢᠷ᠎ᠠ ᠶ᠋ᠢᠨ ᠢᠨᠢᠶᠡᠳᠦ ᠪᠡᠷ ᠢ᠋ᠶ᠋ᠡᠨ ᠠᠷᠭᠠᠳᠠᠨ ᠳᠠᠭᠤᠯᠠᠶ᠎ᠠ
ᠴᠢ ᠮᠢᠨᠦ ᠭᠠᠭᠴᠠᠬᠠᠨ ᠣᠯᠳᠠᠬᠤ ᠠᠮᠢᠳᠤᠷᠠᠯ ᠤ᠋ᠨ ᠮᠢᠨᠢ ᠭᠡᠭᠡᠨ ᠰᠠᠷᠠᠨ ᠰᠢᠦ
ᠴᠢᠮ᠎ᠠ ᠳ᠋ᠠᠭᠠᠨ ᠪᠢ ᠴᠢᠨᠢ ᠬᠠᠢᠷᠠᠲᠠᠢ ᠰᠢᠦ
ᠡᠨᠡ ᠬᠠᠢᠷ᠎ᠠ ᠶ᠋ᠢᠨ ᠦᠯᠢᠭᠡᠷ ᠳᠣᠮᠣᠭ ᠳᠠᠭᠤᠰᠤᠨ ᠳᠠᠭᠤᠰᠲᠠᠯ᠎ᠠ
ᠴᠢᠮ᠎ᠠ ᠲᠠᠢ ᠪᠠᠨ ᠬᠣᠣᠰᠯᠠᠨ ᠳᠠᠭᠤᠯᠠᠶ᠎ᠠ
ᠴᠢ ᠮᠢᠨᠦ ᠵᠢᠷᠦᠬᠡᠨ ᠳ᠋ᠦ᠍ ᠨᠢᠰᠦᠭᠰᠡᠨ ᠬᠤᠨ ᠰᠢᠪᠠᠭᠤᠨ ᠤ᠋ ᠤᠶᠠᠬᠠᠨ ᠭᠠᠩᠭᠠᠨᠠᠭ᠎ᠠ ᠰᠢᠦ
ᠴᠢᠮ᠎ᠠ ᠳ᠋ᠠᠭᠠᠨ ᠪᠢ ᠴᠢᠨᠢ ᠬᠠᠢᠷᠠᠲᠠᠢ ᠰᠢᠦ
ᠡᠨᠡ ᠬᠠᠢᠷ᠎ᠠ ᠶ᠋ᠢᠨ ᠦᠯᠢᠭᠡᠷ ᠳᠣᠮᠣᠭ ᠳᠠᠭᠤᠰᠤᠨ ᠳᠠᠭᠤᠰᠲᠠᠯ᠎ᠠ
ᠴᠢᠮ᠎ᠠ ᠲᠠᠢ ᠪᠠᠨ ᠬᠣᠣᠰᠯᠠᠨ ᠳᠠᠭᠤᠯᠠᠶ᠎ᠠ
ᠦᠰᠦᠭ ᠠᠮᠢᠯᠠᠭᠤᠯᠤᠭᠴᠢ᠄ ᠰ· ᠳᠣᠷᠣᠨ᠎ᠠ
ᠦᠰᠦᠭ ᠬᠠᠲᠠᠭᠴᠢ᠄ ᠮᠣᠳᠣᠲᠤ ᠬᠠᠪᠤᠷᠵᠢᠶ᠎ᠠ
ᠬᠢᠨᠠᠭᠴᠢ᠄ ᠲᠦᠮᠡᠨᠴᠡᠴᠡᠭ
