ᠡᠬᠡ ᠰᠤᠷᠭᠠᠭᠤᠯᠢ ᠮᠢᠨᠢ -ᠰᠡᠴᠡᠨ Эх сургуули минь-Сэцэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠰᠤᠷᠭᠠᠭᠤᠯᠢ ᠮᠢᠨᠢ -ᠰᠡᠴᠡᠨ Эх сургуули минь-Сэцэн

ᠡᠬᠡ ᠰᠤᠷᠭᠠᠭᠤᠯᠢ ᠮᠢᠨᠢ -ᠰᠡᠴᠡᠨ Эх сургуули минь-Сэцэн

ᠠᠩᠭᠢᠯᠠᠯ:ᠳᠠᠭᠤᠤ ᠬᠥᠭᠵᠢᠮ
2025-06-25

1355

ᠡᠬᠡ ᠰᠤᠷᠭᠠᠭᠤᠯᠢ ᠮᠢᠨᠢ

   ᠦᠭᠡ᠄ ᠰᠠᠶ᠋ᠢᠨᠴᠢᠯᠠᠭᠤ᠂ ᠭᠡᠭᠡᠨᠰᠠᠷᠠ 
   ᠠᠶ᠎ᠠ᠄ ᠴᠠᠭᠠᠨᠬᠦᠦ 
   ᠳᠠᠭᠤᠴᠢᠨ᠄ ᠰᠡᠴᠡᠨ 
  MIDI ᠬᠥᠭᠵᠢᠮ ᠨᠠᠢᠷᠠᠭᠤᠯᠤᠭᠴᠢ᠄ ᠴᠠᠭᠠᠨᠬᠦᠦ 
   ᠰᠢᠩᠭᠡᠨ ᠦᠢᠯᠡᠳᠦᠭᠴᠢ᠄ ᠮᠠᠨᠳᠤᠬᠤ 

ᠠᠷᠢᠭᠤᠨ ᠰᠣᠶᠣᠯ᠎ᠢ᠋ᠶ᠋ᠠᠨ ᠬᠦᠷᠲᠡᠭᠡᠭᠰᠡᠨ 
ᠡᠷᠳᠡᠮ ᠮᠡᠳᠡᠯᠭᠡ᠎ᠶ᠋ᠢᠨ ᠲᠣᠷᠭᠠᠨ ᠥᠯᠥᠭᠡᠢ 
ᠣᠶᠤᠨ ᠤᠬᠠᠭᠠᠨ᠎ᠢ᠋ᠶ᠋ᠠᠨ ᠬᠠᠢᠷᠠᠯᠠᠭᠰᠠᠨ 
ᠡᠨᠡᠷᠢᠯ ᠶᠡᠬᠡᠲᠡᠢ ᠪᠠᠭᠰᠢ ᠨᠠᠷ ᠮᠢᠨᠢ 

ᠠᠯᠲᠠᠨ ᠳᠡᠯᠡᠬᠡᠢ᠎ᠶ᠋ᠢ ᠲᠠᠨᠢᠭᠤᠯᠤᠭᠰᠠᠨ
ᠤᠳᠤᠮᠲᠤ ᠮᠣᠩᠭᠣᠯ᠎ᠤ᠋ᠨ ᠪᠣᠰᠤᠭ᠎ᠠ ᠦᠰᠦᠭ
ᠦᠷ᠎ᠡ ᠬᠣᠢᠴᠢᠰ᠎ᠢ᠋ᠶ᠋ᠠᠨ ᠭᠡᠭᠡᠷᠡᠭᠦᠯᠦᠭᠰᠡᠨ
ᠦᠢᠯᠡᠰ ᠬᠤᠷᠤᠢᠯᠠᠭᠰᠠᠨ ᠡᠬᠡ ᠰᠤᠷᠭᠠᠭᠤᠯᠢ
     ᠡᠯᠢᠭᠡᠨ ᠬᠠᠢᠷᠠᠲᠠᠢ ᠮᠣᠩᠭᠣᠯ ᠰᠤᠷᠭᠠᠭᠤᠯᠢ ᠮᠢᠨᠢ
     ᠦᠢᠯᠡᠰ ᠬᠦᠰᠡᠯ᠎ᠦ᠋ᠨ ᠮᠥᠩᠭᠥᠨ ᠳᠥᠷᠥᠭᠡ
     ᠮᠥᠩᠭᠥᠨ ᠳᠥᠷᠥᠭᠡ

ᠪᠢᠯᠢᠭ ᠤᠬᠠᠭᠠᠨ᠎ᠢ᠋ ᠨᠡᠭᠡᠭᠡᠭᠳᠡᠭᠦᠯᠦᠭᠰᠡᠨ 
ᠪᠤᠮᠠᠨ ᠡᠷᠳᠡᠨᠢ᠎ᠶ᠋ᠢᠨ ᠬᠥᠬᠡ ᠲᠦᠯᠬᠢᠭᠦᠷ
ᠪᠠᠯᠴᠢᠷ ᠨᠠᠰᠤ᠎ᠶ᠋ᠢ ᠮᠢᠨᠢ ᠠᠷᠭᠠᠳᠠᠭᠰᠠᠨ
ᠪᠢᠴᠢᠭ ᠰᠣᠶᠣᠯ᠎ᠤ᠋ᠨ ᠳᠠᠷᠬᠠᠨ ᠥᠯᠥᠭᠡᠢ

ᠬᠦᠰᠡᠯ᠎ᠦ᠋ᠨ ᠵᠢᠭᠦᠷ᠎ᠢ᠋ ᠤᠷᠭᠤᠭᠤᠯᠤᠭᠰᠠᠨ
ᠬᠡᠯᠡ ᠰᠣᠶᠣᠯ᠎ᠤ᠋ᠨ ᠭᠡᠭᠡᠨ ᠬᠠᠷᠭᠤᠢ
ᠬᠡᠦᠬᠡᠳ ᠨᠠᠮ᠎ᠠ᠎ᠶ᠋ᠢ᠎ᠪᠡᠨ ᠥᠰᠬᠡᠭᠰᠡᠨ
ᠬᠠᠢᠷ᠎ᠠ ᠢᠪᠢᠯᠦᠭᠰᠡᠨ ᠡᠬᠡ ᠰᠤᠷᠭᠠᠭᠤᠯᠢ
     ᠡᠯᠢᠭᠡᠨ ᠬᠠᠢᠷᠠᠲᠠᠢ ᠮᠣᠩᠭᠣᠯ ᠰᠤᠷᠭᠠᠭᠤᠯᠢ ᠮᠢᠨᠢ
     ᠥᠰᠬᠡᠨ ᠬᠥᠮᠦᠵᠢᠭᠦᠯᠦᠭᠰᠡᠨ ᠬᠠᠯᠠᠭᠤᠨ ᠥᠯᠥᠭᠡᠢ
     ᠬᠠᠯᠠᠭᠤᠨ ᠥᠯᠥᠭᠡᠢ
ᠡᠯᠢᠭᠡᠨ ᠬᠠᠢᠷᠠᠲᠠᠢ ᠮᠣᠩᠭᠣᠯ ᠰᠤᠷᠭᠠᠭᠤᠯᠢ ᠮᠢᠨᠢ
ᠥᠰᠬᠡᠨ ᠬᠥᠮᠦᠵᠢᠭᠦᠯᠦᠭᠰᠡᠨ ᠬᠠᠯᠠᠭᠤᠨ ᠥᠯᠥᠭᠡᠢ
     ᠬᠠᠯᠠᠭᠤᠨ ᠥᠯᠥᠭᠡᠢ
     ᠬᠠᠯᠠᠭᠤᠨ ᠥᠯᠥᠭᠡᠢ

   ᠦᠰᠦᠭ ᠠᠮᠢᠯᠠᠭᠤᠯᠤᠭᠴᠢ ᠄ ᠰᠣᠳᠣ
   ᠦᠰᠦᠭ ᠬᠠᠳᠠᠭᠴᠢ᠄ ᠰᠣᠳᠣ
   ᠬᠢᠨᠠᠭᠴᠢ᠄ ᠣᠳᠬᠠᠨᠰᠣ᠎ᠠ