ᠠᠴᠢᠲᠠᠨ ᠳ᠋ᠠᠭᠠᠨ ᠡᠷᠭᠦᠬᠦ ᠳᠠᠭᠤᠤ- ᠠᠨᠳᠠ ᠬᠠᠮᠲᠤᠯᠢᠭ Ачтандаа өргөх дуу-Аандаа хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠴᠢᠲᠠᠨ ᠳ᠋ᠠᠭᠠᠨ ᠡᠷᠭᠦᠬᠦ ᠳᠠᠭᠤᠤ- ᠠᠨᠳᠠ ᠬᠠᠮᠲᠤᠯᠢᠭ Ачтандаа өргөх дуу-Аандаа хамтлаг

ᠠᠴᠢᠲᠠᠨ ᠳ᠋ᠠᠭᠠᠨ ᠡᠷᠭᠦᠬᠦ ᠳᠠᠭᠤᠤ- ᠠᠨᠳᠠ ᠬᠠᠮᠲᠤᠯᠢᠭ Ачтандаа өргөх дуу-Аандаа хамтлаг

ᠠᠩᠭᠢᠯᠠᠯ:ᠳᠠᠭᠤᠤ ᠬᠥᠭᠵᠢᠮ
2025-06-26

1863

ᠠᠴᠢᠲᠠᠨ ᠳ᠋ᠠᠭᠠᠨ ᠡᠷᠭᠦᠬᠦ ᠳᠠᠭᠤᠤ

          ᠦᠭᠡ᠄ ᠦ᠊ ∙ ᠨᠠᠴᠢᠨ 
          ᠠᠶ᠎ᠠ᠄ ᠠ᠋᠊ ∙ ᠨᠠᠷᠠᠰᠤ 
          ᠠᠨᠳᠠ ᠬᠠᠮᠲᠤᠯᠢᠭ ᠳᠠᠭᠤᠯᠠᠨ᠎ᠠ 

ᠦᠨᠦᠰᠦᠨ ᠦᠨᠦᠰᠦᠨ ᠥᠬᠥᠭᠡᠷᠳᠡᠭᠰᠡᠨ ᠡᠪᠦᠭᠡ ᠮᠢᠨᠢ ᠠᠴᠢᠲᠠᠨ 
ᠦᠷ᠎ᠡ ᠡᠴᠡ ᠪᠡᠨ ᠢᠯᠡᠭᠦᠦ ᠡᠷᠬᠡᠯᠡᠭᠦᠯᠦᠭᠰᠡᠨ ᠡᠮᠡᠭᠡ ᠮᠢᠨᠢ ᠠᠴᠢᠲᠠᠨ 
ᠡᠪᠦᠷᠯᠡᠨ ᠲᠡᠪᠡᠷᠢᠨ ᠥᠰᠬᠡᠭᠰᠡᠨ ᠠᠪᠤ ᠮᠢᠨᠢ ᠠᠴᠢᠲᠠᠨ 
ᠥᠪᠡᠷ ᠡᠴᠡ ᠪᠡᠨ ᠢᠯᠡᠭᠦᠦ ᠬᠠᠢᠷᠠᠯᠠᠭᠰᠠᠨ ᠡᠵᠢ ᠮᠢᠨᠢ ᠠᠴᠢᠲᠠᠨ  
   ᠠᠴᠢᠲᠠᠨ ᠡᠨᠡᠷᠢᠯᠲᠦ ᠲᠠ ᠨᠠᠷ ᠮᠢᠨᠢ ᠠᠮᠤᠷᠬᠠᠨ ᠵᠢᠷᠭᠠᠭᠠᠷᠠᠢ  
   ᠠᠴᠢ ᠪᠤᠶᠠᠨ ᠲᠠᠨᠠᠢ ᠳᠡᠯᠭᠡᠷᠡᠭᠡᠳ ᠤᠷᠲᠤ ᠨᠠᠰᠤᠯᠠᠭᠠᠷᠠᠢ!  

ᠦᠨᠡᠨ ᠬᠠᠢᠷ᠎ᠠ ᠪᠠᠨ ᠥᠭᠭᠦᠭᠰᠡᠨ ᠬᠠᠨᠢ ᠮᠢᠨᠢ ᠠᠴᠢᠲᠠᠨ 
ᠡᠪᠦᠷ ᠲᠦᠷᠡᠢ ᠳ᠋ᠦ᠍ ᠪᠡᠨ ᠥᠰᠦᠭᠰᠡᠨ ᠠᠬ᠎ᠠ ᠳᠡᠭᠦᠦ ᠮᠢᠨᠢ ᠠᠴᠢᠲᠠᠨ 
ᠬᠠᠯᠠᠭᠤᠨ ᠤᠷᠤᠭ ᠤ᠋ᠨ ᠬᠡᠯᠬᠢᠶ᠎ᠡ ᠲᠡᠢ ᠰᠠᠳᠤᠨ ᠮᠢᠨᠢ ᠠᠴᠢᠲᠠᠨ 
ᠬᠠᠶᠠᠭ᠎ᠠ ᠬᠠᠶᠠᠭ᠎ᠠ ᠪᠠᠨ ᠲᠦᠰᠢᠯᠴᠡᠭᠰᠡᠨ ᠰᠠᠭᠠᠬᠠᠯᠲᠠ ᠮᠢᠨᠢ ᠠᠴᠢᠲᠠᠨ 
    ᠠᠴᠢᠲᠠᠨ ᠡᠨᠡᠷᠢᠯᠲᠦ ᠲᠠ ᠨᠠᠷ ᠮᠢᠨᠢ ᠠᠮᠤᠷᠬᠠᠨ ᠵᠢᠷᠭᠠᠭᠠᠷᠠᠢ  
    ᠠᠴᠢ ᠪᠤᠶᠠᠨ ᠲᠠᠨᠠᠢ ᠳᠡᠯᠭᠡᠷᠡᠭᠡᠳ ᠤᠷᠲᠤ ᠨᠠᠰᠤᠯᠠᠭᠠᠷᠠᠢ!  

ᠡᠷᠳᠡᠮ ᠦ᠋ᠨ ᠠᠶᠠᠨ ᠳ᠋ᠤ᠌ ᠬᠥᠲᠥᠯᠦᠭᠰᠡᠨ ᠪᠠᠭᠰᠢ ᠮᠢᠨᠢ ᠠᠴᠢᠲᠠᠨ 
ᠡᠪ ᠦ᠋ᠨ ᠵᠢᠷᠤᠮ ᠢ᠋ᠶ᠋ᠠᠷ ᠢᠵᠢᠯᠢᠳᠦᠭᠰᠡᠨ ᠠᠨᠳᠠ ᠨᠤᠭᠤᠳ ᠮᠢᠨᠢ ᠠᠴᠢᠲᠠᠨ 
ᠡᠯᠢᠭᠡ ᠵᠢᠷᠦᠬᠡᠨ ᠡᠴᠡ ᠤᠶᠠᠭ᠎ᠠ ᠲᠠᠢ ᠨᠤᠲᠤᠭ ᠮᠢᠨᠢ ᠠᠴᠢᠲᠠᠨ 
ᠡᠨᠡ ᠯᠡ ᠪᠦᠬᠦᠨ  ᠢ  ᠪᠠᠭᠲᠠᠭᠠᠭᠰᠠᠨ ᠬᠣᠷᠸ᠎ᠠ ᠮᠢᠨᠢ ᠠᠴᠢᠲᠠᠨ 
    ᠠᠴᠢᠲᠠᠨ ᠡᠨᠡᠷᠢᠯᠲᠦ ᠲᠠ ᠨᠠᠷ ᠮᠢᠨᠢ ᠠᠮᠤᠷᠬᠠᠨ ᠵᠢᠷᠭᠠᠭᠠᠷᠠᠢ  
    ᠠᠴᠢ ᠪᠤᠶᠠᠨ ᠲᠠᠨᠠᠢ ᠳᠡᠯᠭᠡᠷᠡᠭᠡᠳ ᠤᠷᠲᠤ ᠨᠠᠰᠤᠯᠠᠭᠠᠷᠠᠢ!  
         
         ᠦᠰᠦᠭ ᠠᠮᠢᠯᠠᠭᠤᠯᠤᠭᠴᠢ᠄ ᠤᠤᠭᠠᠨᠵᠢᠳ 
         ᠬᠢᠨᠠᠭᠴᠢ᠄ ᠠᠯᠲᠠᠨᠴᠢᠮᠡᠭ ᠂ ᠨᠠᠷᠠᠨᠲᠣᠭᠣᠰ