ᠴᠠᠭᠠᠨ ᠨᠠᠭᠤᠷ -ᠨᠤᠭᠤᠨᠵᠠᠶᠠᠭ᠎ᠠ ᠬᠠᠮᠲᠤᠯᠢᠭЦагаан нуур-Ногонзаяа Хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠨᠠᠭᠤᠷ -ᠨᠤᠭᠤᠨᠵᠠᠶᠠᠭ᠎ᠠ ᠬᠠᠮᠲᠤᠯᠢᠭЦагаан нуур-Ногонзаяа Хамтлаг

ᠴᠠᠭᠠᠨ ᠨᠠᠭᠤᠷ -ᠨᠤᠭᠤᠨᠵᠠᠶᠠᠭ᠎ᠠ ᠬᠠᠮᠲᠤᠯᠢᠭЦагаан нуур-Ногонзаяа Хамтлаг

ᠠᠩᠭᠢᠯᠠᠯ:ᠳᠠᠭᠤᠤ ᠬᠥᠭᠵᠢᠮ
2025-06-29

1089

ᠴᠠᠭᠠᠨ ᠨᠠᠭᠤᠷ

   ᠦᠭᠡ ᠠᠶ᠎ᠠ᠄ ᠰᠠᠷᠠᠭᠤᠯᠰᠠᠢᠬᠠᠨ 
   ᠨᠤᠭᠤᠨᠵᠠᠶᠠᠭ᠎ᠠ  ᠬᠠᠮᠲᠤᠯᠢᠭ ᠳᠠᠭᠤᠯᠠᠨ᠎ᠠ 


ᠳᠠᠭᠤᠨ ᠤ᠋ ᠭᠠᠵᠠᠷ ᠠ᠋ᠴᠠ ᠪᠣᠯᠣᠷ ᠰᠣᠨᠳᠣᠷ ᠲᠠᠢ 
ᠳᠥᠯᠭᠡᠨ ᠴᠠᠭᠠᠨ ᠨᠠᠭᠤᠷ ᠤᠶᠠᠩᠭ᠎ᠠ ᠳᠠᠭᠤᠤ ᠪᠠᠨ ᠬᠠᠢᠯᠠᠨ᠎ᠠ 
ᠳᠣᠮᠣᠭ ᠤ᠋ᠨ ᠳᠤᠮᠳᠠ ᠠ᠋ᠴᠠ ᠪᠠᠨ ᠵᠢᠭᠦᠷᠲᠦ ᠬᠦᠯᠦᠭ ᠨᠢ ᠳᠡᠭᠦᠯᠢᠭᠰᠡᠨ 
ᠳᠣᠷᠣᠨ᠎ᠠ ᠶ᠋ᠢᠨ ᠭᠡᠭᠡᠨ ᠣᠨᠳᠣᠷᠣᠭ᠎ᠠ 
ᠰᠤᠪᠤᠳ ᠤ᠋ᠨ ᠰᠠᠷᠠᠨ ᠤ᠋ ᠲᠤᠶᠠᠭ᠎ᠠ 
ᠴᠠᠭᠠᠨ ᠨᠠᠭᠤᠷ ᠲᠩᠷᠢ ᠶ᠋ᠢᠨ ᠷᠠᠰᠢᠶᠠᠨ 
ᠴᠠᠢᠳᠠᠮ ᠲᠠᠯ᠎ᠠ ᠶ᠋ᠢᠨ ᠡᠷᠳᠡᠨᠢ 
ᠴᠠᠭᠠᠨ ᠰᠡᠳᠬᠢᠯ ᠦ᠋ᠨ ᠠᠷᠢᠭᠤᠨ ᠪᠤᠯᠠᠭ ᠮᠢᠨᠢ 
ᠴᠠᠭᠠᠨ ᠨᠠᠭᠤᠷ ᠲᠩᠷᠢ ᠶ᠋ᠢᠨ ᠷᠠᠰᠢᠶᠠᠨ
ᠴᠠᠢᠳᠠᠮ ᠲᠠᠯ᠎ᠠ ᠶ᠋ᠢᠨ ᠡᠷᠳᠡᠨᠢ
ᠴᠠᠭᠠᠨ ᠰᠡᠳᠬᠢᠯ ᠦ᠋ᠨ ᠠᠷᠢᠭᠤᠨ ᠪᠤᠯᠠᠭ ᠮᠢᠨᠢ
ᠠ᠂᠂᠂᠂

ᠨᠢᠭᠤᠴᠠ ᠶ᠋ᠢᠨ ᠨᠢᠭᠤᠴᠠ ᠠ᠋ᠴᠠ ᠲᠣᠯᠢᠳᠠᠨ ᠲᠤᠨᠤᠷᠠᠭᠰᠠᠨ
ᠮᠥᠩᠭᠥᠨ ᠴᠠᠭᠠᠨ ᠨᠠᠭᠤᠷ ᠬᠠᠭᠤᠴᠢᠨ ᠤ᠋
ᠳᠣᠮᠣᠭ ᠢ᠋ᠶ᠋ᠠᠨ ᠶᠠᠷᠢᠨ᠎ᠠ
ᠡᠵᠢ ᠶ᠋ᠢᠨ ᠮᠢᠨᠢ ᠬᠠᠢᠷᠠᠯᠠᠨ ᠳᠡᠭᠡᠵᠢ ᠪᠡᠨ ᠡᠷᠭᠦᠭᠰᠡᠨ
ᠡᠷᠲᠡᠨ ᠦ᠌ ᠦᠯᠢᠭᠡᠷ ᠳᠣᠮᠣᠭ ᠤ᠋ᠨ ᠲᠩᠷᠢ ᠡᠴᠡ ᠲᠤᠰᠤᠭᠰᠠᠨ ᠭᠡᠭᠡ
ᠴᠠᠭᠠᠨ ᠨᠠᠭᠤᠷ ᠲᠩᠷᠢ ᠶ᠋ᠢᠨ ᠷᠠᠰᠢᠶᠠᠨ
ᠴᠠᠢᠳᠠᠮ ᠲᠠᠯ᠎ᠠ ᠶ᠋ᠢᠨ ᠡᠷᠳᠡᠨᠢ
ᠴᠠᠭᠠᠨ ᠰᠡᠳᠬᠢᠯ ᠦ᠋ᠨ ᠠᠷᠢᠭᠤᠨ ᠪᠤᠯᠠᠭ ᠮᠢᠨᠢ
ᠴᠠᠭᠠᠨ ᠨᠠᠭᠤᠷ ᠲᠩᠷᠢ ᠶ᠋ᠢᠨ ᠷᠠᠰᠢᠶᠠᠨ
ᠴᠠᠢᠳᠠᠮ ᠲᠠᠯ᠎ᠠ ᠶ᠋ᠢᠨ ᠡᠷᠳᠡᠨᠢ
ᠴᠠᠭᠠᠨ ᠰᠡᠳᠬᠢᠯ ᠦ᠋ᠨ ᠠᠷᠢᠭᠤᠨ ᠪᠤᠯᠠᠭ ᠮᠢᠨᠢ
ᠴᠠᠭᠠᠨ ᠰᠡᠳᠬᠢᠯ ᠦ᠋ᠨ ᠠᠷᠢᠭᠤᠨ ᠪᠤᠯᠠᠭ ᠮᠢᠨᠢ
ᠠ᠂᠂᠂᠂

  ᠦᠰᠦᠭ ᠬᠠᠳᠠᠭᠴᠢ ᠦᠰᠦᠭ ᠠᠮᠢᠯᠠᠭᠤᠯᠤᠭᠴᠢ᠄ ᠪᠠᠢ ᠰᠠᠷᠠᠨ᠎ᠠ
  ᠬᠢᠨᠠᠭᠴᠢ᠄ ᠲᠣᠳᠣᠭᠡᠷᠡᠯ᠂ ᠪᠢᠮᠪᠠ᠂ ᠠᠯᠲᠠᠨ᠌ᠠ᠋ᠭᠤᠯᠠ