ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠳᠤ ᠂ ᠨᠢᠭᠡᠳᠦᠭᠡᠷ ᠪᠦᠯᠦᠭ 〔ᠨᠢᠭᠡ〕 Цаг төрийн үймээн – Д ᠂ Намдаг - Амьдралын зам ᠂ нэгдүгээр бүлэг - 1 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠳᠤ ᠂ ᠨᠢᠭᠡᠳᠦᠭᠡᠷ ᠪᠦᠯᠦᠭ 〔ᠨᠢᠭᠡ〕 Цаг төрийн үймээн – Д ᠂ Намдаг - Амьдралын зам ᠂ нэгдүгээр бүлэг - 1

ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠳᠤ ᠂ ᠨᠢᠭᠡᠳᠦᠭᠡᠷ ᠪᠦᠯᠦᠭ 〔ᠨᠢᠭᠡ〕 Цаг төрийн үймээн – Д ᠂ Намдаг - Амьдралын зам ᠂ нэгдүгээр бүлэг - 1

ᠠᠩᠭᠢᠯᠠᠯ:ᠲᠤᠭᠤᠵᠢ ᠷᠣᠮᠠᠨ
2025-06-27

592

ᠠᠩᠬᠠᠨ ᠤ ᠡᠳᠦᠷ


       ᠣᠭᠲᠠᠷᠭᠤᠢ ᠶ᠋ᠢᠨ ᠭᠦᠨ ᠳ᠋ᠡᠬᠢ ᠣᠳᠣᠨ ᠮᠡᠴᠢᠳ ᠵᠡᠭᠦᠨ ᠡᠴᠡ ᠪᠡᠨ ᠥᠩᠭᠡ ᠪᠠᠭᠤᠷᠠᠨ ᠰᠢᠩᠭᠡᠷᠡᠵᠦ ᠡᠬᠢᠯᠡᠪᠡ᠃ ᠡᠨᠡ ᠪᠣᠯ ᠤᠳᠠᠬᠤ ᠦᠭᠡᠢ ᠦᠦᠷ ᠴᠠᠢᠬᠤ ᠶ᠋ᠢᠨ ᠲᠡᠮᠳᠡᠭ ᠪᠢᠯᠡ᠃ ᠲᠡᠭᠦᠨ ᠦ᠌ ᠳᠣᠣᠷᠠᠬᠢ ᠪᠦᠳᠡᠭᠢ ᠪᠡᠲᠡᠭᠢ ᠶ᠋ᠢᠨ ᠪᠠᠷᠠᠭᠠᠨ ᠳ᠋ᠤ᠌ ᠬᠠᠯᠬ᠎ᠠ ᠶ᠋ᠢᠨ ᠭᠤᠷᠪᠠᠨ ᠵᠢᠩᠴᠢᠨ《ᠵᠡᠭᠦᠨ ᠬᠠᠷᠠᠭ᠎ᠠ》 ᠬᠡᠮᠡᠬᠦ ᠬᠥᠳᠡᠭᠡᠬᠢ ᠨᠤᠲᠤᠭ ᠤ᠋ᠨ ᠨᠢᠭᠡᠨ ᠪᠠᠶᠠᠨ ᠫᠦᠰᠡ ᠶ᠋ᠢᠨ ᠵᠤᠵᠠᠭᠠᠨ ᠰᠢᠪᠡᠷ ᠬᠠᠨ᠎ᠠ ᠲᠠᠢ ᠪᠠᠢᠰᠢᠩ ᠠ᠋ᠴᠠ ᠲᠣᠮᠣ ᠲᠣᠮᠣ ᠪᠠᠭᠯᠠᠭ᠎ᠠ ᠨᠤᠭᠤᠳ ᠢ᠋ ᠥᠩᠬᠥᠷᠢᠭᠦᠯᠦᠨ ᠭᠠᠷᠭᠠᠵᠤ᠂ ᠠᠲᠠᠷ ᠲᠠᠷᠭᠤᠨ ᠲᠡᠮᠡᠭᠡ ᠨᠦ᠍ᠭᠦᠳ ᠲᠦ᠍ ᠬᠦᠴᠦ ᠳᠠᠢᠴᠢᠯᠠᠨ ᠳᠡᠩᠨᠡᠨ᠎ᠡ᠃  
       ᠡᠪᠦᠯ ᠦ᠋ᠨ ᠡᠬᠢᠨ ᠰᠠᠷ᠎ᠠ ᠶ᠋ᠢᠨ ᠦᠦᠷ ᠰᠥᠨᠢ᠂ ᠵᠢᠪᠠᠷ ᠶᠠᠭ ᠦᠭᠡᠢ ᠵᠢᠩᠳᠡᠭᠦᠨ ᠪᠠᠢᠪᠠᠴᠤ᠂ ᠲᠥᠷᠥᠯᠬᠢ ᠶ᠋ᠢᠨ ᠴᠢᠭᠢᠷᠠᠭ ᠪᠣᠯᠤᠭᠠᠳ ᠲᠠᠭᠠᠷᠠᠬᠤ ᠬᠠᠯᠠᠭᠤᠴᠠᠬᠤ ᠬᠣᠶᠠᠷ ᠢ᠋ ᠳᠠᠩᠴᠤ ᠶᠡᠬᠡ ᠶᠠᠭᠤᠮᠠᠨ ᠳ᠋ᠤ᠌ ᠪᠣᠳᠣᠳᠠᠭ ᠦᠭᠡᠢ ᠲᠡᠷᠡ ᠵᠢᠩ ᠦ᠋ᠨ ᠬᠥᠮᠦᠰ ᠴᠡᠭᠡᠵᠢᠨ ᠳ᠋ᠡᠭᠡᠨ ᠳᠠᠩ ᠴᠠᠮᠴᠠ ᠪᠠᠷ ᠪᠤᠶᠤ ᠪᠣᠰᠢᠨᠵᠠ ᠲᠡᠳᠦᠢᠬᠡᠨ ᠢ᠋ ᠡᠮᠦᠰᠦᠭᠰᠡᠨ ᠠᠵᠢ᠃ ᠭᠡᠲᠡᠯ᠎ᠡ ᠲᠡᠳᠡᠨ ᠦ᠌ ᠨᠢᠭᠡ ᠨᠢ ᠪᠦᠷ ᠴᠡᠭᠡᠵᠢ ᠨᠢᠴᠦᠭᠦᠨ ᠪᠥᠭᠡᠳ᠂ ᠨᠢᠴᠦᠭᠦᠨ ᠴᠡᠭᠡᠵᠢ ᠪᠡᠨ ᠭᠢᠯᠠᠯᠵᠠᠭᠤᠯᠬᠤ ᠠᠲᠠᠯ᠎ᠠ᠂ ᠨᠥᠭᠦᠭᠡ ᠬᠣᠶᠠᠷ ᠠ᠋ᠴᠠ ᠪᠠᠨ ᠢᠯᠡᠭᠦᠦ ᠲᠡᠢ ᠬᠠᠯᠠᠭᠤᠴᠠᠬᠤ ᠤᠴᠢᠷ ᠬᠥᠯᠥᠷᠡᠭᠰᠡᠨ ᠪᠡᠶ᠎ᠡ ᠡᠴᠡ ᠨᠢ ᠠᠭᠤᠷ ᠰᠠᠪᠰᠠᠬᠤ ᠪᠥᠭᠡᠳ ᠬᠥᠮᠦᠨ ᠬᠥᠮᠦᠨ ᠡᠴᠡ ᠭᠠᠵᠢᠭᠤᠳᠠ ᠶᠠᠭᠤᠮ᠎ᠠ ᠰᠢᠭ᠋ ᠦᠵᠡᠭᠳᠡᠨ᠎ᠡ᠃ ᠡᠨᠡ ᠡᠷ᠎ᠡ ᠪᠣᠯ ᠨᠥᠭᠦᠭᠡ ᠬᠣᠶᠠᠷ ᠡᠷ᠎ᠡ ᠶ᠋ᠢᠨ ᠳᠤᠮᠳᠠ ᠶ᠋ᠢᠨ ᠵᠠᠷᠤᠴᠠ ᠳ᠋ᠠᠨᠽᠠᠨ ᠭᠡᠭᠴᠢ ᠪᠠᠢᠯ᠎ᠠ᠃  
       ᠠᠲᠠᠷ ᠲᠠᠷᠭᠤᠨ ᠲᠡᠮᠡᠭᠡ ᠨᠦ᠍ᠭᠦᠳ ᠠᠨᠢᠷ ᠴᠢᠮᠡᠭᠡᠨ ᠦ᠌ ᠳᠤᠮᠳᠠ ᠬᠠᠮᠠᠷ ᠱᠤᠤᠬᠢᠲᠤᠨᠠᠭᠤᠯᠤᠨ ᠬᠠᠶᠠ ᠨᠢᠭᠡ ᠨᠢ ᠲᠠᠲᠠᠯᠭ᠎ᠠ ᠴᠢᠩᠭᠠᠯᠠᠬᠤ ᠳ᠋ᠤ᠌ ᠶᠠᠷᠳᠠᠭᠯᠠᠨ《ᠭᠠᠪ᠂ ᠭᠤᠪ》 ᠳᠤᠤᠭᠠᠷᠤᠨ᠂ ᠠᠮᠠᠨ ᠠ᠋ᠴᠠ ᠪᠠᠨ ᠬᠡᠪᠢᠳᠡᠰᠦ ᠭᠠᠷᠭᠠᠨ ᠬᠠᠶᠠᠨ᠎ᠠ᠃ ᠪᠦᠬᠦ ᠲᠡᠮᠡᠭᠡ ᠲᠠᠪᠢ ᠭᠠᠷᠤᠢ ᠪᠣᠯᠪᠠᠴᠤ ᠭᠤᠷᠪᠠᠨ ᠵᠢᠩᠴᠢᠳ ᠦ᠋ᠨ ᠠᠵᠢᠯᠯᠠᠭ᠎ᠠ ᠠᠭᠱᠠᠨ ᠵᠠᠭᠤᠷ᠎ᠠ ᠶ᠋ᠢᠨ ᠳᠣᠲᠣᠷ᠎ᠠ ᠳᠠᠭᠤᠰᠴᠤ᠂ ᠲᠡᠷᠢᠭᠦᠴᠢ ᠶ᠋ᠢᠨ ᠲᠡᠮᠡᠭᠡ ᠶᠠᠭ ᠦᠦᠷ ᠦ᠋ᠨ ᠰᠢᠷ᠎ᠠ ᠭᠡᠭᠡ ᠶ᠋ᠢ ᠤᠭᠲᠤᠨ ᠭᠠᠷᠪᠠ᠃  
       ᠠᠬᠠᠮᠠᠳ ᠬᠥᠮᠦᠨ ᠬᠦᠷᠡᠯ ᠭᠡᠭᠴᠢ ᠥᠨᠳᠥᠷ ᠲᠤᠷᠠᠩᠬᠠᠢ ᠪᠡᠶ᠎ᠡ ᠲᠡᠢ᠂ ᠰᠢᠷᠦᠭᠦᠨ ᠬᠤᠤᠵᠠ ᠰᠠᠬᠠᠯ ᠲᠠᠢ᠂ ᠴᠡᠯᠡᠭᠡᠷ ᠨᠣᠭᠣᠭᠠᠨ ᠨᠢᠳᠦ ᠲᠡᠢ᠂ ᠳᠥᠴᠢᠨ ᠲᠠᠪᠤ᠂ ᠵᠢᠷᠭᠤᠭ᠎ᠠ ᠣᠷᠴᠢᠮ ᠨᠠᠰᠤᠨ ᠤ᠋ ᠡᠷ᠎ᠡ᠂ ᠵᠢᠩ ᠦ᠋ᠨ ᠲᠦᠷᠦᠭᠦᠦ ᠶ᠋ᠢ ᠪᠠᠷᠢᠨ ᠶᠠᠪᠤᠨ᠎ᠠ᠃ ᠲᠡᠭᠦᠨ ᠦ᠌ ᠳᠠᠷᠠᠭ᠎ᠠ ᠳᠣᠷᠵᠢ᠂ ᠴᠢᠷᠠᠢ ᠶ᠋ᠢᠨ ᠥᠩᠭᠡ ᠬᠦᠷᠡᠩ ᠪᠣᠷᠣ᠂ ᠰᠢᠨᠠᠨ ᠤ᠋ ᠶᠠᠰᠤ ᠥᠷᠭᠡᠨ᠂ ᠨᠢᠳᠦ ᠲᠣᠮᠣ ᠲᠠᠢ᠂ ᠰᠢᠲᠦ ᠨᠢ ᠠᠳᠤᠭᠤᠨ ᠤ᠋ ᠬᠢ ᠰᠢᠭ ᠲᠡᠭᠵᠢᠭᠡᠷ ᠪᠥᠭᠡᠳ ᠪᠡᠶ᠎ᠡ ᠲᠠᠭᠳᠠᠭᠠᠷ ᠡᠢᠮᠦ ᠡᠷ᠎ᠡ ᠵᠢᠩ ᠦ᠋ᠨ ᠴᠤᠪᠤᠭᠠᠨ ᠤ᠋ ᠳᠤᠮᠳᠠ ᠶ᠋ᠢ ᠪᠠᠷᠢᠨ ᠬᠥᠳᠡᠯᠵᠡᠢ᠃ ᠬᠠᠮᠤᠭ ᠤ᠋ᠨ ᠡᠴᠦᠰ ᠲᠦ᠍ ᠥᠨᠥᠬᠢ ᠬᠡᠨ ᠪᠦᠬᠦᠨ ᠡᠴᠡ ᠢᠯᠡᠭᠦᠦ ᠬᠠᠯᠠᠭᠤᠴᠠᠭᠴᠢ ᠬᠥᠲᠥᠴᠢ ᠶᠠᠪᠤᠨ᠎ᠠ᠃ ᠠᠵᠢᠯ ᠬᠡᠷᠡᠭ ᠢ᠋ᠶ᠋ᠡᠨ ᠲᠡᠳᠡ ᠣᠳᠣ ᠴᠡᠭᠴᠡᠯᠡᠵᠦ ᠠᠪᠤᠭᠠᠳ ᠠᠯᠤᠰ ᠤ᠋ᠨ ᠵᠠᠮ ᠳ᠋ᠤ᠌ ᠭᠠᠷᠴᠤ ᠪᠠᠢᠭ᠎ᠠ ᠲᠤᠯᠠ ᠠᠯᠢ  ᠪᠣᠯᠬᠣᠷ ᠰᠢᠯᠤᠭᠤᠨ ᠰᠢᠭᠤᠷᠬᠠᠢ ᠶᠠᠪᠤᠬᠤ ᠶ᠋ᠢ ᠬᠦᠰᠡᠬᠦ ᠪᠢᠯᠡ᠃ ᠠᠶᠠᠨ ᠵᠢᠩ ᠳ᠋ᠦ᠍ ᠣᠯᠠᠨᠲᠠ ᠶᠠᠪᠤᠨ᠂ ᠲᠡᠭᠦᠨ ᠳ᠋ᠡᠭᠡᠨ ᠢᠵᠢᠯᠢ ᠳᠠᠰᠤᠯ ᠪᠣᠯᠤᠭᠰᠠᠨ ᠲᠡᠮᠡᠭᠡ ᠨᠦ᠍ᠭᠦᠳ ᠨᠢ ᠴᠦ᠍ ᠰᠠᠨᠠᠭ᠎ᠠ ᠰᠡᠳᠬᠢᠯ ᠰᠢᠭᠤᠳᠤᠷᠠᠭᠰᠠᠨ ᠮᠡᠲᠦ ᠬᠦᠨᠳᠦ ᠠᠴᠢᠶ᠎ᠠ ᠪᠠᠨ ᠳᠡᠩᠬᠡᠯᠵᠡᠭᠦᠯᠦᠨ ᠠᠯᠬᠤᠵᠤ ᠡᠪᠡᠰᠦᠨ ᠲᠣᠯᠣᠭᠠᠢ ᠶ᠋ᠢ ᠪᠦᠷᠬᠦᠭᠰᠡᠨ ᠴᠠᠭᠠᠨ ᠬᠢᠷᠠᠭᠤ ᠶ᠋ᠢ ᠡᠮᠬᠦᠯᠡᠨ᠂ ᠥᠷᠭᠡᠨ ᠰᠢᠷᠭᠠᠯ ᠵᠠᠮ ᠢ᠋ ᠬᠣᠢᠨ᠎ᠠ ᠪᠠᠨ ᠬᠠᠶᠠᠨ ᠵᠢᠷᠢᠢᠯᠭᠡᠨ᠎ᠡ᠃ 
       ᠬᠥᠲᠥᠯ ᠳ᠋ᠠᠨᠽᠠᠨ ᠳ᠋ᠤ᠌ ᠠᠴᠢᠶ᠎ᠠ ᠪᠠᠨ ᠠᠴᠢᠵᠤ ᠳᠠᠭᠤᠰᠤᠭᠰᠠᠨ ᠤ᠋ ᠳᠠᠷᠠᠭ᠎ᠠ᠂ ᠪᠡᠶ᠎ᠡ ᠵᠢᠬᠡᠭᠦᠷᠬᠡᠨ ᠲᠠᠭᠠᠷᠠᠬᠤ ᠮᠠᠶᠢᠭ ᠲᠠᠢ ᠪᠣᠯᠤᠭᠰᠠᠨ ᠤᠴᠢᠷ ᠴᠠᠭᠠᠨ ᠨᠡᠬᠡᠢ ᠦᠵᠦᠭᠦᠷᠰᠡᠭ ᠳᠡᠪᠡᠯ ᠡᠮᠦᠰᠴᠡᠢ᠃ ᠡᠨᠡ ᠳᠡᠪᠡᠯ ᠪᠣᠯ᠂ ᠶᠡᠷᠦ ᠵᠢᠷ ᠦ᠋ᠨ ᠨᠢᠭᠡ ᠳᠡᠪᠡᠯ ᠪᠢᠰᠢ᠂ ᠨᠡᠬᠡᠢ ᠶ᠋ᠢ ᠥᠪᠡᠷ ᠦ᠋ᠨ ᠭᠠᠷ ᠢ᠋ᠶ᠋ᠠᠷ ᠶᠣᠰᠣᠲᠠᠢ ᠨᠣᠬᠠᠢ ᠳᠠᠭᠠᠭᠠᠵᠤ ᠤᠷᠮ᠎ᠠ ᠦᠭᠡᠢ ᠪᠣᠯᠲᠠᠯ᠎ᠠ ᠨᠢ ᠡᠯᠳᠡᠭᠰᠡᠨ ᠢ᠋ ᠬᠡᠯᠡᠬᠦ ᠤᠤ᠂ ᠣᠶᠣᠳᠠᠯ ᠢ᠋ ᠨᠢ ᠪᠠᠰᠠ ᠣᠷᠴᠢᠨ ᠲᠣᠭᠣᠷᠢᠨ ᠳ᠋ᠠᠭᠠᠨ᠂ ᠦᠢᠯᠡ ᠤᠲᠠᠰᠤᠨ ᠳ᠋ᠤ᠌ ᠰᠦᠷᠡᠬᠡᠢ ᠭᠡᠭᠳᠡᠭᠰᠡᠨ ᠡᠬᠡ ᠨᠢ ᠦᠬᠡᠷ ᠦ᠋ᠨ ᠨᠠᠷᠢᠨ ᠰᠢᠷᠪᠥᠰᠥ ᠪᠡᠷ ᠬᠦᠪᠦᠷᠢᠳᠦᠨ ᠣᠶᠣᠵᠠᠢ᠃ ᠡᠨᠡ ᠳᠡᠪᠡᠯ ᠢ᠋ ᠳ᠋ᠠᠨᠽᠠᠨ ᠭᠡᠷ ᠡᠴᠡ ᠠᠩᠬ᠎ᠠ ᠭᠠᠷᠬᠤ ᠳ᠋ᠠᠭᠠᠨ ᠡᠮᠦᠰᠦᠭᠰᠡᠨ ᠪᠥᠭᠡᠳ ᠡᠳᠦᠭᠡ ᠬᠠᠯᠠᠭᠤᠨ ᠢᠯᠴᠢ ᠨᠢ ᠵᠦᠭ ᠪᠦᠷᠢ ᠡᠴᠡ ᠲᠥᠭᠡᠨᠡᠨ ᠵᠥᠭᠡᠯᠡᠨ ᠡᠯᠳᠡᠭᠦᠷ ᠨᠢ ᠨᠣᠢᠲᠠᠨ ᠶᠤᠮ ᠰᠢᠭ᠋ ᠨᠠᠮᠢᠯᠵᠠᠭᠠᠳ ᠬᠥᠮᠦᠨ ᠲᠥᠷᠥᠯᠬᠢᠲᠡᠨ ᠦ᠌ ᠠᠯᠲᠠᠨ ᠬᠡᠯᠬᠢᠶ᠎ᠡ ᠪᠣᠯᠤᠭᠰᠠᠨ ᠦᠷ᠎ᠡ ᠬᠡᠦᠬᠡᠳ ᠭᠡᠭᠴᠢ ᠯᠡ ᠶᠣᠰᠣᠲᠠᠢ ᠡᠬᠡ ᠶ᠋ᠢᠨ ᠢ᠋ᠶ᠋ᠡᠨ ᠠᠷᠢᠭᠤᠨ ᠬᠡᠪᠡᠯᠢ ᠳ᠋ᠦ᠍ ᠯᠡ ᠡᠢᠮᠦ ᠪᠠᠢᠳᠠᠭ ᠪᠣᠯᠪᠠ ᠤᠤ ᠭᠡᠮᠡᠷ ᠪᠣᠳᠣᠭᠳᠠᠨ᠎ᠠ᠃  ᠲᠣᠯᠣᠭᠠᠢ ᠳᠡᠭᠡᠷ᠎ᠡ ᠲᠠᠯᠪᠢᠭᠰᠠᠨ ᠤᠯᠠᠭᠠᠨ ᠦᠨᠡᠭᠡᠨ ᠯᠣᠪᠤᠤᠵᠠ ᠪᠠᠰᠠ ᠰᠢᠨ᠎ᠡ ᠤᠴᠢᠷ ᠭᠠᠯ ᠬᠠᠯᠠᠭᠤᠨ ᠢᠯᠴᠢ ᠨᠢ ᠬᠦᠷᠦᠭᠰᠡᠨ ᠭᠠᠵᠠᠷ ᠪᠦᠬᠦᠨ ᠢ᠋ᠶ᠋ᠡᠨ ᠬᠥᠯᠥᠷᠡᠭᠡᠬᠦ ᠲᠤᠯᠠ ᠶᠠᠭᠠᠨ ᠲᠣᠷᠭᠠᠨ ᠪᠦᠴᠢᠨ ᠦ᠌ ᠬᠢᠨᠢ ᠦᠵᠦᠭᠦᠷ ᠢ᠋ ᠭᠣᠭᠴᠣᠭᠠᠷᠠᠭᠤᠯᠤᠨ ᠵᠠᠩᠭᠢᠳᠤᠭᠠᠳ᠂ ᠤᠭ ᠯᠣᠪᠤᠤᠵᠠ ᠶ᠋ᠢ ᠠᠷᠤ ᠰᠢᠯᠢ ᠤᠷᠤᠭᠤ ᠪᠠᠨ ᠬᠠᠶᠠᠯ᠎ᠠ᠃ ᠭᠡᠲᠡᠯ᠎ᠡ ᠪᠠᠰᠠ ᠪᠠᠷᠠᠭᠤᠨ ᠲᠠᠰᠢᠶᠠᠨ ᠳ᠋ᠤ᠌ ᠴᠠᠯᠢᠩ ᠴᠠᠭᠠᠨ ᠮᠥᠩᠭᠥᠨ ᠲᠣᠨᠣᠭ ᠲᠠᠢ ᠤᠢᠰᠤᠨ ᠪᠠᠷᠢᠭᠤᠯᠲᠤ ᠬᠢᠲᠤᠭ᠎ᠠ᠂ ᠬᠠᠷ᠎ᠠ ᠰᠠᠭᠠᠷᠢᠨ ᠪᠥᠷᠢᠶᠡᠰᠦᠳᠦ ᠬᠤᠢ ᠳ᠋ᠠᠭᠠᠨ ᠲᠦᠷᠦᠭᠡᠰᠦᠲᠡᠢ᠂ ᠳᠣᠷᠣᠭᠰᠢ ᠤᠨᠵᠢᠭᠢᠨᠠᠨ ᠶᠠᠪᠤᠭ᠎ᠠ ᠶ᠋ᠢ ᠶᠠᠭᠠᠬᠢᠨ᠎ᠠ?  ᠲᠡᠭᠡᠭᠯᠡᠭᠦᠷ ᠨᠢ ᠳᠣᠯᠣᠭᠠᠨ ᠴᠢᠨ ᠦ᠌ ᠶᠤᠸᠠᠨ ᠱᠢ ᠺᠠᠢ ᠲᠣᠯᠣᠭᠠᠢᠲᠤ ᠶᠠᠩᠴᠢᠶᠠᠨ᠂ ᠤᠭ ᠬᠢᠲᠤᠭ᠎ᠠ ᠡᠴᠢᠭᠡ ᠨᠢ ᠳ᠋ᠠᠨᠽᠠᠨ ᠢ᠋ ᠳᠥᠩᠭᠡᠵᠦ ᠮᠡᠳᠡᠭᠡ ᠣᠷᠣᠵᠤ ᠪᠠᠢᠬᠤ ᠳ᠋ᠤ᠌ ᠬᠠᠮᠢᠭ᠎ᠠ ᠨᠢᠭᠡ ᠭᠠᠵᠠᠷ ᠠ᠋ᠴᠠ ᠣᠷᠣᠰ ᠰᠡᠯᠡᠮ᠎ᠡ ᠶ᠋ᠢᠨ ᠬᠤᠭᠤᠷᠬᠠᠢ ᠶ᠋ᠢ ᠣᠯᠵᠤ ᠠᠪᠴᠢᠷᠠᠭᠠᠳ ᠠᠯᠤᠬ᠎ᠠ ᠲᠦᠰᠢ ᠬᠣᠶᠠᠷ ᠢ᠋ᠶ᠋ᠠᠨ ᠣᠯᠠᠨ ᠬᠣᠨᠣᠭ ᠤ᠋ᠨ ᠲᠤᠷᠰᠢ ᠬᠠᠩᠭᠢᠨᠠᠭᠤᠯᠤᠨ ᠪᠠᠢᠵᠤ ᠦᠢᠯᠡᠳᠦᠭᠰᠡᠨ ᠪᠠᠢᠪᠠ᠃《ᠦᠭᠡᠢ ᠶᠡᠷᠦ ᠲᠡᠮᠦᠷ ᠨᠢ ᠪᠠᠰᠠ ᠭᠠᠢᠬᠠᠯᠲᠠᠶ᠎ᠠ! ᠶᠣᠰᠣᠲᠠᠢ ᠭᠦᠢᠴᠡᠳ ᠬᠠᠲᠠᠭᠠᠭᠳᠠᠭᠰᠠᠨ ᠭᠠᠩ ᠪᠠᠢᠵᠤ ᠰᠢᠦ》 ᠭᠡᠵᠦ ᠡᠳ᠋ ᠦ᠋ᠨ ᠶᠠᠰᠤ ᠴᠢᠨᠠᠷ ᠢ᠋ ᠮᠡᠳᠡᠳᠡᠭ ᠪᠦᠬᠦᠨ ᠱᠠᠭᠰᠢᠨ ᠬᠡᠯᠡᠯᠴᠡᠳᠡᠭ ᠪᠠᠢᠯ᠎ᠠ᠃ ᠡᠴᠢᠭᠡ ᠶ᠋ᠢ ᠨᠠᠰᠤ ᠪᠠᠷᠠᠭᠰᠠᠨ ᠳᠠᠷᠠᠭ᠎ᠠ ᠳ᠋ᠠᠨᠽᠠᠨ ᠤ᠋ ᠡᠬᠡ ᠡᠨᠡ ᠬᠢᠲᠤᠭ᠎ᠠ ᠶ᠋ᠢ ᠳᠠᠯᠳᠠ ᠶ᠋ᠢᠨ ᠳᠠᠯᠳᠠ ᠬᠢᠵᠦ ᠬᠠᠳᠠᠭᠠᠯᠠᠭᠠᠳ ᠳᠥᠩᠭᠡᠵᠦ ᠥᠴᠥᠭᠡᠳᠦᠷ ᠣᠷᠣᠢ ᠭᠠᠷᠭᠠᠵᠤ ᠬᠦᠦ ᠳ᠋ᠡᠭᠡᠨ ᠵᠡᠭᠦᠯᠭᠡᠭᠰᠡᠨ ᠶᠦᠮ ᠰᠠᠨᠵᠢ᠃ ᠡᠭᠦᠨᠴᠢᠯᠡᠨ ᠬᠥᠯ ᠳ᠋ᠦ᠍ ᠡᠮᠦᠰᠦᠭᠰᠡᠨ ᠭᠤᠲᠤᠯ ᠭᠠᠷ᠎᠎ ᠲᠤ ᠪᠠᠷᠢᠭᠰᠠᠨ ᠲᠠᠰᠢᠭᠤᠷ ᠴᠥᠮ ᠰᠢᠨ᠎ᠡ᠂ ᠴᠥᠮ ᠪᠡᠬᠢ ᠪᠠᠲᠤ᠂ ᠥᠭᠡᠷ᠎ᠡ ᠪᠡᠷ ᠬᠡᠯᠡᠬᠦ ᠳ᠋ᠦ᠍ ᠳ᠋ᠠᠨᠽᠠᠨ ᠶᠣᠰᠣᠲᠠᠢ ᠰᠠᠢᠨ ᠡᠷ᠎ᠡ ᠶ᠋ᠢᠨ ᠬᠡᠷᠡᠭᠯᠡᠳᠡᠭ ᠪᠦᠬᠦᠨ ᠢ᠋ ᠬᠡᠷᠡᠭᠯᠡᠭᠰᠡᠨ ᠪᠥᠭᠡᠳ ᠡᠭᠦᠨ ᠢ᠋ᠶ᠋ᠡᠨ ᠰᠠᠨᠠᠬᠤ ᠳ᠋ᠤ᠌ ᠥᠪᠡᠷ ᠲᠦ᠍ ᠨᠢ ᠨᠢᠭᠡ ᠵᠡᠷᠭᠡ ᠥᠨᠳᠥᠷ ᠶᠠᠭᠤᠮ᠎ᠠ ᠳᠡᠭᠡᠷ᠎ᠡ ᠭᠠᠷᠤᠭᠰᠠᠨ ᠰᠢᠭ᠋ ᠰᠠᠨᠠᠭᠳᠠᠨ᠎ᠠ᠃ ᠵᠣᠷᠢᠭᠰᠠᠨ ᠭᠠᠵᠠᠷ ᠤ᠋ᠨ ᠵᠦᠭ ᠡᠴᠡ ᠠᠯᠲᠠᠨ ᠰᠢᠷᠭᠠᠯ ᠨᠠᠷᠠᠨ ᠮᠡᠯᠲᠡᠭᠡᠨᠡᠨ ᠭᠠᠷᠴᠤ ᠬᠣᠯᠠ ᠣᠢᠷ᠎ᠠ ᠶ᠋ᠢᠨ ᠪᠠᠷ᠎ᠠ ᠲᠣᠳᠣᠳᠬᠠᠬᠤ ᠳ᠋ᠠᠨᠽᠠᠨ ᠤ᠋ ᠰᠠᠨᠠᠨ ᠰᠡᠳᠬᠢᠬᠦ ᠥᠭᠡᠷᠡᠴᠢᠯᠡᠭᠳᠡᠪᠡ᠃ 
      《ᠲᠡᠷᠲᠡᠭᠡ ᠲᠡᠷᠡ ᠲᠩᠷᠢ ᠶ᠋ᠢᠨ ᠬᠠᠶᠠᠭ᠎ᠠ ᠨᠠᠷᠠᠨ ᠤ᠋ ᠨᠠᠭᠠᠬᠠᠨᠲᠠᠢ ᠪᠣᠯᠪᠠ ᠤᠤ᠂ ᠵᠠᠩᠴᠢᠬᠦᠦ ᠬᠣᠲᠠ ᠪᠣᠢ᠂ ᠲᠡᠷᠡ ᠬᠣᠲᠠ ᠨᠠᠳᠠ ᠳ᠋ᠤ᠌ ᠣᠯᠵᠠᠨ ᠤ᠋ ᠶᠡᠬᠡ ᠶ᠋ᠢ ᠣᠯᠭᠣᠨ᠂ ᠵᠢᠪᠬᠤᠯᠠᠩᠲᠤ ᠠᠶᠠᠯᠭᠤ ᠰᠣᠨᠣᠰᠳᠠᠬᠤ ᠳ᠋ᠠᠨᠽᠠᠨ ᠬᠡᠮᠡᠬᠦ ᠨᠡᠷ᠎ᠡ ᠳ᠋ᠦ᠍ ᠣᠷᠣᠰᠢᠯ ᠪᠣᠯᠤᠨ ᠬᠠᠳᠠᠭᠳᠠᠭᠰᠠᠨ ᠵᠠᠷᠤᠴᠠ ᠭᠡᠳᠡᠭ ᠭᠤᠲᠤᠮᠰᠢᠭᠲᠤ ᠦᠭᠡ ᠶ᠋ᠢ ᠬᠡᠯᠡᠨ᠎ᠡ ᠳᠡ》 ᠭᠡᠵᠦ ᠪᠣᠳᠣᠬᠤ ᠠ᠋ᠴᠠ ᠰᠡᠳᠬᠢᠯ ᠬᠥᠭᠡᠷᠦᠨ ᠶᠠᠭᠠᠷᠠᠭᠰᠠᠨ ᠪᠥᠭᠡᠳ ᠤᠨᠤᠭ᠎ᠠ ᠲᠡᠮᠡᠭᠡ ᠲᠠᠢᠯᠤᠭ ᠢ᠋ᠶ᠋ᠠᠨ《ᠴᠥᠬᠥ》 ᠭᠡᠵᠦ ᠳᠠᠪᠢᠷᠠᠭᠰᠠᠨ ᠠᠵᠢ᠃  ᠲᠤᠭᠤᠯᠪᠦᠷᠢᠲᠦ ᠲᠡᠷᠡ ᠳᠡᠢᠯᠦᠭ ᠨᠢ ᠤᠷᠤᠭᠰᠢ ᠭᠦᠶᠦᠨ ᠵᠢᠩ ᠦ᠋ᠨ ᠳᠤᠮᠳᠠ ᠶᠠᠪᠤᠭ᠎ᠠ ᠳᠣᠷᠵᠢ ᠶ᠋ᠢᠨ ᠳᠡᠷᠭᠡᠳᠡ ᠢᠷᠡᠬᠦ ᠳ᠋ᠦ᠍ ᠳ᠋ᠠᠨᠽᠠᠨ ᠪᠤᠷᠠᠨᠲᠠᠭ ᠢ᠋ ᠬᠣᠢᠰᠢ ᠲᠡᠳᠡᠨ ᠵᠣᠭᠰᠣᠭᠠᠵᠤ᠂ ᠵᠣᠬᠢᠬᠤ ᠪᠠᠢᠷᠢᠨ ᠳ᠋ᠠᠭᠠᠨ ᠣᠷᠣᠪᠠ᠃ ᠨᠢᠭᠡ ᠮᠡᠳᠡᠬᠦ ᠳ᠋ᠦ᠍ ᠪᠣᠭᠳᠠ ᠶ᠋ᠢᠨ ᠬᠦᠷᠢᠶ᠎ᠡ ᠣᠷᠣᠳᠠᠭ ᠥᠷᠭᠡᠨ ᠶᠡᠬᠡ ᠵᠠᠮ ᠳ᠋ᠤ᠌ ᠣᠷᠣᠭᠰᠠᠨ ᠪᠠᠢᠯ᠎ᠠ᠃ ᠵᠢᠯ ᠦ᠋ᠨ ᠵᠢᠯ ᠳ᠋ᠦ᠍ ᠠᠯᠤᠰ ᠬᠣᠯᠠ ᠶ᠋ᠢᠨ ᠠᠶᠠᠨ ᠳ᠋ᠤ᠌ ᠶᠠᠪᠤᠨ ᠶᠠᠪᠤᠭᠰᠠᠭᠠᠷ ᠪᠠᠷᠤᠭᠲᠠᠢ ᠪᠣᠯᠬᠢ ᠡᠷ᠎ᠡ ᠡᠴᠡ ᠢᠯᠡᠭᠦᠦ ᠠᠶᠠᠨᠰᠢᠵᠤ ᠳᠠᠰᠤᠭᠰᠠᠨ ᠲᠡᠮᠡᠭᠡ ᠤᠷᠮ᠎ᠠ ᠵᠣᠷᠢᠭ  ᠣᠷᠣᠬᠤ ᠮᠡᠲᠦ ᠲᠠᠪᠠᠬᠠᠢ ᠪᠠᠨ ᠭᠢᠯᠠᠯᠵᠠᠭᠤᠯᠤᠨ ᠠᠯᠬᠤᠯᠠᠨ᠎ᠠ᠃ ᠰᠠᠨᠠᠮᠰᠠᠷ ᠦᠭᠡᠢ ᠡᠷᠭᠢᠨ ᠬᠠᠷᠠᠬᠤ ᠳ᠋ᠤ᠌ ᠰᠠᠶᠢᠬᠠᠨ ᠣᠷᠬᠢᠭᠰᠠᠨ ᠬᠢᠲᠠᠳ ᠫᠦᠰᠡᠨ ᠦ᠌ ᠣᠷᠣᠨ ᠪᠠᠢᠰᠢᠩ ᠬᠡᠳᠦ ᠬᠡᠳᠦᠨ ᠠᠭᠤᠯᠠ ᠶ᠋ᠢᠨ ᠴᠠᠭᠠᠲᠠᠢ ᠬᠣᠴᠣᠷᠤᠭᠳᠠᠭᠰᠠᠨ ᠪᠠᠢᠪᠠ᠃ ᠤᠷᠢᠳᠤ ᠵᠦᠭ ᠢ᠋ ᠣᠨᠴᠠᠯᠠᠨ ᠠᠵᠢᠬᠤ ᠳ᠋ᠤ᠌ ᠠᠯᠤᠰ ᠤ᠋ᠨ ᠠᠭᠤᠯᠠᠰ ᠴᠡᠩᠬᠡᠷ ᠤᠨᠢᠶᠠᠷ ᠲᠤ ᠨᠥᠮᠥᠷᠥᠭᠳᠡᠨ ᠰᠦᠮᠡᠯᠵᠡᠵᠦ ᠣᠢᠷ᠎ᠠ ᠣᠷᠴᠢᠮ ᠤ᠋ᠨ ᠲᠠᠯ᠎ᠠ ᠬᠥᠨᠳᠡᠢ ᠨᠦ᠍ᠭᠦᠳ ᠴᠠᠭᠠᠨ ᠥᠩᠭᠡ ᠪᠡᠷ ᠵᠢᠷᠪᠢᠭᠢᠨᠡᠨ᠎ᠡ᠃  
       ᠨᠢᠭᠡ ᠮᠡᠳᠡᠬᠦ ᠳ᠋ᠦ᠍᠂ ᠪᠥᠭᠡᠮ ᠰᠡᠭᠦᠯᠲᠦ ᠤᠯᠠᠭᠠᠨ ᠬᠠᠯᠲᠠᠷ ᠨᠣᠬᠠᠢ ᠬᠥᠯ ᠦ᠋ᠨ ᠤᠯᠠ ᠳᠣᠣᠷ᠎ᠠ ᠠ᠋ᠴᠠ ᠭᠡᠨᠡᠳᠲᠡ ᠭᠠᠷᠴᠤ ᠢᠷᠡᠨ ᠲᠣᠮᠣ ᠭᠠᠤᠯᠢᠨ ᠬᠣᠩᠬᠣ ᠨᠤᠭᠤᠳ ᠢ᠋ᠶ᠋ᠠᠨ ᠬᠠᠩᠭᠢᠨᠠᠭᠤᠯᠤᠨ᠂ ᠤᠬᠠᠭᠠᠨ ᠵᠢᠯᠣᠭᠣ ᠦᠭᠡᠢ ᠪᠤᠷᠭᠤᠭᠠᠪᠠ᠃ ᠮᠠᠨ ᠤ᠋ ᠵᠢᠩᠴᠢᠳ ᠡᠢᠨ ᠬᠦ᠌ ᠳᠥᠷᠪᠡᠨ ᠭᠡᠷ ᠨᠢᠭᠡᠨ ᠠᠢᠯ ᠤ᠋ᠨ ᠭᠠᠳᠠᠭᠤᠷ ᠭᠠᠷᠴᠤ ᠶᠠᠪᠤᠭ᠎ᠠ ᠠᠵᠢ᠃ ᠲᠡᠷᠡ ᠠᠢᠯ ᠤ᠋ᠨ ᠬᠣᠨᠢ ᠨᠢ ᠬᠣᠲᠠᠨ ᠳ᠋ᠠᠭᠠᠨ᠂ ᠦᠬᠡᠷ ᠨᠢ ᠵᠡᠯ᠎ᠡ ᠳᠡᠭᠡᠷ᠎ᠡ ᠪᠡᠨ᠂ ᠲᠣᠭᠣᠨᠣ ᠪᠦᠷᠢ ᠡᠴᠡ ᠠᠭᠤᠷ ᠤᠲᠤᠭ᠎ᠠ ᠰᠠᠪᠰᠠᠨ᠎ᠠ᠃ ᠡᠭᠦᠨ ᠢ᠋ ᠬᠣᠢᠨ᠎ᠠ ᠪᠠᠨ ᠣᠷᠬᠢᠨ ᠥᠩᠭᠡᠷᠡᠭᠡᠬᠦ ᠳ᠋ᠦ᠍ ᠲᠡᠷᠲᠡᠭᠡ ᠨᠢᠭᠡᠨ ᠬᠥᠪᠡᠭᠡ ᠪᠡᠷ ᠬᠡᠰᠡᠭ ᠠᠳᠤᠭᠤ ᠬᠤᠢᠯᠠᠷᠠᠨ ᠭᠠᠷᠴᠤ ᠢᠷᠡᠯ᠎ᠡ᠃ ᠬᠥᠭᠡᠭᠡᠵᠦ ᠶᠠᠪᠤᠭ᠎ᠠ ᠡᠵᠡᠨ ᠨᠢ ᠪᠠᠷ᠎ᠠ ᠦᠭᠡᠢ ᠪᠣᠯᠪᠠᠴᠤ《ᠬᠠᠶᠢ ᠬᠥᠶᠢ》 ᠬᠠᠰᠬᠢᠷᠬᠤ ᠳᠠᠭᠤᠨ ᠨᠢ ᠡᠷᠭᠢᠨ ᠲᠣᠭᠣᠷᠢᠨ ᠤ᠋ ᠬᠥᠨᠳᠡᠢ ᠶ᠋ᠢ ᠲᠤᠭᠤᠯᠤᠨ ᠠᠯᠤᠰ ᠤ᠋ᠨ ᠠᠭᠤᠯᠠᠰ ᠤ᠋ᠨ ᠣᠷᠣᠢ ᠶ᠋ᠢ ᠬᠦᠷᠦᠭᠡᠳ ᠡᠷᠭᠢᠨ ᠴᠤᠤᠷᠢᠶᠠᠳᠤᠨ᠎ᠠ᠃
       ᠡᠨᠡ ᠪᠦᠬᠦ ᠪᠠᠢᠳᠠᠯ ᠤ᠋ᠳ ᠳ᠋ᠠᠨᠽᠠᠨ ᠤ᠋ ᠰᠡᠳᠬᠢᠯ ᠢ᠋ ᠤᠯᠠᠮ ᠢ᠋ᠶ᠋ᠠᠷ ᠲᠡᠨᠢᠢᠯᠭᠡᠨ ᠪᠠᠶᠠᠰᠬᠠᠨ᠎ᠠ᠃《ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ ᠭᠡᠳᠡᠭ ᠶᠠᠭᠤᠲᠠᠢ ᠦᠨᠡᠨ ᠪᠣᠢ!》 ᠭᠡᠵᠦ ᠪᠣᠳᠣᠵᠤ ᠶᠠᠪᠤᠭᠰᠠᠨ ᠢ᠋ᠶ᠋ᠠᠨ ᠣᠯᠬᠤ ᠣᠯᠵᠠ ᠣᠮᠣᠭ ᠤ᠋ᠨ ᠢ᠋ᠶ᠋ᠠᠨ ᠲᠤᠬᠠᠢ ᠳ᠋ᠤ᠌ ᠰᠢᠯᠵᠢᠨ ᠣᠷᠣᠪᠠ᠃ ᠡᠨᠡ ᠪᠣᠯ ᠦᠨᠡᠨ ᠳ᠋ᠡᠭᠡᠨ ᠴᠤ᠌ ᠳ᠋ᠠᠨᠽᠠᠨ ᠳ᠋ᠤ᠌ ᠡᠢᠨ ᠬᠦ᠌ ᠵᠠᠭᠤᠨ ᠠᠭᠤᠯᠠ᠂ ᠮᠢᠩᠭᠠᠨ ᠵᠠᠮ ᠢ᠋ ᠠᠯᠤᠰᠯᠠᠨ ᠵᠣᠷᠢᠵᠤ ᠶᠠᠪᠤᠭ᠎ᠠ ᠬᠡᠷᠡᠭ ᠦ᠋ᠨ ᠬᠢᠨᠢ ᠬᠠᠮᠤᠭ ᠤ᠋ᠨ ᠴᠢᠬᠤᠯᠠ ᠨᠢ ᠪᠠᠢᠵᠠᠢ᠃ ᠭᠠᠭᠴᠠ ᠬᠦ᠌ ᠬᠠᠷᠠᠮᠰᠠᠯᠲᠠᠢ ᠨᠢ ᠬᠡᠴᠢᠨᠡᠭᠡᠨ ᠳᠠᠬᠢᠨ ᠪᠣᠳᠣᠪᠠᠴᠤ ᠣᠷᠣᠯᠭ᠎ᠠ ᠵᠠᠷᠤᠯᠭ᠎ᠠ ᠶ᠋ᠢᠨ ᠲᠣᠭᠠᠴᠠᠭ᠎ᠠ ᠡᠯᠳᠡᠪ ᠶᠠᠩᠵᠤ ᠪᠠᠷ ᠪᠤᠳᠤᠯᠢᠬᠤ ᠠ᠋ᠴᠠ ᠪᠢᠰᠢ ᠦᠨᠡᠨ ᠵᠥᠪ ᠢ᠋ᠶ᠋ᠡᠷ ᠭᠠᠷᠴᠤ ᠪᠠᠢᠭᠰᠠᠨ ᠤᠳᠠᠭ᠎ᠠ ᠦᠭᠡᠢ ᠪᠥᠭᠡᠳ᠂ ᠡᠨᠡ ᠨᠢ ᠲᠡᠷᠡ ᠪᠦᠷᠢ ᠶ᠋ᠢ ᠪᠦᠷᠢᠳᠬᠡᠨ ᠲᠡᠮᠳᠡᠭᠯᠡᠬᠦ ᠨᠣᠮ ᠡᠷᠳᠡᠮ ᠦᠭᠡᠢ ᠡᠴᠡ ᠭᠠᠳᠠᠨ᠎ᠠ ᠰᠤᠸᠠᠮᠹᠠᠨ ᠭᠡᠭᠴᠢ ᠶ᠋ᠢ ᠴᠣᠬᠢᠬᠤ ᠪᠠᠢᠲᠤᠭᠠᠢ ᠭᠠᠷ ᠲᠠᠭᠠᠨ ᠴᠤ᠌ ᠪᠠᠷᠢᠵᠤ ᠦᠵᠡᠭᠡᠳᠦᠢ ᠲᠡᠢ ᠬᠣᠯᠪᠣᠭᠳᠠᠯ ᠲᠠᠢ ᠪᠠᠢᠯ᠎ᠠ᠃ ᠲᠡᠭᠡᠭᠡᠳ ᠣᠳᠣ ᠳ᠋ᠠᠨᠽᠠᠨ ᠡᠨᠡ ᠠᠭᠤᠳᠠᠮ ᠲᠡᠨᠢᠭᠡᠷ ᠨᠠᠮ ᠭᠦᠮ ᠦ᠋ᠨ ᠳᠣᠲᠣᠷ᠎ᠠ ᠪᠣᠳᠣᠪᠠᠰᠤ ᠯᠠᠪ ᠤᠴᠢᠷ ᠣᠯᠳᠠᠨ᠎ᠠ ᠭᠡᠵᠦ ᠪᠣᠳᠣᠬᠤ ᠠ᠋ᠴᠠ ᠭᠠᠳᠠᠨ᠎ᠠ ᠲᠡᠭᠦᠨ ᠢ᠋ᠶ᠋ᠡᠨ ᠪᠣᠳᠣᠬᠤ ᠦᠭᠡᠢ ᠶᠠᠪᠤᠵᠤ ᠴᠢᠳᠠᠬᠤ ᠦᠭᠡᠢ ᠪᠠᠢᠪᠠ᠃ ᠢᠩᠭᠢᠭᠡᠳ ᠶᠠᠭᠤᠮ᠎ᠠ ᠪᠦᠬᠦᠨ ᠢ᠋ᠶ᠋ᠡᠨ ᠬᠤᠷᠤᠭᠤ ᠳᠠᠷᠤᠨ ᠲᠡᠮᠳᠡᠭᠯᠡᠭᠡᠳ ᠪᠣᠳᠣᠬᠤ ᠳ᠋ᠤ᠌ ᠴᠣᠬᠣᠮ ᠶᠠᠭᠤ ᠨᠢ ᠮᠠᠷᠲᠠᠭᠳᠠᠨ ᠶᠠᠮᠠᠷ ᠶᠠᠭᠤᠮ᠎ᠠ ᠪᠠᠨ ᠬᠡᠳᠦᠨ ᠳᠠᠪᠬᠤᠷ ᠨᠡᠮᠡᠭᠰᠡᠨ ᠢ᠋ ᠬᠡᠨ ᠮᠡᠳᠡᠯ᠎ᠡ᠃ ᠣᠯᠵᠠ ᠣᠯᠬᠤ ᠪᠠᠢᠲᠤᠭᠠᠢ ᠥᠷᠢ ᠰᠢᠷᠢᠨ ᠳ᠋ᠦ᠍ ᠤᠨᠠᠬᠤ ᠮᠠᠰᠢ ᠮᠠᠭᠤᠬᠠᠢ ᠲᠣᠭᠠᠴᠠᠭ᠎ᠠ ᠭᠠᠷᠪᠠ᠃ ᠡᠭᠦᠨ ᠳ᠋ᠡᠭᠡᠨ ᠭᠣᠣᠯ ᠨᠢ ᠬᠠᠷᠠᠯᠠᠨ ᠴᠢᠷᠠᠢ ᠨᠢ ᠰᠢᠷᠠᠩᠭᠤᠢᠯᠠᠪᠠ᠃ ᠳᠡᠮᠡᠢ ᠭᠠᠢᠬᠠᠬᠤ ᠳ᠋ᠠᠭᠠᠨ ᠳ᠋ᠠᠨᠽᠠᠨ ᠥᠭᠡᠷ᠎ᠡ ᠨᠢᠭᠡᠨ ᠠᠷᠭ᠎ᠠ ᠭᠠᠷᠭᠠᠨ ᠳᠠᠬᠢᠨ ᠪᠣᠳᠣᠪᠠ᠃ ᠡᠨᠡ ᠨᠢ ᠶᠠᠭᠤᠨ ᠤ᠋ ᠤᠷᠢᠳ ᠪᠤᠰᠤᠳ ᠠ᠋ᠴᠠ ᠭᠤᠷᠪᠠᠨ ᠰᠠᠢᠬᠠᠨ ᠠᠳᠠ ᠬᠥᠯᠥᠰᠥᠯᠡᠭᠰᠡᠨ ᠦ᠌ ᠪᠡᠨ ᠬᠥᠯᠥᠰᠥ ᠶ᠋ᠢ ᠥᠭᠴᠦ ᠴᠢᠳᠠᠬᠤ ᠡᠰᠡᠬᠦ ᠪᠡᠨ ᠪᠣᠳᠣᠭᠰᠠᠨ ᠬᠡᠷᠡᠭ ᠪᠥᠭᠡᠳ ᠢᠩᠭᠢᠬᠦ ᠳ᠋ᠦ᠍ ᠤᠭ ᠬᠥᠯᠥᠰᠥ ᠶ᠋ᠢ ᠥᠭᠴᠦ ᠴᠢᠳᠠᠬᠤ ᠪᠠᠷ ᠦᠯᠦ ᠪᠠᠷᠠᠮ ᠲᠡᠮᠡᠭᠡ ᠪᠦᠷᠢ ᠡᠴᠡ ᠭᠤᠷᠪᠠ ᠭᠤᠷᠪᠠᠨ ᠶᠠᠩᠴᠢᠶᠠᠨ ᠣᠯᠬᠤ ᠶ᠋ᠢ ᠵᠢᠩ ᠦ᠋ᠨ ᠳᠠᠭᠠᠭᠠᠮᠠᠯ ᠬᠦᠷᠡᠯ ᠪᠠᠲᠤᠯᠠᠨ ᠬᠡᠯᠡᠭᠰᠡᠨ ᠪᠠᠢᠪᠠ᠃ ᠬᠣᠶᠠᠷ ᠲᠤᠨᠢ ᠥᠪᠡᠷ ᠦ᠋ᠨ ᠪᠡᠶ᠎ᠡ ᠬᠦᠷᠡᠯ᠂ ᠳᠣᠷᠵᠢ ᠬᠣᠶᠠᠷ ᠤ᠋ᠨ ᠳᠤᠮᠳᠠ ᠠᠷᠪᠠᠨ ᠲᠠᠪᠤᠨ ᠶᠠᠩᠴᠢᠶᠠᠨ ᠤ᠋ ᠬᠥᠯᠥᠰᠥ ᠬᠡᠯᠡᠯᠴᠡᠨ ᠵᠢᠳᠬᠦᠵᠦ ᠶᠠᠪᠤᠭ᠎ᠠ ᠪᠠᠢᠯ᠎ᠠ᠃ ᠭᠤᠷᠪᠠ ᠳ᠋ᠤᠨᠢ ᠠᠮᠢ ᠬᠤᠪᠢ ᠶ᠋ᠢᠨ ᠲᠠᠪᠤᠨ ᠨᠡᠬᠡᠢ᠂ ᠨᠢᠭᠡ ᠰᠢᠭᠤᠳᠠᠢ ᠮᠥᠭᠥ᠂ ᠳᠣᠯᠣᠭᠠᠨ ᠬᠤᠷᠠᠭᠠᠨ ᠤ᠋ ᠠᠷᠠᠰᠤ᠂ ᠪᠠᠰᠠ ᠪᠤᠰᠤ ᠠᠷᠰᠠᠷ ᠵᠦᠢᠯᠡᠰ ᠪᠣᠢ ᠶ᠋ᠢ ᠵᠡᠩᠴᠢᠬᠦᠦ ᠣᠷᠣᠭᠤᠯᠤᠨ ᠵᠠᠷᠤᠬᠤ ᠳ᠋ᠤ᠌ ᠪᠠᠭ᠎ᠠ ᠦᠭᠡᠢ ᠦᠨ᠎ᠡ ᠬᠦᠷᠬᠦ ᠶᠣᠰᠣᠲᠠᠢ ᠪᠠᠢᠯ᠎ᠠ᠃ ᠡᠢᠮᠦ ᠳ᠋ᠦ᠍ ᠳ᠋ᠠᠨᠽᠠᠨ ᠨᠢᠳᠦ ᠰᠡᠷᠭᠦᠨ ᠪᠠᠶᠠᠷᠯᠠᠵᠤ ᠴᠣᠬᠣᠮ ᠶᠠᠭᠤ ᠶᠠᠭᠤ ᠠᠪᠬᠤ ᠪᠠᠨ ᠪᠣᠳᠣᠪᠠ᠃ ᠲᠡᠭᠡᠬᠦ ᠳ᠋ᠦ᠍ ᠶᠠᠭᠤᠨ ᠤ᠋ ᠤᠷᠢᠳ ᠠᠬ᠎ᠠ ᠡᠭᠡᠴᠢ ᠬᠣᠶᠠᠷ ᠲᠠᠭᠠᠨ ᠨᠢᠭᠡ ᠨᠢᠭᠡ ᠭᠤᠲᠤᠯ ᠳᠡᠪᠡᠯ ᠦ᠋ᠨ ᠥᠩᠭᠡ᠂ ᠥᠪᠡᠷ ᠲᠡᠭᠡᠨ ᠭᠡᠪᠡᠯ ᠮᠥᠨ ᠯᠡ ᠭᠤᠲᠤᠯ᠂ ᠶᠠᠭᠠᠬᠢᠭᠠᠳ ᠵᠠᠪᠠᠯ ᠭᠤᠲᠤᠯ ᠬᠡᠷᠡᠭᠲᠡᠢ ᠪᠣᠢ ᠭᠡᠪᠡᠯ᠄ ᠡᠷ᠎ᠡ ᠬᠥᠮᠦᠨ ᠭᠤᠲᠤᠯ ᠮᠠᠭᠤᠲᠠᠢ ᠶᠠᠪᠤᠬᠤ ᠰᠢᠭ᠋ ᠠᠳᠠᠭ ᠶᠠᠭᠤᠮ᠎ᠠ ᠶᠠᠭᠤ ᠪᠠᠢᠬᠤ ᠪᠢᠯᠡ ᠭᠡᠵᠦ ᠪᠣᠳᠣᠭᠳᠠᠬᠤ ᠶ᠋ᠢᠨ ᠵᠡᠷᠭᠡᠴᠡᠭᠡ ᠪᠡᠷ ᠬᠡᠷᠪᠡ ᠣᠯᠠᠨ ᠤᠭᠠᠯᠵᠠ ᠲᠠᠢ ᠪᠣᠯ ᠬᠡᠪᠡᠷᠡᠭ ᠪᠠᠢᠳᠠᠭ ᠭᠡᠵᠦ ᠬᠥᠮᠦᠨ ᠠᠮᠢᠲᠠᠨ ᠤ᠋ ᠬᠡᠯᠡᠳᠡᠭ ᠰᠠᠨᠠᠭᠠᠨ ᠳ᠋ᠤ᠌ ᠣᠷᠣᠪᠠ᠃ ᠡᠭᠦᠨ ᠡᠴᠡ ᠴᠠᠭᠠᠰᠢ ᠨᠢᠭᠡ ᠭᠠᠢᠭᠤᠢ ᠰᠠᠢᠨ ᠮᠣᠷᠢ ᠲᠠᠢ ᠪᠣᠯᠬᠤ ᠶ᠋ᠢ ᠪᠣᠳᠣᠨ᠎ᠠ᠃ ᠰᠠᠭᠠᠯᠢ ᠶ᠋ᠢᠨ ᠬᠣᠶᠠᠷ ᠦᠨᠢᠶ᠎ᠡ ᠴᠤ᠌ ᠬᠡᠷᠡᠭᠲᠡᠢ ᠪᠣᠯᠪᠠ᠃ ᠪᠠᠰᠠ ᠣᠳᠣ ᠪᠠᠢᠭ᠎ᠠ ᠲᠠᠪᠢᠭᠠᠳ ᠬᠣᠨᠢᠨ ᠳᠡᠭᠡᠷ᠎ᠡ ᠪᠡᠨ ᠨᠡᠮᠡᠭᠦᠰᠢᠲᠡᠢ ᠪᠣᠯᠤᠨ᠎ᠠ᠃ ᠭᠡᠲᠡᠯ᠎ᠡ ᠢᠮᠠᠭ᠎ᠠ ᠬᠡᠳᠦᠢᠪᠡᠷ ᠮᠠᠭᠤ ᠨᠡᠷ᠎ᠡ ᠲᠡᠢ ᠬᠠᠵᠠᠭᠤ ᠬᠠᠪᠢᠷᠭ᠎ᠠ ᠶ᠋ᠢᠨ ᠠᠢᠯ ᠤ᠋ᠳ ᠤ᠋ᠨ ᠭᠡᠷ ᠪᠠᠷᠠᠭ᠎ᠠ ᠥᠭᠡᠳᠡ  ᠠᠪᠠᠷᠢᠬᠤ᠂ ᠬᠣᠨᠢ ᠳᠠᠭᠠᠭᠤᠯᠤᠨ ᠭᠦᠶᠦᠬᠦ᠂ ᠡᠨᠡ ᠲᠡᠷᠡ ᠪᠡᠷ ᠢ᠋ᠶ᠋ᠡᠨ ᠦᠨ᠎ᠡ ᠬᠦᠨᠳᠦ ᠦᠭᠡᠢ ᠠᠮᠢᠲᠠᠨ ᠪᠣᠯᠪᠠᠴᠤ ᠦᠷᠡᠵᠢᠬᠦ ᠨᠢ ᠬᠤᠷᠳᠤᠨ᠂ ᠰᠠᠭᠠᠯᠢ ᠰᠦ ᠶᠡᠬᠡᠲᠡᠢ ᠮᠥᠨ ᠯᠡ ᠰᠠᠢᠬᠠᠨ ᠮᠠᠯ ᠰᠢᠦ ᠳᠡ ᠭᠡᠵᠦ ᠪᠣᠳᠣᠭᠳᠠᠨ᠎ᠠ᠃ ᠤᠷᠢᠳ ᠡᠮᠦᠨ᠎ᠡ ᠳ᠋ᠠᠨᠽᠠᠨ ᠡᠢᠮᠦ ᠰᠠᠢᠨ ᠶᠠᠭᠤᠮ᠎ᠠ ᠶ᠋ᠢ ᠶᠡᠷᠦ ᠪᠣᠳᠣᠵᠤ ᠪᠠᠢᠭᠰᠠᠨ ᠦᠭᠡᠢ᠂ ᠵᠥᠪᠬᠡᠨ ᠣᠳᠣ ᠯᠠ ᠠᠶᠠᠨ ᠵᠠᠮ ᠳ᠋ᠤ᠌ ᠭᠠᠷᠤᠭᠰᠠᠨ ᠬᠣᠢᠨ᠎ᠠ ᠪᠠᠨ ᠯᠠ ᠪᠣᠳᠣᠭᠠᠳ ᠢᠷᠡᠬᠦ ᠳ᠋ᠦ᠍ ᠦᠨᠡᠬᠡᠷ ᠰᠡᠳᠬᠢᠯ ᠬᠥᠳᠡᠯᠦᠨ ᠲᠠᠰᠢᠶ᠎ᠠ ᠲᠤᠯᠵᠤ᠂ ᠬᠡᠵᠢᠶ᠎ᠡ ᠢᠮᠠᠭᠲᠠ ᠭᠢᠩᠰᠢᠨ ᠶᠠᠪᠤᠳᠠᠭ《ᠠᠯᠢᠶᠠᠬᠠᠨ ᠰᠠᠭᠠᠷᠠᠯ》 ᠭᠡᠳᠡᠭ ᠤᠷᠲᠤ ᠶ᠋ᠢᠨ ᠳᠠᠭᠤᠤ ᠪᠠᠨ ᠥᠪᠡᠷ ᠦ᠋ᠨ ᠡᠷᠬᠡ ᠦᠭᠡᠢ ᠠᠶᠠᠯᠤᠨ ᠡᠬᠢᠯᠡᠪᠡ᠃ ᠬᠥᠮᠦᠨ ᠦ᠌ ᠬᠦᠦ ᠶ᠋ᠢᠨ ᠪᠣᠳᠣᠯ ᠬᠤᠪᠢ ᠬᠣᠪᠢᠨ ᠳ᠋ᠠᠭᠠᠨ ᠬᠥᠷᠥᠩᠭᠡ ᠴᠢᠨᠡᠭᠡᠨ ᠦ᠌ ᠪᠡᠨ ᠬᠢᠷᠢ ᠬᠡᠮᠵᠢᠶ᠎ᠡ ᠪᠠ ᠦᠰᠦᠨ ᠪᠣᠢᠵᠢᠭᠰᠠᠨ ᠨᠢ ᠶᠠᠮᠠᠷ ᠪᠣᠯᠬᠤ ᠶ᠋ᠢᠨ ᠢ᠋ᠶ᠋ᠡᠨ ᠬᠢᠷᠢ ᠪᠡᠷ ᠲᠠᠰᠤ ᠣᠨᠳᠣᠣ ᠴᠤ᠌ ᠪᠠᠢᠵᠤ ᠪᠣᠯᠬᠤ ᠬᠡᠷᠡᠭ᠃ 
       ᠡᠨᠡ ᠶᠣᠰᠣᠭᠠᠷ ᠥᠭᠦᠯᠡᠬᠦ ᠳ᠋ᠦ᠍ ᠵᠢᠩ ᠳᠤᠮᠳᠠ ᠶᠠᠪᠤᠭ᠎ᠠ ᠳᠣᠷᠵᠢ ᠳ᠋ᠤ᠌ ᠳ᠋ᠠᠨᠽᠠᠨ ᠤ᠋ ᠰᠠᠨᠠᠵᠤ ᠪᠣᠳᠣᠵᠤ ᠶᠠᠪᠤᠭ᠎ᠠ ᠲᠠᠢ ᠲᠥᠰᠦᠭᠡᠲᠡᠢ ᠶᠠᠭᠤᠮ᠎ᠠ ᠣᠭᠲᠣ ᠦᠭᠡᠢ᠃ ᠤᠭ ᠨᠢ ᠡᠨᠡ ᠡᠷ᠎ᠡ ᠵᠠᠩᠴᠢᠬᠦᠦ ᠬᠣᠲᠠ ᠶ᠋ᠢ ᠦᠵᠡᠬᠦ ᠰᠣᠨᠢᠷᠬᠠᠯ ᠪᠠᠭ᠎ᠠ ᠦᠭᠡᠢ ᠪᠠᠢᠭ᠎ᠠ ᠪᠣᠯᠪᠠᠴᠤ ᠣᠳᠣ ᠤᠨᠤᠭ᠎ᠠ ᠲᠡᠮᠡᠭᠡᠨ ᠳᠡᠭᠡᠷ᠎ᠡ ᠪᠡᠶ᠎ᠡ ᠲᠠᠰᠤᠷᠠᠯᠲᠠ ᠦᠭᠡᠢ ᠵᠠᠢᠯᠤᠭᠳᠠᠨ ᠶᠠᠪᠤᠭ᠎ᠠ ᠳ᠋ᠠᠭᠠᠨ ᠲᠡᠰᠬᠡᠯ ᠦᠭᠡᠢ ᠤᠢᠳᠬᠠᠷᠯᠠᠨ᠎ᠠ᠃《ᠬᠦᠷᠬᠦ ᠭᠠᠵᠠᠷ ᠬᠣᠯᠠ᠂ ᠠᠶ᠎ᠠ ᠦᠭᠡᠢ ᠪᠣᠯ ᠭᠤᠷᠪᠠᠨ ᠰᠠᠷ᠎ᠠ ᠶ᠋ᠢᠨ ᠠᠶᠠᠨ ᠰᠢᠦ ᠳᠡ》 ᠭᠡᠵᠦ ᠪᠣᠳᠣᠬᠤ ᠠ᠋ᠴᠠ ᠳᠣᠲᠣᠷ᠎ᠠ ᠠᠭᠵᠠᠢᠨ ᠬᠥᠯᠥᠰᠥ ᠴᠢᠬᠠᠷᠠᠬᠤ ᠰᠢᠭ᠋ ᠪᠣᠯᠤᠨ᠎ᠠ᠃ ᠰᠡᠳᠬᠢᠯ ᠳ᠋ᠦ᠍ ᠲᠠᠭᠠᠯᠠᠮᠵᠢᠲᠠᠢ ᠪᠠᠢᠭ᠎ᠠ ᠠ᠋ᠴᠠ ᠬᠣᠶᠠᠷ ᠵᠢᠯ ᠦ᠋ᠨ ᠡᠮᠦᠨ᠎ᠡ ᠡᠴᠢᠭᠡ ᠶ᠋ᠢᠨ ᠰᠦᠢ ᠪᠡᠯᠡᠭ ᠪᠣᠯᠤᠨ ᠠᠪᠴᠤ ᠥᠭᠭᠦᠭᠰᠡᠨ ᠡᠬᠡᠨᠡᠷ ᠡᠴᠡ ᠨᠢᠳᠦ ᠳᠠᠯᠳᠠ ᠣᠷᠣᠨ ᠬᠣᠯᠠᠳᠠᠵᠤ ᠪᠠᠢᠭ᠎ᠠ ᠶᠠᠪᠤᠳᠠᠯ ᠪᠠᠢᠯ᠎ᠠ᠃ ᠡᠭᠦᠨ ᠦ᠌ ᠨᠥᠭᠦᠭᠡ ᠲᠠᠯ᠎ᠠ ᠪᠠᠷ ᠮᠥᠨ ᠡᠴᠢᠭᠡ ᠶ᠋ᠢᠨ《ᠨᠠᠰᠤᠨ ᠤ᠋ ᠴᠢᠨᠢ ᠵᠠᠯᠠᠭᠤ᠂ ᠪᠡᠶ᠎ᠡ ᠶ᠋ᠢᠨ ᠴᠢᠨᠢ ᠴᠢᠭᠢᠷᠠᠭ ᠳᠡᠭᠡᠷ᠎ᠡ ᠪᠢ ᠴᠢᠮᠠᠢ᠍ᠢ ᠬᠠᠯᠠ ᠦᠵᠡᠭᠦᠯᠦᠨ᠂ ᠬᠠᠰᠢᠷ ᠲᠠᠨᠢᠭᠤᠯᠤᠨ᠎ᠠ》 ᠭᠡᠵᠦ ᠠᠶᠠᠨ ᠵᠢᠩ ᠳ᠋ᠦ᠍ ᠬᠥᠭᠡᠭᠡᠨ ᠶᠠᠪᠤᠭᠤᠯᠤᠭᠰᠠᠨ ᠢ᠋ ᠰᠠᠨᠠᠬᠤ ᠳ᠋ᠤ᠌ ᠮᠥᠨ ᠨᠢᠭᠡ ᠬᠡᠴᠡᠭᠦᠦ᠂ ᠶᠡᠷᠦ ᠨᠢ ᠡᠨᠡ ᠬᠣᠷᠸ᠎ᠠ ᠳ᠋ᠤ᠌ ᠡᠴᠢᠭᠡ ᠰᠢᠭ ᠨᠢ ᠭᠠᠢ ᠲᠠᠢ ᠠᠮᠢᠲᠠᠨ ᠦᠭᠡᠢ ᠰᠢᠭ ᠰᠠᠨᠠᠭᠳᠠᠨ᠎ᠠ᠃ ᠲᠡᠭᠡᠭᠡᠳ ᠡᠨᠡ ᠡᠴᠢᠭᠡ ᠶ᠋ᠢ ᠴᠣᠬᠣᠮ ᠬᠡᠷᠬᠢᠨ ᠬᠣᠬᠢᠷᠠᠭᠠᠬᠤ ᠪᠢᠯᠡ ᠳᠠ ᠭᠡᠬᠦ ᠡᠴᠡ ᠡᠨᠡ ᠭᠠᠷᠤᠭᠰᠠᠨ ᠵᠢᠩ ᠢ᠋ᠶ᠋ᠡᠷ ᠢ᠋ᠶ᠋ᠡᠨ ᠬᠡᠳᠦᠨ ᠲᠡᠮᠡᠭᠡ ᠶ᠋ᠢ ᠬᠠᠮᠢᠭ᠎ᠠ ᠨᠢᠭᠡ ᠬᠠᠶᠠᠭᠠᠳ ᠣᠷᠣ ᠰᠤᠷᠠᠭ ᠦᠭᠡᠢ ᠠᠯᠠᠭ᠎ᠠ ᠪᠣᠯᠤᠭᠤᠰᠢᠲᠠᠢ ᠪᠣᠳᠣᠭᠳᠠᠬᠤ ᠠᠵᠢ᠃ 
       ᠬᠠᠮᠤᠭ ᠤ᠋ᠨ ᠲᠡᠷᠢᠭᠦᠨ ᠳ᠋ᠦ᠍ ᠶᠠᠪᠤᠭ᠎ᠠ ᠬᠦᠷᠡᠯ ᠤᠨ ᠪᠣᠳᠣᠯ ᠭᠡᠪᠡᠯ᠂ ᠨᠥᠭᠦᠭᠡ ᠬᠣᠶᠠᠷ ᠠ᠋ᠴᠠ ᠪᠠᠨ ᠱᠠᠯ ᠥᠭᠡᠷ᠎ᠡ᠂ ᠠᠷᠤ ᠳ᠋ᠠᠭᠠᠨ ᠣᠷᠬᠢᠭᠰᠠᠨ ᠨᠢᠯᠬ᠎ᠠ ᠨᠣᠢᠲᠠᠨ ᠬᠡᠦᠬᠡᠳ ᠦ᠋ᠳ ᠲᠡᠢ ᠡᠬᠡᠨᠡᠷ᠂ ᠠᠶᠠᠨ ᠵᠠᠮ ᠤ᠋ᠨ ᠬᠣᠯᠠ ᠣᠢᠷ᠎ᠠ ᠣᠯᠵᠠ ᠣᠮᠣᠭ ᠣᠯᠬᠤ ᠴᠥᠮ ᠢ᠋ ᠮᠠᠷᠲᠠᠭᠠᠳ ᠣᠷᠣᠨ ᠳ᠋ᠤᠨᠢ ᠠᠶᠠᠨ ᠵᠢᠩ ᠳ᠋ᠦ᠍ ᠠᠷᠪᠠ ᠰᠢᠬᠠᠮ ᠶᠠᠪᠤᠭᠰᠠᠨ ᠢ᠋ᠶ᠋ᠠᠨ᠂ ᠠᠯᠲᠠᠨ ᠰᠢᠷᠭᠠᠯ ᠵᠠᠮ ᠤ᠋ᠨ ᠤᠳᠠᠭ᠎ᠠ ᠳᠠᠷᠠᠭᠠᠯᠠᠨ ᠥᠯᠵᠡᠢ ᠪᠣᠯᠤᠭᠰᠠᠨ ᠢ᠋ ᠲᠡᠭᠦᠨ ᠦ᠌ ᠪᠡᠨ ᠳᠡᠭᠡᠷ᠎ᠡ ᠠᠩᠬ᠎ᠠ ᠮᠣᠷᠳᠠᠭᠰᠠᠨ ᠡᠳᠦᠷ ᠦ᠋ᠨ ᠲᠩᠷᠢ ᠶ᠋ᠢᠨ ᠰᠠᠢᠬᠠᠨ ᠪᠠᠢᠭ᠎ᠠ ᠶ᠋ᠢ ᠪᠣᠳᠣᠨ ᠰᠡᠳᠬᠢᠯ ᠠᠮᠤᠷ ᠶᠠᠪᠤᠨ᠎ᠠ᠃