ᠤᠴᠢᠷ ᠲᠠᠢ ᠭᠤᠷᠪᠠᠨ ᠲᠤᠯᠤᠭᠠᠢ- ᠳ᠋ ᠨᠠᠴᠤᠭᠳᠣᠷᠵᠢ- ᠵᠦᠴᠦᠭᠡUchirtai gurvan tolgoiУчиртай гурван толгой ᠰᠣᠶᠣᠯ ᠤᠷᠠᠯᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠴᠢᠷ ᠲᠠᠢ ᠭᠤᠷᠪᠠᠨ ᠲᠤᠯᠤᠭᠠᠢ- ᠳ᠋ ᠨᠠᠴᠤᠭᠳᠣᠷᠵᠢ- ᠵᠦᠴᠦᠭᠡUchirtai gurvan tolgoiУчиртай гурван толгой

ᠤᠴᠢᠷ ᠲᠠᠢ ᠭᠤᠷᠪᠠᠨ ᠲᠤᠯᠤᠭᠠᠢ- ᠳ᠋ ᠨᠠᠴᠤᠭᠳᠣᠷᠵᠢ- ᠵᠦᠴᠦᠭᠡUchirtai gurvan tolgoiУчиртай гурван толгой

ᠠᠩᠭᠢᠯᠠᠯ:ᠰᠣᠶᠣᠯ ᠤᠷᠠᠯᠢᠭ
2022-09-16

887

ᠤᠴᠢᠷ ᠲᠠᠢ ᠭᠤᠷᠪᠠᠨ ᠲᠣᠯᠣᠭᠠᠢ- ᠳ ᠨᠠᠴᠤᠭᠳᠣᠷᠵᠢ 1943 ᠤᠨ ᠳ᠋ᠦ᠍

ᠨᠢᠭᠡᠳᠤᠭᠡᠷ ᠦᠵᠡᠭᠳᠡᠯ

ᠤᠴᠢᠷ ᠲᠠᠢ ᠭᠤᠷᠪᠠᠨ ᠲᠣᠯᠣᠭᠠᠢ-ᠳᠠᠭᠤᠯᠠᠯᠲᠤ ᠵᠦᠴᠦᠭᠡ ᠶ᠋ᠢᠨ ᠵᠣᠬᠢᠶᠠᠯ ᠳ᠋᠊᠂ ᠨᠠᠴᠤᠭᠳᠣᠷᠵᠢ (1943 ᠣᠨ ᠳ᠋ᠤ᠌ )
ᠨᠢᠭᠡᠳᠦᠭᠡᠷ ᠦᠵᠡᠭᠳᠡᠯ
ᠲᠠᠢᠰᠠᠨ ᠤ᠋ ᠪᠠᠢᠳᠠᠯ ᠨᠢ ᠢᠵᠢᠯ ᠭᠤᠷᠪᠠᠨ ᠠᠭᠤᠯᠠ ᠪᠠᠢᠬᠤ ᠪᠠ ᠡᠨᠡ ᠠᠭᠤᠯᠠ ᠪᠣᠯ ᠮᠣᠳᠣ ᠤᠰᠤ ᠴᠡᠴᠡᠭ ᠨᠠᠪᠴᠢ ᠦᠵᠡᠰᠬᠦᠯᠡᠩ ᠲᠡᠭᠦᠯᠳᠡᠷ ᠭᠠᠵᠠᠷ ᠪᠠᠢᠬᠤ ᠪᠥᠭᠡᠳ ᠳᠡᠭᠡᠷᠡᠬᠢ ᠠᠭᠤᠯᠠ ᠶ᠋ᠢᠨ ᠲᠥᠪ ᠳᠤᠮᠳᠠ ᠠᠭᠤᠳᠠᠮ ᠲᠠᠯ᠎ᠠ ᠬᠥᠨᠳᠡᠢ ᠳ᠋ᠦ᠍ ᠠᠩ ᠳ᠋ᠤ᠌ ᠶᠠᠪᠤᠭᠰᠠᠨ ᠬᠥᠮᠦᠰ ᠦ᠋ᠨ ᠠᠷᠤ ᠭᠡᠷ ᠦ᠋ᠨ ᠬᠥᠮᠦᠰ ᠢᠳᠡᠭᠡ ᠴᠠᠢ ᠠᠢᠷᠠᠭ ᠲᠠᠷᠠᠭ᠂ ᠠᠷᠢᠬᠢ ᠵᠡᠷᠭᠡ ᠶ᠋ᠢ ᠪᠡᠯᠡᠳᠬᠡᠨ ᠢᠷᠡᠭᠡᠳ ᠬᠥᠭᠵᠢᠯᠲᠡ ᠪᠠᠶᠠᠰᠬᠤᠯᠠᠩᠲᠠᠢ ᠪᠠᠷ ᠠᠩᠴᠢᠳ ᠢ᠋ᠶ᠋ᠠᠨ ᠮᠠᠭᠲᠠᠨ ᠳᠠᠭᠤᠯᠠᠬᠤ ᠨᠢ᠄ ( ᠬᠠᠮᠲᠤ ᠪᠠᠷ ᠳᠠᠭᠤᠯᠠᠬᠤ)
ᠪᠠᠷᠰ ᠢᠷᠪᠢᠰ ᠢ᠋ ᠰᠦᠷᠳᠡᠭᠦᠯᠦᠭᠰᠡᠨ
ᠪᠠᠭᠠᠲᠤᠷ ᠮᠠᠨ ᠤ᠋ ᠡᠷᠡᠴᠦᠳ
ᠪᠠᠶᠠᠷ ᠤ᠋ᠨ ᠴᠣᠭ ᠢ᠋ ᠪᠠᠳᠠᠷᠠᠭᠤᠯᠤᠭᠰᠠᠭᠠᠷ
ᠪᠠᠶᠠᠯᠢᠭ ᠣᠯᠵᠠ ᠲᠠᠢ ᠢᠷᠡᠨ᠎ᠡ᠃
ᠠᠷᠤ ᠶ᠋ᠢᠨ ᠠᠭᠤᠯᠠᠨ ᠳ᠋ᠤ᠌ ᠭᠠᠷᠴᠤ
ᠠᠷᠰᠯᠠᠨ ᠪᠠᠷᠰ ᠢ᠋ ᠨᠠᠮᠨᠠᠭᠰᠠᠨ
ᠠᠩᠴᠢᠨ ᠡᠷᠡᠴᠦᠳ ᠲᠠ ᠨᠠᠷ ᠤ᠋ᠨ
ᠠᠯᠳᠠᠷ ᠨᠡᠷ᠎ᠡ ᠶ᠋ᠢ ᠮᠠᠭᠲᠠᠶ᠎ᠠ᠃
ᠬᠥᠬᠡ ᠴᠢᠨᠣ᠎ᠠ ᠶ᠋ᠢ ᠠᠶᠤᠯᠭᠠᠭᠰᠠᠨ
ᠬᠦᠯᠦᠭ ᠮᠣᠷᠢᠳ ᠢ᠋ ᠮᠠᠭᠲᠠᠯ᠎ᠠ᠃
ᠬᠥᠨᠳᠡᠢ ᠶ᠋ᠢᠨ ᠠᠷᠢᠶᠠᠲᠠᠨ ᠢ᠋ ᠴᠣᠴᠢᠭᠠᠭᠰᠠᠨ
ᠬᠦᠴᠦᠲᠦ ᠡᠷᠡᠰ ᠢ᠋ ᠮᠠᠭᠲᠠᠨ᠎ᠠ᠃
(ᠭᠡᠵᠦ ᠳᠠᠭᠤᠯᠠᠵᠤ ᠳᠠᠭᠤᠰᠲᠠᠯ᠎ᠠ ᠠᠯᠤᠰ ᠡᠴᠡ ᠢᠷᠡᠵᠦ ᠶᠠᠪᠤᠭ᠎ᠠ ᠮᠣᠷᠢᠨ ᠤ᠋ ᠲᠤᠭᠤᠷᠠᠢ ᠶ᠋ᠢᠨ ᠳᠠᠭᠤ ᠬᠣᠯᠠ ᠡᠴᠡ ᠰᠣᠨᠣᠰᠳᠠᠭᠰᠠᠭᠠᠷ ᠢᠷᠡᠬᠦ ᠳ᠋ᠦ᠍᠂ ᠬᠦᠯᠢᠶᠡᠭᠰᠡᠨ ᠬᠥᠮᠦᠰ ᠤᠭᠲᠤᠨ ᠠᠭᠤᠯᠵᠠᠵᠤ᠂ ᠶᠦᠨᠳᠡᠩ ᠨᠠᠩᠰᠠᠯᠮ᠎ᠠ ᠬᠣᠶᠠᠷ ᠪᠡᠶ᠎ᠡ ᠪᠡᠶ᠎ᠡ ᠪᠡᠨ ᠲᠡᠪᠡᠷᠢᠨ ᠰᠡᠳᠬᠢᠯ ᠲᠠᠢᠪᠤᠰᠢᠷᠠᠨ ᠴᠥᠮ ᠢ᠋ᠶ᠋ᠡᠷ ᠢ᠋ᠶ᠋ᠡᠨ ᠳᠠᠭᠤᠯᠠᠬᠤ ᠨᠢ᠄)
(ᠾᠤᠷ) ᠠᠷᠤ ᠶ᠋ᠢᠨ ᠠᠭᠤᠯᠠᠨ ᠳ᠋ᠤ᠌ ᠤᠷᠭᠤᠭᠰᠠᠨ
ᠠᠯᠠᠭ ᠴᠡᠴᠡᠭ ᠰᠠᠢᠬᠠᠨ᠂
ᠠᠮᠠᠷᠠᠭ ᠬᠥᠭᠡᠷᠦᠬᠦᠨ ᠪᠦᠰᠡᠭᠦᠢ ᠮᠢᠨᠢ
ᠠᠯᠠᠭ ᠴᠡᠴᠡᠭ ᠡᠴᠡ ᠰᠠᠢᠬᠠᠨ᠃
ᠥᠪᠥᠷ ᠦ᠋ᠨ ᠠᠭᠤᠯᠠᠨ ᠳ᠋ᠤ᠌ ᠤᠷᠭᠤᠭᠰᠠᠨ
ᠥᠩᠭᠡ ᠶ᠋ᠢᠨ ᠴᠡᠴᠡᠭ ᠰᠠᠢᠬᠠᠨ᠂
ᠥᠪᠡᠷ ᠦ᠋ᠨ ᠢᠨᠠᠭ ᠪᠦᠰᠡᠭᠦᠢ ᠮᠢᠨᠢ
ᠥᠩᠭᠡ ᠶ᠋ᠢᠨ ᠴᠡᠴᠡᠭ ᠡᠴᠡ ᠰᠠᠢᠬᠠᠨ᠃
(ᠭᠡᠵᠦ ᠳᠠᠭᠤᠯᠠᠭᠰᠠᠨ ᠤ᠋ ᠳᠠᠷᠠᠭ᠎ᠠ ᠪᠠᠷ ᠪᠦᠭᠦᠳᠡᠭᠡᠷ ᠢ᠋ᠶ᠋ᠡᠨ ᠲᠣᠭᠣᠷᠢᠨ ᠰᠠᠭᠤᠵᠠᠭᠠᠵᠤ ᠶᠦᠨᠳᠡᠩ ᠳᠠᠭᠤᠯᠠᠨ᠎ᠠ)
ᠶᠦᠨᠳᠡᠩ᠄
ᠠᠷᠢᠶᠠᠲᠠᠨ ᠤ᠋ ᠵᠢᠷᠦᠬᠡ ᠶ᠋ᠢ ᠴᠡᠴᠡᠷᠡᠭᠦᠯᠦᠭᠰᠡᠨ
ᠠᠯᠳᠠᠷᠲᠤ ᠪᠠᠭᠠᠲᠤᠷ ᠨᠥᠬᠥᠳ ᠮᠢᠨᠢ
ᠠᠶᠠᠲᠠᠢ ᠮᠣᠷᠢᠯᠠᠨ ᠰᠠᠭᠤᠵᠠᠭᠠᠵᠤ
ᠠᠮᠲᠠᠲᠠᠢ ᠢᠳᠡᠭᠡ ᠪᠡᠨ ᠪᠠᠷᠢᠵᠠᠭᠠᠶ᠎ᠠ᠃
ᠳᠠᠭᠤᠴᠢᠨ᠄
ᠠᠩ ᠭᠥᠷᠥᠭᠡᠰᠦ ᠠᠭᠤᠯᠠ ᠪᠠᠷ ᠳᠦᠭᠦᠷᠡᠩ
ᠠᠳᠤᠭᠤ ᠮᠠᠯ ᠲᠠᠯ᠎ᠠ ᠪᠠᠷ ᠳᠦᠭᠦᠷᠡᠩ
ᠠᠢᠷᠠᠭ ᠲᠠᠷᠠᠭ ᠭᠡᠷ ᠢ᠋ᠶ᠋ᠡᠷ ᠳᠦᠭᠦᠷᠡᠩ
ᠠᠷᠠᠳ ᠣᠯᠠᠨ ᠵᠢᠷᠭᠠᠯ ᠢ᠋ᠶ᠋ᠠᠷ ᠳᠦᠭᠦᠷᠴᠦ
ᠠᠰᠢᠳᠠ ᠶ᠋ᠢᠨ ᠴᠡᠩᠭᠡᠯ ᠪᠦᠷᠢᠳᠦᠭᠰᠡᠨ ᠦ᠌ ᠲᠤᠯᠠ᠂᠂᠂᠂᠂
ᠲᠠᠯ᠎ᠠ ᠨᠤᠲᠤᠭ ᠴᠡᠴᠡᠭ ᠢ᠋ᠶ᠋ᠡᠷ ᠳᠦᠭᠦᠷᠴᠦ
ᠲᠠᠩᠰᠤᠭ ᠢᠳᠡᠭᠡ ᠲᠡᠪᠰᠢ ᠪᠡᠷ ᠳᠦᠭᠦᠷᠴᠦ
ᠲᠠᠷᠠᠭ ᠠᠢᠷᠠᠭ ᠬᠤᠪᠢᠩ ᠢ᠋ᠶ᠋ᠠᠷ ᠪᠢᠯᠬᠠᠵᠤ
ᠲᠠᠨᠢᠯ ᠨᠥᠬᠥᠳ ᠬᠤᠷᠠᠯᠳᠤᠨ ᠢᠷᠡᠵᠦ
ᠲᠠᠪᠠ ᠲᠠᠢ ᠴᠡᠩᠭᠡᠯ ᠪᠦᠷᠢᠳᠦᠭᠰᠡᠨ ᠦ᠌ ᠲᠤᠯᠠ᠂᠂᠂᠂᠂᠂
(ᠭᠡᠵᠦ ᠳᠠᠭᠤᠯᠠᠭᠰᠠᠨ ᠤ᠋ ᠳᠠᠷᠠᠭ᠎ᠠ ᠪᠠᠷ ᠨᠡᠢᠲᠡ ᠪᠡᠷ ᠲᠦᠷᠢᠯᠭᠡ ᠪᠣᠯᠵᠤ ᠳᠠᠭᠤᠯᠠᠨ᠎ᠠ)
(ᠾᠤᠷ) ᠠᠩᠴᠢᠨ ᠠᠷᠠᠳ ᠢ᠋ ᠲᠣᠯᠣᠭᠠᠢᠯᠠᠭᠰᠠᠨ
ᠠᠯᠳᠠᠷᠲᠤ ᠡᠷ᠎ᠡ ᠶᠦᠨᠳᠡᠩ ᠮᠢᠨᠢ᠂
ᠠᠭᠤᠤ ᠵᠣᠷᠢᠭ ᠢ᠋ ᠬᠥᠭᠵᠢᠭᠡᠭᠰᠡᠨ
ᠰᠢᠯᠢᠳᠡᠭ ᠠᠩᠴᠢᠨ ᠶᠦᠨᠳᠡᠩ ᠮᠢᠨᠢ᠂
ᠪᠠᠭᠠᠲᠤᠷ ᠴᠢᠨᠦ ᠬᠠᠮᠲᠤ ᠪᠠᠷ
ᠪᠠᠬᠠᠨ ᠨᠠᠭᠠᠳᠴᠤ ᠴᠡᠩᠭᠡᠬᠦ ᠶ᠋ᠢ
ᠪᠠᠰᠠ ᠪᠢᠳᠡ ᠬᠦᠰᠡᠬᠦ ᠲᠤᠯᠠ
ᠪᠠᠶᠠᠷᠯᠠᠨ ᠤᠭᠲᠤᠵᠤ ᠬᠦᠯᠢᠶᠡᠨ᠎ᠡ᠃
ᠳᠠᠭᠤᠴᠢᠨ᠄
ᠰᠠᠷᠠᠭᠤᠯ ᠲᠠᠯ᠎ᠠ ᠶ᠋ᠢᠨ ᠴᠢᠯᠥᠭᠡᠲᠦ ᠠᠷᠠᠳ ᠤ᠋ᠳ
ᠰᠠᠢᠬᠠᠨ ᠬᠤᠷᠢᠮ ᠢ᠋ ᠦᠢᠯᠡᠳᠬᠦ ᠪᠡᠷ ᠴᠤᠭᠯᠠᠵᠤ
ᠰᠠᠷᠬᠤᠳ ᠤ᠋ᠨ ᠬᠤᠨᠳᠠᠭ᠎ᠠ ᠶ᠋ᠢ ᠡᠷᠭᠦᠨ ᠳᠡᠪᠰᠢᠭᠦᠯᠵᠦ
ᠰᠠᠨᠠᠭᠰᠠᠨ ᠦᠭᠡ ᠪᠡᠨ ᠬᠠᠷᠠᠮ ᠦᠭᠡᠢ ᠶᠠᠷᠢᠬᠤ
ᠰᠠᠢᠬᠠᠨ ᠵᠠᠪᠰᠢᠶᠠᠨ ᠣᠯᠳᠠᠭᠰᠠᠨ ᠤ᠋ ᠲᠤᠯᠠ᠂᠂᠂᠂᠂᠂
ᠲᠠᠯ᠎ᠠ ᠨᠤᠲᠤᠭ ᠴᠡᠴᠡᠭ ᠢ᠋ᠶ᠋ᠡᠷ ᠪᠦᠷᠬᠦᠵᠦ
ᠲᠠᠩᠰᠤᠭ ᠢᠳᠡᠭᠡ ᠲᠡᠪᠰᠢ ᠪᠡᠷ ᠳᠦᠭᠦᠷᠴᠦ
ᠲᠠᠷᠠᠭ ᠠᠢᠷᠠᠭ ᠬᠤᠪᠢᠩ ᠢ᠋ᠶ᠋ᠠᠷ ᠪᠢᠯᠬᠠᠵᠤ
ᠲᠠᠨᠢᠯ ᠨᠥᠬᠥᠳ ᠬᠤᠷᠠᠯᠳᠤᠨ ᠢᠷᠡᠵᠦ
ᠲᠠᠪᠠ ᠲᠠᠢ ᠴᠡᠩᠭᠡᠯ ᠪᠦᠷᠢᠳᠬᠦ ᠶ᠋ᠢᠨ ᠲᠤᠯᠠ᠂᠂᠂᠂᠂᠂
(ᠾᠤᠷ) ᠠᠮᠠᠷᠠᠭ ᠨᠥᠬᠥᠳ ᠪᠦᠭᠦᠳᠡᠭᠡᠷ ᠢ᠋ᠶ᠋ᠡᠨ ᠵᠡᠷᠭᠡᠴᠡᠵᠦ
ᠠᠯᠲᠠᠨ ᠰᠢᠷᠡᠭᠡ ᠶ᠋ᠢ ᠲᠣᠭᠣᠷᠢᠨ ᠰᠠᠭᠤᠭᠠᠳ
ᠠᠮᠲᠠᠲᠤ ᠢᠳᠡᠭᠡ ᠪᠡᠨ ᠠᠮᠰᠠᠵᠤ ᠢᠳᠡᠭᠡᠳ
ᠠᠭᠤᠤ ᠨᠠᠢᠷ ᠢ᠋ᠶ᠋ᠠᠨ ᠡᠭᠦᠰᠬᠡᠨ ᠵᠢᠷᠭᠠᠶ᠎ᠠ᠃
ᠬᠣᠰᠢᠭᠤᠴᠢ ᠪᠠᠭᠠᠲᠤᠷ ᠤ᠋ᠳ ᠮᠣᠷᠢᠯᠠᠨ ᠢᠷᠡᠵᠦ
ᠭᠤᠸ᠎ᠠ ᠬᠡᠦᠬᠡᠨ ᠨᠦ᠍ᠭᠦᠳ ᠤᠭᠲᠤᠨ ᠠᠭᠤᠯᠵᠠᠵᠤ
ᠬᠤᠪᠢ ᠲᠠᠢ ᠴᠡᠩᠭᠡᠯ ᠪᠦᠷᠢᠳᠬᠦ ᠶ᠋ᠢᠨ ᠲᠤᠯᠠᠳᠠ
ᠬᠤᠷᠠᠭᠰᠠᠨ ᠪᠦᠭᠦᠳᠡ ᠲᠡᠭᠦᠰ ᠵᠢᠷᠭᠠᠯᠲᠠᠢ᠃
(ᠳᠠᠷᠠᠭ᠎ᠠ ᠨᠢ ᠡᠷᠡᠭᠲᠡᠢᠴᠦᠳ ᠪᠠ ᠡᠮᠡᠭᠲᠡᠢᠴᠦᠳ ᠲᠠᠨᠼ ᠬᠢᠨ᠎ᠡ᠃ ᠨᠠᠰᠤᠲᠠᠢ ᠠᠷᠠᠳ ᠨᠠᠩᠰᠠᠯᠮ᠎ᠠ ᠳ᠋ᠤ᠌ ᠴᠡᠴᠡᠭ ᠪᠡᠯᠡᠭᠯᠡᠨ ᠪᠦᠬᠦ ᠴᠤᠭᠯᠠᠷᠠᠭᠰᠠᠳ ᠲᠤ᠌ ᠶᠣᠰᠣᠯᠠᠨ ᠶᠠᠪᠤᠨ᠎ᠠ᠃ ᠬᠡᠳᠦᠨ ᠡᠷᠡᠭᠲᠡᠢ ᠡᠮᠡᠭᠲᠡᠢ ᠬᠥᠮᠦᠰ ᠦᠯᠡᠳᠡᠵᠦ ᠨᠢᠭᠡᠨ ᠲᠠᠯ᠎ᠠ ᠡᠴᠡ ᠨᠢᠭᠡ ᠬᠡᠦᠬᠡᠨ ᠬᠡᠦᠬᠡᠳ ᠪᠦᠦᠪᠡᠢᠯᠡᠭᠰᠡᠭᠡᠷ ᠭᠠᠷᠴᠤ ᠢᠷᠡᠨ᠎ᠡ)
ᠨᠢᠭᠡ ᠬᠡᠦᠬᠡᠨ᠄
ᠪᠦᠭᠡᠭᠡᠨ ᠭᠡᠭᠡ ᠲᠠᠰᠤᠷᠠᠵᠤ
ᠪᠦᠷᠦᠩᠬᠦᠢ ᠦᠳᠡᠰᠢ ᠪᠣᠯᠵᠤ
ᠪᠦᠭᠦᠳᠡ ᠠᠮᠢᠲᠠᠨ ᠠᠮᠠᠷᠠᠵᠤ
ᠪᠦᠷᠢᠨ ᠲᠡᠭᠦᠰ ᠤᠨᠲᠠᠵᠠᠢ᠂
ᠪᠦᠯᠲᠡᠭᠡᠷ ᠬᠦᠦ ᠮᠢᠨᠢ ᠤᠨᠲᠠ ᠳᠠ᠃
ᠪᠦᠦᠪᠡᠢ᠂ ᠪᠦᠦᠪᠡᠢ᠂ ᠪᠦᠦᠪᠡᠢ᠃
ᠬᠠᠶᠠᠭᠠᠨ ᠳ᠋ᠤ᠌ ᠪᠠᠢᠭ᠎ᠠ ᠬᠠᠰᠢᠶᠠᠨ ᠳ᠋ᠤ᠌
ᠬᠠᠯᠵᠠᠨ ᠬᠤᠷᠠᠭ᠎ᠠ ᠬᠡᠪᠲᠡᠵᠦ ᠪᠠᠢᠨ᠎ᠠ᠂
ᠬᠠᠷ᠎ᠠ ᠰᠠᠢᠬᠠᠨ ᠨᠢᠳᠦ ᠪᠡᠨ ᠬᠠᠮᠬᠢᠵᠤ ᠠᠨᠢᠭᠠᠳ ᠤᠨᠲᠠᠵᠠᠢ᠂
ᠬᠠᠢᠷᠠᠲᠠᠢ ᠬᠦᠦ ᠮᠢᠨᠢ ᠤᠨᠲᠠ ᠳᠠ᠃
ᠪᠦᠦᠪᠡᠢ᠂ ᠪᠦᠦᠪᠡᠢ᠂ ᠪᠦᠦᠪᠡᠢ᠃
ᠢᠷᠲᠦ ᠰᠡᠯᠡᠮ᠎ᠡ ᠪᠡᠨ ᠳᠠᠯᠠᠢᠭᠴᠢ
ᠢᠳᠡᠮᠡᠬᠡᠢ ᠳᠠᠢᠰᠤᠨ ᠢ᠋ ᠳᠠᠷᠤᠵᠤ
ᠶᠡᠬᠡ ᠬᠡᠷᠡᠭ ᠢ᠋ ᠪᠦᠲᠦᠭᠡᠭᠴᠢ
ᠢᠷᠡᠭᠡᠳᠦᠢ ᠶ᠋ᠢᠨ ᠪᠠᠭᠠᠲᠤᠷ ᠮᠢᠨᠢ
ᠡᠵᠢ ᠶ᠋ᠢᠨ ᠢ᠋ᠶ᠋ᠡᠨ ᠭᠠᠷ ᠳᠡᠭᠡᠷ᠎ᠡ ᠤᠨᠲᠠ ᠳᠠ᠃
ᠪᠦᠦᠪᠡᠢ᠂ ᠪᠦᠦᠪᠡᠢ᠂ ᠪᠦᠦᠪᠡᠢ᠃
(ᠬᠡᠦᠬᠡᠨ ᠢ᠋ ᠰᠣᠨᠢᠷᠬᠠᠨ ᠪᠠᠢᠭᠰᠠᠨ ᠠᠷᠠᠳ ᠤ᠋ᠳ ᠲᠠᠯ᠎ᠠ ᠲᠠᠯ᠎ᠠ ᠳᠠᠰᠢ ᠪᠠᠨ ᠶᠠᠪᠤᠨ᠎ᠠ᠃ ᠶᠦᠨᠳᠡᠩ ᠨᠠᠩᠰᠠᠯᠮ᠎ᠠ ᠬᠣᠶᠠᠷ ᠳᠠᠭᠤᠯᠠᠨ᠎ᠠ) ᠶᠦᠨᠳᠡᠩ᠄
ᠬᠠᠳᠠ ᠲᠠᠢ ᠥᠨᠳᠥᠷ ᠠᠭᠤᠯᠠ ᠨᠢ
ᠬᠠᠩᠭᠠᠢ ᠳᠡᠯᠡᠬᠡᠢ ᠶ᠋ᠢᠨ ᠦᠵᠡᠰᠬᠦᠯᠡᠩ᠃
ᠬᠠᠵᠠᠭᠤ ᠳ᠋ᠤ᠌ ᠪᠠᠢᠭ᠎ᠠ ᠬᠦᠦ ᠮᠢᠨᠢ
ᠬᠠᠮᠤᠭ ᠣᠯᠠᠨ ᠤ᠋ ᠪᠠᠶᠠᠰᠬᠤᠯᠠᠩ᠃
ᠬᠠᠢᠯᠠᠰᠤ ᠮᠣᠳᠣᠨ ᠤ᠋ ᠮᠥᠴᠢᠷ ᠳᠡᠭᠡᠷ᠎ᠡ
ᠬᠠᠷᠴᠠᠭᠠᠢ ᠰᠢᠪᠠᠭᠤ ᠵᠢᠷᠭᠢᠵᠦ ᠪᠠᠢᠨ᠎ᠠ᠃
ᠬᠠᠷᠢᠯᠴᠠᠨ ᠬᠠᠨᠢᠯᠠᠭᠰᠠᠨ ᠪᠢᠳᠡ ᠬᠣᠶᠠᠷ
ᠬᠠᠮᠲᠤᠷᠠᠬᠤ ᠶ᠋ᠢᠨ ᠦᠭᠡ ᠶ᠋ᠢ ᠶᠠᠷᠢᠬᠤ ᠤᠤ ᠳᠠ᠃
ᠨᠠᠩᠰᠠᠯᠮ᠎ᠠ᠄
ᠮᠣᠳᠣ ᠲᠠᠢ ᠰᠠᠢᠬᠠᠨ ᠠᠭᠤᠯᠠ ᠨᠢ
ᠮᠣᠩᠭᠣᠯ ᠭᠠᠵᠠᠷ ᠤ᠋ᠨ ᠴᠢᠮᠡᠭ᠃
ᠢᠷᠦᠭᠡᠯ ᠲᠡᠢ ᠤᠴᠠᠷᠠᠭᠰᠠᠨ ᠬᠦᠦ ᠮᠢᠨᠢ
ᠶᠣᠰᠣ ᠲᠠᠢ ᠮᠢᠨᠦ ᠠᠮᠠᠷᠠᠭ ᠠ᠋᠃
ᠵᠥᠭᠡᠯᠡᠨ ᠰᠠᠯᠬᠢ ᠨᠠᠢᠭᠤᠬᠤ ᠳ᠋ᠤ᠌
ᠴᠡᠴᠡᠭ ᠨᠠᠪᠴᠢ ᠨᠢ ᠭᠠᠩᠬᠤᠨ᠎ᠠ᠃
ᠴᠡᠭᠡᠵᠢᠨ ᠳ᠋ᠡᠬᠢ ᠦᠭᠡ ᠪᠡᠨ ᠬᠡᠯᠡᠬᠦ ᠳ᠋ᠦ᠍
ᠴᠢᠬᠢᠨ ᠳ᠋ᠦ᠍ ᠮᠢᠨᠢ ᠠᠶᠠᠲᠠᠢᠬᠠᠨ ᠰᠣᠨᠣᠰᠳᠠᠨ᠎ᠠ᠃
ᠶᠦᠨᠳᠡᠩ᠄
ᠰᠡᠳᠬᠢᠯ ᠦ᠋ᠨ ᠠᠮᠠᠷᠠᠭ ᠭᠡᠳᠡᠭ ᠴᠢᠨᠢ
ᠰᠢᠵᠢᠷ ᠠᠯᠲᠠ ᠡᠴᠡ ᠦᠨ᠎ᠡ ᠲᠡᠢ᠃
ᠰᠢᠯᠢᠵᠦ ᠲᠡᠭᠦᠨ ᠢ᠋ ᠣᠯᠬᠤ ᠳ᠋ᠤ᠌
ᠰᠢᠢᠳᠪᠦᠷᠢ ᠵᠣᠷᠢᠭ ᠬᠡᠷᠡᠭ ᠲᠡᠢ᠃
(ᠬᠣᠶᠠᠭᠤᠯᠠ ᠳᠠᠭᠤᠯᠠᠨ᠎ᠠ)
(ᠳᠦᠨ᠋ᠧᠲ) ᠢᠵᠢᠯᠢ ᠬᠣᠶᠠᠷ ᠰᠢᠪᠠᠭᠤ ᠰᠢᠭ᠋
ᠢᠵᠢᠯᠢᠳᠦᠭᠡᠳ ᠬᠣᠶᠠᠭᠤᠯᠠ ᠰᠠᠭᠤᠶ᠎ᠠ᠃
ᠢᠩᠭᠢᠵᠦ ᠨᠡᠢᠯᠡᠬᠦ ᠡᠴᠡ
ᠢᠯᠡᠭᠦᠦ ᠵᠢᠷᠭᠠᠯ ᠬᠠᠮᠢᠭ᠎ᠠ ᠡᠴᠡ ᠪᠠᠢᠬᠤ ᠪᠣᠢ?
ᠶᠦᠨᠳᠡᠩ :
ᠠᠪᠤ ᠡᠵᠢ ᠳ᠋ᠦ᠍ ᠴᠢᠨᠢ ᠬᠡᠯᠡᠬᠦ ᠤᠤ ᠳᠠ
ᠠᠬ᠎ᠠ ᠳᠡᠭᠦᠦ ᠴᠢᠨᠢ ᠶᠠᠭᠤ ᠭᠡᠬᠦ ᠪᠣᠯ?
ᠠᠶᠠᠨ ᠵᠢᠩ ᠳ᠋ᠦ᠍ ᠶᠠᠪᠤᠵᠤ
ᠠᠪᠬᠤ ᠶᠠᠭᠤᠮ᠎ᠠ ᠪᠠᠨ ᠲᠥᠬᠥᠭᠡᠷᠬᠦ ᠤᠤ ᠳᠠ᠃
ᠡᠴᠢᠭᠡ ᠡᠬᠡ ᠳ᠋ᠡᠭᠡᠨ ᠬᠡᠯᠡᠭᠡᠷᠡᠢ ᠥᠮᠴᠢ ᠬᠥᠷᠥᠩᠭᠡ ᠠᠪᠤᠶ᠎ᠠ᠃
ᠬᠣᠲᠠ ᠭᠠᠵᠠᠷ ᠣᠷᠣᠭᠠᠳ ᠬᠤᠷᠢᠮ ᠤ᠋ᠨ ᠶᠠᠭᠤᠮ᠎ᠠ ᠪᠠᠨ ᠪᠡᠯᠡᠳᠬᠡᠶ᠎ᠡ᠃
ᠨᠠᠩᠰᠠᠯᠮ᠎ᠠ᠄
ᠲᠥᠷᠥᠯ ᠰᠠᠳᠤᠨ ᠴᠦ᠍ ᠶᠠᠭᠠᠬᠢᠬᠤ ᠪᠣᠢ ᠳᠠ
ᠮᠢᠨᠦ ᠵᠢᠷᠭᠠᠯ ᠢ᠋ ᠬᠣᠷᠢᠬᠤ ᠦᠭᠡᠢ᠃
ᠲᠥᠪᠯᠡᠭᠰᠡᠨ ᠰᠡᠳᠬᠢᠯ ᠴᠢᠮ᠎ᠠ ᠳᠡᠭᠡᠷ᠎ᠡ ᠰᠢᠦ
ᠲᠡᠳᠡ ᠠᠶᠠᠨᠳᠠᠭᠠᠨ ᠵᠥᠪᠰᠢᠶᠡᠷᠡᠨ᠎ᠡ᠃
ᠠᠮᠠᠷᠠᠭ ᠰᠡᠳᠬᠢᠯ ᠭᠡᠳᠡᠭ ᠴᠢᠨᠢ
ᠠᠷᠢᠯᠭᠠᠵᠤ ᠪᠣᠯᠳᠠᠭ ᠦᠭᠡᠢ ᠶᠤᠮ ᠪᠠᠢᠨ᠎ᠠ᠃
ᠠᠶᠠᠨ ᠳ᠋ᠠᠭᠠᠨ ᠲᠦᠷᠭᠡᠨ ᠶᠠᠪᠤᠬᠤ ᠶ᠋ᠢ
ᠡᠳᠦᠷ ᠰᠥᠨᠢ ᠦᠭᠡᠢ ᠬᠦᠯᠢᠶᠡᠶ᠎ᠡ᠃
ᠶᠦᠨᠳᠡᠩ᠄
ᠬᠠᠢᠷᠠᠲᠠᠢ ᠰᠡᠳᠬᠢᠯ ᠨᠡᠢᠯᠡᠭᠰᠡᠨ
ᠬᠣᠢᠨ᠎ᠠ ᠬᠠᠷᠢᠭᠠᠳ ᠪᠤᠰᠢᠭᠤᠬᠠᠨ ᠢᠷ᠎ᠡ᠃
ᠬᠠᠮᠤᠭ ᠶᠠᠷᠢᠶ᠎ᠠ ᠲᠣᠬᠢᠷᠠᠭᠰᠠᠨ
ᠬᠣᠢᠨ᠎ᠠ ᠭᠠᠷᠬᠤ ᠡᠴᠡ ᠡᠮᠦᠨ᠎ᠡ ᠠᠭᠤᠯᠵᠠᠶ᠎ᠠ᠃
(ᠶᠦᠨᠳᠡᠩ ᠨᠠᠩᠰᠠᠯᠮ᠎ᠠ ᠬᠣᠶᠠᠷ ᠳᠠᠭᠤᠯᠠᠬᠤ ᠨᠢ)
(ᠳᠦᠨ᠋ᠧᠲ)ᠢᠵᠢᠯᠢ ᠬᠣᠶᠠᠷ ᠰᠢᠪᠠᠭᠤ ᠰᠢᠭ᠋
ᠢᠵᠢᠯᠢᠳᠦᠭᠡᠳ ᠬᠣᠶᠠᠭᠤᠯᠠ ᠰᠠᠭᠤᠶ᠎ᠠ᠃
ᠢᠩᠭᠢᠵᠦ ᠨᠡᠢᠯᠡᠬᠦ ᠡᠴᠡ ᠢᠯᠡᠭᠦᠦ
ᠵᠢᠷᠭᠠᠯ ᠬᠠᠮᠢᠭ᠎ᠠ ᠡᠴᠡ ᠪᠠᠢᠬᠤ ᠪᠣᠢ᠃
(ᠶᠦᠨᠳᠡᠩ ᠨᠠᠩᠰᠠᠯᠮ᠎ᠠ ᠬᠣᠶᠠᠷ ᠶᠠᠪᠤᠵᠤ ᠳᠠᠯᠳᠠ ᠣᠷᠣᠨ᠎ᠠ᠃ ᠦᠷ ᠴᠠᠢᠵᠤ ᠲᠠᠯ᠎ᠠ ᠲᠠᠯ᠎ᠠ ᠡᠴᠡ ᠬᠥᠮᠦᠰ ᠴᠤᠪᠤᠷᠠᠨ ᠭᠠᠷᠴᠤ ᠢᠷᠡᠨ᠎ᠡ᠃)
ᠨᠢᠭᠡ ᠬᠥᠮᠦᠨ᠄
ᠠᠯᠲᠠᠨ ᠥᠩᠭᠡᠲᠦ ᠨᠠᠷᠠᠨ
ᠠᠮᠢᠳᠤᠷᠠᠯ ᠵᠢᠷᠭᠠᠯ ᠢ᠋ ᠲᠤᠩᠬᠠᠭᠯᠠᠨ
ᠠᠯᠤᠰ ᠤ᠋ᠨ ᠠᠭᠤᠯᠠ ᠶ᠋ᠢᠨ ᠬᠥᠲᠥᠯ ᠢ᠋ᠶ᠋ᠡᠷ
ᠠᠷᠠᠢᠬᠠᠨ ᠴᠤᠬᠤᠢᠵᠤ ᠢᠷᠡᠯ᠎ᠡ᠃
ᠨᠠᠷᠠᠨ ᠤ᠋᠂ ᠨᠠᠷᠠᠨ ᠤ᠋᠂ ᠨᠠᠷᠠᠨ ᠤ᠋᠂ ᠨᠠᠷᠠᠨ ᠤ᠋᠃
(ᠾᠤᠷ) ᠪᠠᠯᠠᠷ ᠨᠣᠶᠠᠨ ᠬᠠᠷᠠᠩᠭᠤᠢ
ᠪᠠᠢᠬᠤ ᠭᠠᠵᠠᠷ ᠦᠭᠡᠢ ᠪᠣᠯᠵᠤ
ᠪᠠᠷᠤᠭ ᠤᠬᠠᠭᠠᠨ ᠦᠭᠡᠢ ᠬᠥᠳᠡᠯᠵᠦ
ᠪᠠᠴᠢᠮᠳᠠᠨ ᠵᠢᠭᠤᠲᠠᠵᠤ ᠣᠳᠤᠯ᠎ᠠ᠃
ᠨᠠᠷᠠᠨ ᠤ᠋᠂ ᠨᠠᠷᠠᠨ ᠤ᠋᠂ ᠨᠠᠷᠠᠨ ᠤ᠋᠂ ᠨᠠᠷᠠᠨ ᠤ᠋᠃
ᠥᠨᠳᠥᠷ ᠠᠭᠤᠯᠠ ᠶ᠋ᠢᠨ ᠠᠷᠤ ᠳ᠋ᠤ᠌
ᠡᠮᠦᠰᠦᠭᠰᠡᠨ ᠳᠡᠪᠡᠯ ᠢ᠋ᠶ᠋ᠡᠨ ᠬᠠᠶᠠᠭᠠᠳ
ᠥᠯᠥᠨ ᠴᠢᠨᠣ᠎ᠠ ᠶ᠋ᠢᠨ ᠨᠦᠬᠡᠨ ᠳ᠋ᠦ᠍
ᠥᠷᠥᠭᠡᠰᠦᠨ ᠭᠤᠲᠤᠯ ᠢ᠋ᠶ᠋ᠠᠨ ᠮᠠᠷᠲᠠᠵᠠᠢ᠃
ᠨᠠᠷᠠᠨ ᠤ᠋᠂ ᠨᠠᠷᠠᠨ ᠤ᠋᠂ ᠨᠠᠷᠠᠨ ᠤ᠋᠂ ᠨᠠᠷᠠᠨ ᠤ᠋᠃
ᠬᠠᠷᠠᠩᠭᠤᠢ ᠡᠵᠡᠨ ᠪᠠᠯᠠᠷ
ᠬᠠᠢᠬᠤ ᠮᠥᠷ ᠦᠭᠡᠢ ᠠᠷᠢᠯᠤᠯ᠎ᠠ᠃
ᠬᠠᠢᠷ᠎ᠠ ᠥᠷᠥᠰᠢᠶᠡᠯᠲᠦ ᠨᠠᠷᠠᠨ
ᠬᠠᠮᠤᠭ ᠶᠢᠷᠲᠢᠨᠴᠦ ᠶ᠋ᠢ ᠭᠡᠢᠭᠦᠯᠦᠯ᠎ᠡ᠃
ᠨᠠᠷᠠᠨ ᠤ᠋᠂ ᠨᠠᠷᠠᠨ ᠤ᠋᠂ ᠨᠠᠷᠠᠨ ᠤ᠋᠂ ᠨᠠᠷᠠᠨ ᠤ᠋᠃
ᠠᠯᠲᠠᠨ ᠭᠡᠷᠡᠯᠲᠦ ᠨᠠᠷᠠ ᠨᠢ
ᠠᠮᠢᠲᠠᠨ ᠪᠦᠬᠦᠨ ᠢ᠋ ᠲᠡᠳᠬᠦᠭᠰᠡᠭᠡᠷ
ᠠᠯᠢᠪᠠ ᠵᠢᠷᠭᠠᠯ ᠢ᠋ ᠰᠣᠶᠣᠷᠬᠠᠭᠰᠠᠭᠠᠷ
ᠠᠰᠢᠳᠠ ᠮᠥᠩᠬᠡ ᠮᠠᠨᠳᠤᠲᠤᠭᠠᠢ᠃
ᠨᠠᠷᠠᠨ ᠤ᠋᠂ ᠨᠠᠷᠠᠨ ᠤ᠋᠂ ᠨᠠᠷᠠᠨ ᠤ᠋᠂ ᠨᠠᠷᠠᠨ ᠤ᠋᠃
(ᠨᠠᠷᠠ ᠪᠦᠷ ᠭᠠᠷᠴᠤ᠂ ᠠᠩᠴᠢᠳ ᠠᠩ ᠳ᠋ᠠᠭᠠᠨ ᠮᠣᠷᠳᠠᠬᠤ ᠪᠠᠷ ᠪᠡᠯᠡᠳᠬᠡᠨ᠎ᠡ᠃ ᠡᠮᠡᠭᠲᠡᠢᠴᠦᠳ ᠡᠬᠢᠯᠡᠵᠦ ᠳᠠᠭᠤᠯᠠᠨ᠎ᠠ)
(ᠾᠤᠷ) ᠠᠯᠲᠠᠨ ᠨᠠᠷᠠᠨ ᠤᠷᠭᠤᠯ᠎ᠠ᠂
ᠠᠩᠴᠢᠨ ᠣᠯᠠᠨ ᠨᠥᠬᠥᠳ ᠮᠢᠨᠢ
ᠠᠷᠤ ᠶ᠋ᠢᠨ ᠠᠭᠤᠯᠠᠨ ᠳ᠋ᠤ᠌ ᠭᠠᠷᠴᠤ
ᠠᠷᠢᠶᠠᠲᠠᠨ ᠭᠥᠷᠥᠭᠡᠰᠦ ᠶ᠋ᠢ ᠠᠩᠨᠠᠶ᠎ᠠ᠃
ᠬᠤᠷᠴᠠ ᠵᠡᠪᠰᠡᠭ ᠢ᠋ᠶ᠋ᠡᠨ ᠪᠠᠷᠢᠵᠤ
ᠬᠤᠷᠳᠤᠨ ᠮᠣᠷᠢᠨ ᠳ᠋ᠠᠭᠠᠨ ᠮᠣᠷᠳᠠᠭᠠᠳ
ᠬᠠᠩᠭᠠᠢ ᠶ᠋ᠢᠨ ᠠᠭᠤᠯᠠᠨ ᠳ᠋ᠤ᠌ ᠭᠠᠷᠴᠤ
ᠬᠠᠨᠳᠠᠭᠠᠢ ᠪᠤᠭᠤ ᠶ᠋ᠢ ᠨᠡᠮᠨᠡᠶ᠎ᠡ᠃
(ᠡᠮᠡᠭᠲᠡᠢᠴᠦᠳ ᠳᠠᠭᠤᠯᠠᠨ᠎ᠠ)
(ᠾᠤᠷ) ᠠᠷᠠᠳ ᠤ᠋ᠨ ᠰᠢᠯᠢᠳᠡᠭ ᠬᠥᠪᠡᠭᠦᠨ
ᠠᠩᠴᠢᠨ ᠡᠷᠬᠢᠮ ᠡᠷᠡᠴᠦᠳ ᠮᠢᠨᠢ
ᠠᠩ ᠤ᠋ᠨ ᠦᠰᠦᠯᠢᠭ ᠢ᠋ ᠣᠯᠵᠤ
ᠠᠷᠢᠶᠠᠲᠠᠨ ᠤ᠋ ᠰᠤᠷᠯᠢᠭ ᠢ᠋ ᠠᠪᠠᠯᠠᠭᠠᠷᠠᠢ᠃
ᠭᠠᠨᠵᠤᠭ᠎ᠠ ᠳᠦᠭᠦᠷᠡᠩ ᠶᠠᠭᠤᠮ᠎ᠠ ᠲᠠᠢ
ᠭᠠᠷ ᠳᠦᠭᠦᠷᠡᠩ ᠠᠰᠢᠭ ᠲᠠᠢ
ᠣᠯᠵᠠ ᠲᠠᠢ ᠰᠠᠢᠨ ᠶᠠᠪᠤᠬᠤ ᠶ᠋ᠢ ᠴᠢᠨᠢ
ᠣᠯᠠᠨ ᠪᠦᠭᠦᠳᠡᠭᠡᠷ ᠢ᠋ᠶ᠋ᠡᠨ ᠬᠦᠰᠡᠨ᠎ᠡ᠃
(ᠡᠷᠡᠭᠲᠡᠢ ᠡᠮᠡᠭᠲᠡᠢᠴᠦᠳ ᠪᠦᠭᠦᠳᠡᠭᠡᠷ ᠢ᠋ᠶ᠋ᠡᠨ ᠳᠠᠭᠤᠯᠠᠨ᠎ᠠ)
ᠠᠯᠲᠠᠨ ᠨᠠᠷᠠᠨ ᠤᠷᠭᠤᠯ᠎ᠠ᠂
ᠠᠩᠴᠢᠨ ᠣᠯᠠᠨ ᠨᠥᠬᠥᠳ ᠮᠢᠨᠢ
ᠠᠷᠤ ᠶ᠋ᠢᠨ ᠠᠭᠤᠯᠠᠨ ᠳ᠋ᠤ᠌ ᠭᠠᠷᠴᠤ
ᠠᠷᠢᠶᠠᠲᠠᠨ ᠭᠥᠷᠥᠭᠡᠰᠦ ᠶ᠋ᠢ ᠨᠡᠮᠨᠡᠶ᠎ᠡ᠃
ᠬᠤᠷᠴᠠ ᠵᠡᠪᠰᠡᠭ ᠢ᠋ᠶ᠋ᠡᠨ ᠪᠠᠷᠢᠵᠤ
ᠬᠤᠷᠳᠤᠨ ᠮᠣᠷᠢᠨ ᠳ᠋ᠠᠭᠠᠨ ᠮᠣᠷᠳᠠᠭᠠᠳ
ᠬᠠᠩᠭᠠᠢ ᠶ᠋ᠢᠨ ᠠᠭᠤᠯᠠᠨ ᠳ᠋ᠤ᠌ ᠭᠠᠷᠴᠤ᠂
ᠬᠠᠨᠳᠠᠭᠠᠢ ᠪᠤᠭᠤ ᠶ᠋ᠢ ᠨᠡᠮᠨᠡᠶ᠎ᠡ᠃
(ᠡᠷᠡᠭᠲᠡᠢ ᠡᠮᠡᠭᠲᠡᠢ ᠬᠥᠮᠦᠰ ᠶᠠᠪᠤᠨ᠎ᠠ᠃ ᠶᠦᠨᠳᠡᠩ ᠨᠠᠩᠰᠠᠯᠮ᠎ᠠ ᠬᠣᠶᠠᠷ ᠦᠯᠡᠳᠡᠨ᠎ᠡ)
ᠨᠠᠩᠰᠠᠯᠮ᠎ᠠ᠄
ᠠᠶᠠᠨ ᠳ᠋ᠠᠭᠠᠨ ᠮᠡᠨᠳᠦ ᠶᠠᠪᠤᠭᠠᠷᠠᠢ
ᠠᠯᠤᠰ ᠡᠴᠡ ᠲᠦᠷᠭᠡᠨ ᠢᠷᠡᠭᠡᠷᠡᠢ᠃
ᠠᠯᠠᠭᠯᠠᠵᠤ ᠣᠶᠣᠭᠰᠠᠨ ᠠᠯᠴᠢᠭᠤᠷ ᠲᠤ᠌ ᠮᠢᠨᠢ
ᠠᠶᠠᠭ᠎ᠠ ᠪᠠᠨ ᠬᠢᠭᠡᠳ ᠵᠡᠭᠦᠭᠡᠷᠡᠢ᠃
ᠬᠣᠢᠰᠢ ᠪᠠᠨ ᠵᠣᠪᠠᠬᠤ ᠬᠡᠷᠡᠭ ᠦᠭᠡᠢ
ᠬᠤᠷᠳᠤᠨ ᠢᠷᠡᠬᠦ ᠬᠡᠷᠡᠭᠲᠡᠢ᠃
ᠬᠦᠷᠴᠦ ᠢᠷᠡᠭᠰᠡᠨ ᠦ᠌ ᠴᠢᠨᠢ ᠳᠠᠷᠠᠭ᠎ᠠ ᠪᠠᠷ
ᠬᠣᠶᠠᠭᠤᠯᠠ ᠪᠠᠨ ᠨᠡᠢᠯᠡᠭᠡᠳ ᠰᠠᠭᠤᠶ᠎ᠠ᠃
ᠶᠦᠨᠳᠡᠩ᠄
ᠤᠷᠠᠯᠠᠭᠠᠳ ᠦᠭᠭᠦᠭᠰᠡᠨ ᠠᠯᠴᠢᠭᠤᠷ ᠲᠤ᠌ ᠴᠢᠨᠢ
ᠠᠶᠠᠭ᠎ᠠ ᠪᠠᠨ ᠬᠢᠭᠡᠳ ᠵᠡᠭᠦᠶ᠎ᠡ᠃
ᠦᠵᠡᠵᠦ ᠬᠠᠷᠠᠬᠤ ᠪᠦᠷᠢ ᠳ᠋ᠡᠭᠡᠨ
ᠡᠩᠬᠦᠷᠡᠢ ᠴᠢᠮᠠᠢ ᠪᠠᠨ ᠳᠤᠷᠠᠰᠤᠨ᠎ᠠ᠃
ᠠᠮᠠᠷᠠᠭ ᠭᠡᠳᠡᠭ ᠬᠡᠴᠡᠭᠦᠦ ᠶᠤᠮ
ᠠᠯᠴᠢᠭᠤᠷ ᠳᠦᠭᠦᠷᠡᠩ ᠨᠢᠯᠪᠤᠰᠤ ᠲᠠᠢ᠂
ᠠᠯᠤᠰ ᠵᠠᠮ ᠳ᠋ᠠᠭᠠᠨ ᠵᠦᠭᠯᠡᠶ᠎ᠡ ᠳᠡ᠂
ᠠᠯᠢ ᠪᠣᠢ ᠬᠦᠦ ᠪᠡᠨ ᠦᠨᠦᠰᠦᠶ᠎ᠡ᠃
(ᠨᠠᠩᠰᠠᠯᠮ᠎ᠠ ᠶ᠋ᠢ ᠦᠨᠦᠰᠴᠦ ᠶᠠᠪᠤᠨ᠎ᠠ᠃ ᠨᠠᠩᠰᠠᠯᠮ᠎ᠠ ᠬᠣᠢᠨ᠎ᠠ ᠡᠴᠡ ᠨᠢ ᠰᠢᠷᠲᠡᠨ ᠬᠠᠷᠠᠵᠤ ᠦᠯᠡᠳᠡᠨ᠎ᠡ)
ᠨᠠᠩᠰᠠᠯᠮ᠎ᠠ᠄
ᠬᠦᠷᠴᠦ ᠢᠷᠡᠭᠰᠡᠨ ᠦ᠌ ᠴᠢᠨᠢ ᠳᠠᠷᠠᠭ᠎ᠠ ᠳ᠋ᠤ᠌
ᠬᠣᠶᠠᠭᠤᠯᠠ ᠪᠠᠨ ᠨᠡᠢᠯᠡᠭᠡᠳ ᠰᠠᠭᠤᠶ᠎ᠠ᠃
ᠪᠠᠯᠭᠠᠨ᠄
ᠦᠨᠡᠭᠡ ᠴᠢᠨᠣ᠎ᠠ ᠣᠯᠠᠨ ᠰᠠᠨ
ᠡᠳᠦᠷ ᠪᠦᠷᠢ ᠠᠩ ᠲᠠᠢ ᠰᠠᠨ
ᠥᠷᠯᠥᠭᠡ ᠡᠷᠲᠡ ᠭᠠᠷᠤᠭᠰᠠᠨ ᠶᠤᠮᠰᠠᠨ
ᠥᠨᠥᠳᠥᠷ ᠶᠠᠭᠠᠬᠢᠭᠰᠠᠨ ᠡᠳᠦᠷ ᠪᠣᠢ᠃
ᠭᠥᠷᠥᠭᠡᠰᠦ ᠮᠦᠷᠦᠭᠡᠰᠦ ᠴᠦ᠍ ᠦᠵᠡᠭᠳᠡᠬᠦ ᠦᠭᠡᠢ
ᠬᠤᠯᠤᠭᠠᠨ᠎ᠠ ᠵᠤᠷᠠᠮ᠎ᠠ ᠴᠤ᠌ ᠲᠠᠭᠠᠷᠠᠯᠳᠤᠬᠤ ᠦᠭᠡᠢ᠃
ᠬᠥᠯ ᠦ᠋ᠨ ᠭᠠᠷᠤᠵᠠ ᠪᠣᠯᠤᠭᠰᠠᠨ
ᠬᠠᠮᠢᠭᠠᠰᠢ ᠪᠠᠨ ᠤᠢᠳᠬᠠᠷ ᠲᠠᠢ ᠡᠳᠦᠷ ᠪᠣᠢ᠃
ᠪᠦᠬᠦᠯᠢ ᠡᠳᠦᠷ ᠶᠠᠪᠤᠭᠠᠳ
ᠫᠤᠤ ᠪᠠᠨ ᠳᠤᠤᠭᠠᠷᠭᠠᠬᠤ ᠦᠭᠡᠢ ᠪᠤᠴᠠᠪᠠᠯ
ᠪᠣᠯᠠᠢ ᠢᠷᠣ᠎ᠠ ᠪᠠᠢᠭ᠎ᠠ ᠳᠠ
ᠪᠤᠷᠭᠠᠰᠤ ᠮᠣᠳᠣ ᠫᠤᠤᠳᠠᠬᠤ ᠤᠤ ᠳᠠ᠃
ᠬᠤᠷᠯᠤᠮ᠎ᠠ᠄
(ᠭᠦᠶᠦᠨ ᠢᠷᠡᠵᠦ) ᠠᠭᠤᠯᠠ ᠶ᠋ᠢᠨ ᠭᠥᠷᠥᠭᠡᠰᠦ ᠶ᠋ᠢ ᠠᠪᠠᠯᠠᠬᠤ ᠳ᠋ᠤ᠌
ᠤᠷᠮ᠎ᠠ ᠵᠣᠷᠢᠭ ᠬᠤᠭᠤᠷᠠᠪᠠᠯ
ᠲᠠᠯ᠎ᠠ ᠶ᠋ᠢᠨ ᠴᠡᠴᠡᠭ ᠢ᠋ ᠲᠡᠭᠦᠬᠦ ᠨᠢ
ᠲᠠᠪᠠ ᠲᠠᠢ ᠰᠠᠢᠬᠠᠨ ᠪᠠᠢᠳᠠᠭ ᠰᠢᠦ᠃
ᠴᠡᠴᠡᠭ ᠨᠠᠪᠴᠢ ᠰᠢᠭ ᠰᠠᠢᠬᠠᠨ
ᠴᠡᠪᠡᠷᠬᠡᠨ ᠬᠡᠦᠬᠡᠨ ᠨᠠᠩᠰᠠᠯᠮ᠎ᠠ
ᠴᠡᠩᠭᠡᠯ ᠲᠡᠢ ᠰᠠᠢᠬᠠᠨ ᠡᠷ᠎ᠡ ᠶ᠋ᠢ
ᠴᠡᠭᠡᠵᠢᠨ ᠳ᠋ᠡᠭᠡᠨ ᠬᠦᠰᠡᠭᠡᠳ ᠰᠠᠭᠤᠵᠤ ᠪᠠᠢᠨ᠎ᠠ᠃
ᠬᠠᠷᠢᠶᠠᠲᠤ ᠨᠣᠶᠠᠨ ᠲᠠᠭᠠᠯᠠᠪᠠᠯ
ᠬᠠᠷᠢᠨ ᠲᠡᠭᠦᠨ ᠢ᠋ ᠠᠪᠴᠢᠷᠠᠨ᠎ᠠ ᠤᠤ᠃
ᠬᠠᠢᠷ᠎ᠠ ᠥᠷᠥᠰᠢᠶᠡᠯ ᠢ᠋ ᠬᠦᠷᠲᠡᠭᠡᠬᠦ ᠳ᠋ᠦ᠍
ᠬᠠᠷᠢᠨ ᠴᠤ᠌ ᠰᠠᠢᠬᠠᠨ ᠬᠡᠦᠬᠡᠨ ᠳᠡ᠃
(ᠨᠣᠶᠠᠨ ᠤ᠋ ᠵᠠᠷᠤᠴᠠ ᠨᠤᠭᠤᠳ ᠨᠠᠩᠰᠠᠯᠮ᠎ᠠ ᠶ᠋ᠢ ᠳᠠᠭᠠᠭᠤᠯᠵᠤ ᠠᠪᠴᠢᠷᠠᠨ᠎ᠠ)
ᠪᠠᠯᠭᠠᠨ᠄
ᠬᠥᠮᠦᠨ ᠶᠠᠪᠤᠳᠠᠭ ᠦᠭᠡᠢ ᠭᠠᠵᠠᠷ ᠢ᠋ᠶ᠋ᠠᠷ
ᠬᠠᠮᠢᠭ᠎ᠠ ᠡᠴᠡ ᠶᠠᠪᠤᠭ᠎ᠠ ᠬᠡᠦᠬᠡᠨ ᠪᠣᠢ
ᠭᠤᠸ᠎ᠠ ᠦᠵᠡᠰᠬᠦᠯᠡᠩ ᠢ᠋ ᠴᠢᠨᠢ ᠦᠵᠡᠪᠡᠯ
ᠬᠤᠷᠮᠤᠰᠲᠠ ᠲᠡᠭᠷᠢ ᠶ᠋ᠢᠨ ᠳᠠᠭᠢᠨᠢ ᠤᠤ ᠳᠠ᠃
ᠠᠭᠤᠯᠠ ᠶ᠋ᠢᠨ ᠭᠥᠷᠥᠭᠡᠰᠦ ᠣᠯᠳᠠᠬᠤ ᠦᠭᠡᠢ ᠳ᠋ᠦ᠍
ᠤᠷᠮ᠎ᠠ ᠵᠣᠷᠢᠭ ᠦᠭᠡᠢ ᠶᠠᠪᠤᠭᠰᠠᠨ ᠶᠤᠮᠰᠠᠨ᠃
ᠵᠣᠯ ᠵᠢᠷᠭᠠᠯ ᠮᠢᠨᠢ ᠢᠷᠡᠬᠦ ᠳ᠋ᠦ᠍
ᠯᠤᠤᠰ ᠤ᠋ᠨ ᠥᠬᠢᠨ ᠢ᠋ᠶ᠋ᠡᠨ ᠬᠠᠢᠷᠠᠯᠠᠪᠠ ᠤᠤ᠃
ᠨᠠᠩᠰᠠᠯᠮ᠎ᠠ᠄
ᠡᠷᠬᠢᠮ ᠵᠠᠯᠠᠭᠤ ᠪᠠᠭᠠᠲᠤᠷ ᠮᠢᠨᠢ
ᠡᠨᠳᠡᠭᠦᠷᠡᠵᠦ ᠲᠠᠰᠢᠶᠠᠷᠠᠵᠤ ᠪᠠᠢᠨ᠎ᠠ ᠤᠤ ᠳᠠ᠃
ᠡᠩ ᠦ᠋ᠨ ᠨᠢᠭᠡᠨ ᠪᠦᠰᠡᠭᠦᠢ ᠪᠠᠢᠨ᠎ᠠ
ᠡᠨᠡᠭᠦᠷ ᠶᠠᠪᠤᠬᠤ ᠳ᠋ᠤ᠌ ᠶᠠᠭᠠᠬᠢᠳᠠᠭ ᠶᠤᠮ᠃
ᠭᠥᠷᠥᠭᠡᠴᠢᠨ ᠠᠩᠴᠢᠨ ᠡᠷᠬᠢᠮ ᠮᠢᠨᠢ
ᠬᠥᠨᠳᠡᠯᠢᠳᠴᠦ ᠵᠣᠭᠰᠣᠭᠰᠠᠨ ᠤ᠋ ᠬᠡᠷᠡᠭ ᠦᠭᠡᠢ᠂
ᠬᠥᠳᠡᠭᠡ ᠶ᠋ᠢᠨ ᠨᠢᠭᠡᠨ ᠪᠦᠰᠡᠭᠦᠢ ᠪᠠᠢᠨ᠎ᠠ
ᠭᠥᠷᠥᠭᠡᠰᠦ ᠠᠩ ᠢ᠋ᠶ᠋ᠠᠨ ᠠᠩᠨᠠ ᠳᠠ᠃
ᠪᠠᠯᠭᠠᠨ᠄
ᠨᠠᠷᠠᠨ ᠭᠡᠷᠡᠯᠲᠦ ᠬᠡᠦᠬᠡᠨ ᠮᠢᠨᠢ
ᠨᠠᠮᠠᠶ᠋ᠢ ᠶᠠᠭᠤᠨ ᠳ᠋ᠤ᠌ ᠲᠤᠷᠰᠢᠭ᠎ᠠ ᠪᠣᠢ᠂
ᠡᠷᠲᠡᠨ ᠦ᠌ ᠬᠤᠪᠢ ᠵᠣᠬᠢᠶᠠᠯ ᠢ᠋ᠶ᠋ᠠᠷ
ᠠᠳᠠ ᠤᠴᠠᠷᠠᠬᠤ ᠢᠷᠦᠭᠡᠯ ᠲᠡᠢ ᠪᠠᠢᠵᠤ᠃
ᠰᠠᠷᠠ ᠰᠢᠭ ᠭᠡᠷᠡᠯ ᠳ᠋ᠦ᠍ ᠴᠢᠨᠢ ᠭᠢᠯᠪᠠᠵᠤ ᠪᠠᠢᠨ᠎ᠠ
ᠰᠠᠢᠬᠠᠨ ᠥᠩᠭᠡᠨ ᠳ᠋ᠦ᠍ ᠴᠢᠨᠢ ᠳᠤᠷᠠᠯᠠᠵᠤ ᠪᠠᠢᠨ᠎ᠠ᠃
ᠰᠠᠭᠠᠲᠠᠵᠤ ᠠᠳᠠ ᠰᠠᠭᠤᠭᠠᠳ
ᠰᠠᠨᠠᠭ᠎ᠠ ᠰᠡᠳᠬᠢᠯ ᠢ᠋ ᠮᠢᠨᠢ ᠬᠠᠩᠭᠠᠨ᠎ᠠ ᠤᠤ᠃
ᠨᠠᠩᠰᠠᠯᠮ᠎ᠠ᠄
ᠬᠥᠮᠦᠨ ᠦ᠌ ᠠᠷᠠᠰᠤ ᠶ᠋ᠢ ᠨᠥᠮᠥᠷᠦᠭᠰᠡᠨ
ᠬᠡᠭᠡᠷ᠎ᠡ ᠶ᠋ᠢᠨ ᠭᠠᠯᠵᠠᠭᠤ ᠴᠢᠨᠣ᠎ᠠ ᠴᠢ
ᠬᠦᠵᠦᠭᠦᠦ ᠲᠣᠯᠣᠭᠠᠢ ᠮᠥᠷᠦᠨ ᠳᠡᠭᠡᠷ᠎ᠡ ᠪᠠᠢᠭᠰᠠᠨ ᠴᠠᠭ ᠲᠤ᠌
ᠴᠢ ᠨᠠᠮᠠᠶ᠋ᠢ ᠪᠣᠭᠣᠯᠴᠢᠯᠠᠬᠤ ᠦᠭᠡᠢ᠃
ᠣᠮᠣᠭ ᠵᠠᠩ ᠴᠢᠨᠢ ᠶᠡᠬᠡ ᠪᠣᠯᠪᠠᠴᠤ
ᠣᠢᠷᠠᠲᠤᠭᠤᠯᠵᠤ ᠨᠠᠮᠠᠶ᠋ᠢ ᠴᠢᠳᠠᠬᠤ ᠦᠭᠡᠢ᠃
ᠬᠡᠯᠡᠯᠴᠡᠭᠡ ᠰᠦᠢᠲᠡᠢ ᠨᠥᠬᠥᠷᠰᠡᠭ ᠲᠡᠢ ᠪᠢ᠂
ᠬᠡᠴᠢᠨᠡᠨ ᠣᠷᠣᠯᠳᠣᠪᠠᠴᠤ ᠲᠤᠰᠠ ᠦᠭᠡᠢ᠃
ᠪᠠᠯᠭᠠᠨ᠄
ᠪᠠᠭ᠎ᠠ ᠵᠢᠭᠠᠬᠠᠨ ᠥᠬᠢᠨ ᠮᠢᠨᠢ
ᠪᠠᠯᠭᠠᠨ ᠤ᠋ ᠭᠠᠷ ᠡᠴᠡ ᠭᠠᠷᠬᠤ ᠦᠭᠡᠢ᠂
ᠭᠡᠷ ᠲᠡᠭᠡᠨ ᠴᠢᠮᠠᠶ᠋ᠢ ᠠᠪᠠᠴᠢᠭᠠᠳ
ᠭᠡᠷᠭᠡᠢ ᠪᠡᠨ ᠪᠣᠯᠭᠠᠵᠤ ᠰᠠᠭᠤᠨ᠎ᠠ ᠳᠠ᠂
ᠡᠳ᠋ ᠬᠥᠷᠥᠩᠭᠡ ᠪᠡᠷ ᠡᠯᠪᠡᠭ ᠪᠢ
ᠡᠬᠡᠨᠡᠷ ᠠᠪᠬᠤ ᠶ᠋ᠢ ᠪᠣᠳᠣᠭᠰᠠᠨ ᠶᠤᠮ᠃
ᠡᠪ ᠢ᠋ᠶ᠋ᠡᠷ ᠡᠰᠡ ᠪᠣᠯᠪᠠᠯ
ᠡᠵᠡᠨ ᠦ᠌ ᠵᠠᠷᠯᠢᠭ ᠢ᠋ᠶ᠋ᠠᠷ ᠬᠦᠷᠭᠡᠨ᠎ᠡ ᠳᠡ᠃
(ᠨᠠᠩᠰᠠᠯᠮ᠎ᠠ ᠶ᠋ᠢ ᠪᠠᠷᠢᠨ ᠠᠪᠲᠠᠯ᠎ᠠ᠂ ᠨᠠᠩᠰᠠᠯᠮ᠎ᠠ ᠪᠠᠯᠭᠠᠨ ᠢ᠋ ᠲᠦᠯᠬᠢᠵᠦ ᠤᠨᠠᠭᠠᠬᠤ ᠪᠠ ᠵᠠᠷᠤᠴᠠ ᠨᠤᠭᠤᠳ ᠨᠠᠩᠰᠠᠯᠮ᠎ᠠ ᠶ᠋ᠢ ᠪᠠᠷᠢᠵᠤ ᠠᠪᠤᠨ᠎ᠠ᠃ ᠬᠤᠷᠯᠤᠮ᠎ᠠ ᠳᠠᠯᠳᠠ ᠡᠴᠡ ᠭᠦᠶᠦᠨ ᠢᠷᠡᠨ᠎ᠡ)
ᠬᠤᠷᠯᠤᠮ᠎ᠠ᠄
ᠬᠠᠷᠢᠶᠠᠲᠤ ᠨᠣᠶᠠᠨ ᠢ᠋ᠶ᠋ᠠᠨ ᠲᠠᠨᠢᠬᠤ ᠦᠭᠡᠢ ᠴᠢ
ᠬᠠᠷ᠎ᠠ ᠨᠢᠳᠦ ᠴᠢᠨᠢ ᠰᠣᠬᠣᠷᠪᠠ ᠰᠣᠬᠣᠷᠠᠭ᠎ᠠ ᠤᠤ᠂
ᠬᠠᠷᠢᠶᠠᠵᠤ ᠶᠡᠬᠡ ᠪᠡᠷ ᠳᠣᠷᠣᠮᠵᠢᠯᠠᠪᠠᠯ
ᠬᠠᠷ᠎ᠠ ᠲᠣᠯᠣᠭᠠᠢ ᠴᠢᠨᠢ ᠬᠠᠭᠠᠷᠠᠨ᠎ᠠ ᠳᠠ᠃
ᠬᠠᠨᠢᠯᠠᠭᠰᠠᠨ ᠨᠥᠬᠥᠷ ᠶᠦᠨᠳᠡᠩ ᠴᠢᠨᠢ
ᠬᠠᠯᠠᠮᠵᠢᠲᠠᠢ ᠰᠠᠶᠢᠨ ᠪᠣᠯᠪᠠᠴᠤ
ᠬᠠᠭᠠᠨ ᠢᠵᠠᠭᠤᠷᠲᠤ ᠬᠥᠮᠦᠨ ᠲᠡᠢ
ᠬᠠᠮᠢᠭ᠎ᠠ ᠡᠴᠡ ᠵᠦᠢᠷᠯᠡᠭᠦᠯᠵᠦ ᠪᠣᠯᠬᠤ ᠪᠣᠢ᠃
ᠨᠠᠩᠰᠠᠯᠮ᠎ᠠ᠄
ᠢᠨᠠᠭ ᠰᠡᠳᠬᠢᠯ ᠭᠡᠳᠡᠭ ᠨᠢ
ᠶᠠᠩᠪᠠ ᠪᠠᠷ ᠰᠣᠯᠢᠵᠤ ᠪᠣᠯᠳᠠᠭ ᠦᠭᠡᠢ ᠶᠤᠮ᠃
ᠶᠠᠮᠠᠷ ᠴᠤ᠌ ᠡᠲᠡᠭᠡᠳ ᠲᠡᠢ ᠨᠠᠭᠠᠯᠳᠤᠳᠠᠭ
ᠶᠠᠩᠬᠠᠨ ᠬᠡᠦᠬᠡᠨ ᠪᠢ ᠪᠢᠰᠢ᠃
ᠵᠠᠯᠢᠬᠠᠢ ᠨᠣᠶᠠᠨ ᠪᠠᠯᠭᠠᠨ ᠤ᠋
ᠵᠠᠩᠳᠤᠷᠴᠤ ᠲᠤᠰᠢᠶᠠᠬᠤ ᠶ᠋ᠢ ᠬᠦᠯᠢᠶᠡᠬᠦ ᠦᠭᠡᠢ᠃
ᠵᠠᠪᠬᠠᠢ ᠬᠡᠦᠬᠡᠨ ᠬᠤᠷᠯᠤᠮ᠎ᠠ ᠶ᠋ᠢᠨ
ᠵᠢᠭᠠᠬᠤ ᠦᠭᠡ ᠶ᠋ᠢ ᠳᠠᠭᠠᠬᠤ ᠦᠭᠡᠢ᠃
ᠬᠤᠷᠯᠤᠮ᠎ᠠ᠄
(ᠪᠢᠯᠳᠠᠤᠴᠢᠯᠠᠨ)ᠡᠵᠡᠨ ᠲᠡᠭᠷᠢ ᠨᠣᠶᠠᠨ ᠮᠢᠨᠢ
ᠡᠮᠡᠭᠲᠡᠢ ᠬᠥᠮᠦᠨ ᠦ᠌ ᠵᠠᠩ ᠢ᠋
ᠡᠷᠬᠡᠪᠰᠢ ᠲᠣᠯᠢᠯᠠᠵᠤ ᠮᠡᠳᠡᠬᠦ ᠪᠢᠵᠡ
ᠡᠳᠡᠨ ᠦ᠌ ᠦᠭᠡ ᠢᠲᠡᠭᠡᠮᠵᠢ ᠦᠭᠡᠢ ᠰᠢᠦ᠃
ᠦᠨᠡᠨ ᠰᠠᠨᠠᠭᠠᠨ ᠠ᠋ᠴᠠ ᠪᠠᠨ ᠳᠤᠷᠠᠯᠠᠪᠠᠴᠤ
ᠦᠭᠡᠢ ᠭᠡᠵᠦ ᠬᠡᠯᠡᠳᠡᠭ ᠰᠢᠦ᠃
ᠲᠡᠭᠦᠨ ᠲᠡᠢ ᠶᠠᠷᠢᠬᠤ ᠶ᠋ᠢᠨ ᠣᠷᠣᠨ ᠳ᠋ᠤ᠌
ᠠᠪᠤᠭᠠᠳ ᠶᠠᠪᠤᠪᠠᠯ ᠳᠡᠭᠡᠷ᠎ᠡ ᠰᠢᠦ᠃
(ᠳᠥᠷᠪᠡᠨ ᠵᠠᠷᠤᠴᠠ ᠨᠠᠩᠰᠠᠯᠮ᠎ᠠ ᠶ᠋ᠢ ᠠᠪᠴᠤ ᠶᠠᠪᠤᠨ᠎ᠠ᠃ ᠪᠠᠯᠭᠠᠨ ᠬᠤᠷᠯᠤᠮ᠎ᠠ ᠦᠯᠡᠳᠡᠵᠦ᠂ ᠪᠠᠯᠭᠠᠨ ᠬᠤᠷᠯᠤᠮ᠎ᠠ ᠶ᠋ᠢ ᠦᠨ᠎ᠡ ᠲᠡᠢ ᠪᠠᠭᠤᠪᠴᠢ ᠪᠠᠷ ᠱᠠᠩᠨᠠᠨ᠎ᠠ)ᠬᠥᠰᠢᠭᠡ

ᠬᠤᠶᠠᠳᠤᠭᠠᠷ ᠦᠵᠡᠭᠳᠡᠯ

ᠲᠠᠢᠰᠠᠨ ᠤ᠋ ᠪᠠᠢᠳᠠᠯ ᠨᠢ᠄
ᠪᠠᠯᠭᠠᠨ ᠨᠣᠶᠠᠨ ᠤ᠋ ᠣᠷᠳᠣᠨ ᠤ᠋ ᠳᠣᠲᠣᠭᠠᠳᠤ ᠪᠠᠢᠳᠠᠯ᠂ ᠥᠩᠭᠡ ᠨᠢ ᠬᠠᠷᠠᠪᠲᠤᠷ ᠪᠥᠭᠡᠳ ᠬᠥᠮᠦᠨ ᠠᠶᠤᠮᠠᠷ ᠪᠠᠢᠳᠠᠯ ᠲᠠᠢ᠃ ᠣᠷᠳᠣᠨ ᠤ᠋ ᠲᠤᠰᠬᠠᠢ ᠣᠷᠣ ᠪᠠ ᠣᠯᠪᠣᠭ ᠪᠠᠢᠨ᠎ᠠ᠃ ᠣᠯᠠᠨ ᠡᠬᠡᠨᠡᠷ ᠨᠠᠩᠰᠠᠯᠮ᠎ᠠ ᠶ᠋ᠢᠨ ᠰᠡᠳᠬᠢᠯ ᠢ᠋ ᠲᠠᠢᠳᠬᠤᠷᠠᠭᠤᠯᠬᠤ ᠪᠠᠷ ᠵᠦᠢᠯ ᠪᠦᠷᠢ ᠶ᠋ᠢᠨ ᠦᠨ᠎ᠡ ᠲᠡᠢ ᠪᠥᠰ ᠪᠠᠷᠠᠭ᠎ᠠ ᠵᠡᠷᠭᠡ ᠪᠡᠯᠡᠭᠯᠡᠯ ᠦ᠋ᠨ ᠵᠦᠢᠯ ᠢ᠋ ᠪᠠᠷᠢᠵᠠᠢ᠃
ᠨᠠᠩᠰᠠᠯᠮ᠎ᠠ᠄
ᠠᠶᠠᠨ ᠤ᠋ ᠵᠠᠮ ᠢ᠋ ᠰᠢᠷᠳᠡᠪᠡᠴᠦ
ᠠᠯᠤᠰ ᠤ᠋ᠨ ᠪᠠᠷ᠎ᠠ ᠬᠠᠷᠠᠭᠳᠠᠬᠤ ᠦᠭᠡᠢ᠃
ᠪᠣᠯᠵᠣᠮᠣᠷ ᠰᠢᠪᠠᠭᠤ ᠰᠢᠭ᠋
ᠪᠣᠯᠤᠭᠠᠰᠠᠢ ᠬᠣᠶᠠᠷ ᠵᠢᠭᠦᠷ ᠤᠷᠭᠤᠭᠠᠰᠠᠢ
ᠬᠣᠢᠨ᠎ᠠ ᠡᠴᠡ ᠨᠢ ᠨᠢᠰᠴᠦ ᠣᠴᠢᠭᠠᠳ
ᠬᠠᠮᠤᠭ ᠵᠣᠪᠠᠯᠠᠩ ᠢ᠋ᠶ᠋ᠠᠨ ᠲᠣᠭᠠᠴᠢᠬᠤ ᠰᠠᠨ᠃
(ᠴᠤᠭᠯᠠᠷᠠᠭᠰᠠᠨ ᠡᠬᠡᠨᠡᠷ ᠦ᠋ᠳ ᠳᠠᠭᠤᠯᠠᠨ᠎ᠠ)
(ᠾᠤᠷ) ᠦᠨᠡᠲᠦ ᠡᠨᠡ ᠶᠠᠭᠤᠮ᠎ᠠ ᠨᠤᠭᠤᠳ
ᠡᠭᠦᠷᠢᠳᠡ ᠴᠢᠨᠦᠬᠢ ᠪᠣᠯᠤᠨ᠎ᠠ ᠰᠢᠦ᠃
ᠦᠵᠡᠰᠬᠦᠯᠡᠩᠲᠦ ᠣᠷᠳᠣᠨ ᠳ᠋ᠤ᠌ ᠰᠠᠭᠤᠭᠠᠳ
ᠦᠷᠭᠦᠯᠵᠢ ᠵᠢᠷᠭᠠᠬᠤ ᠪᠣᠯᠤᠨ᠎ᠠ ᠰᠢᠦ᠃
ᠡᠷᠳᠡᠨᠢ ᠶ᠋ᠢᠨ ᠴᠢᠮᠡᠭ ᠢ᠋ ᠵᠡᠭᠦᠭᠡᠳ
ᠡᠵᠡᠨ ᠦ᠌ ᠬᠠᠲᠤᠨ ᠪᠣᠯᠬᠤ ᠠ᠋ᠴᠠ
ᠡᠷᠬᠢᠮ ᠵᠢᠷᠭᠠᠯ ᠪᠠᠢᠬᠤ ᠦᠭᠡᠢ᠂
ᠡᠷᠭᠢᠴᠡᠭᠦᠯᠵᠦ ᠵᠢᠭᠠᠬᠠᠨ ᠪᠣᠳᠣ ᠳᠠ᠃
(ᠨᠠᠩᠰᠠᠯᠮ᠎ᠠ ᠶ᠋ᠢᠨ ᠳᠣᠲᠣᠷ᠎ᠠ ᠨᠢ ᠡᠪ ᠦᠭᠡᠢ ᠪᠣᠯᠵᠤ ᠨᠢᠯᠪᠤᠰᠤ ᠨᠢ ᠭᠠᠷᠤᠨ᠎ᠠ)
ᠨᠠᠩᠰᠠᠯᠮ᠎ᠠ᠄
ᠠᠭᠠᠷ ᠲᠤ᠌ ᠳᠤᠷ᠎ᠠ ᠪᠠᠷ ᠢ᠋ᠶ᠋ᠠᠨ ᠴᠡᠩᠭᠡᠭᠴᠢ
ᠠᠩᠭᠢᠷ ᠰᠢᠪᠠᠭᠤᠨ ᠤ᠋ ᠳᠡᠭᠳᠡᠭᠡᠬᠡᠢ ᠶ᠋ᠢ
ᠠᠯᠲᠠᠨ ᠲᠣᠣᠷ ᠲᠤ᠌ ᠰᠠᠭᠤᠯᠭᠠᠪᠠᠴᠤ
ᠠᠮᠤᠷ ᠴᠦ᠍ ᠶᠡᠷᠦ ᠳ᠋ᠡᠭᠡᠨ ᠵᠢᠷᠭᠠᠬᠤ ᠦᠭᠡᠢ᠃
ᠬᠠᠷᠢᠨ ᠲᠡᠭᠦᠨ ᠢ᠋ ᠲᠠᠯᠪᠢᠪᠠᠯ
ᠬᠠᠨᠳᠤᠭᠰᠠᠨ ᠵᠦᠭ ᠲᠡᠭᠡᠨ ᠨᠢᠰᠴᠦ
ᠴᠡᠭᠡᠯ ᠦ᠋ᠨ ᠤᠰᠤᠨ ᠳ᠋ᠤ᠌ ᠱᠤᠩᠪᠠᠭᠠᠳ
ᠴᠡᠩᠭᠡᠨ ᠵᠢᠷᠭᠠᠵᠤ ᠶᠠᠪᠤᠳᠠᠭ ᠰᠠᠨ᠃
(ᠭᠠᠳᠠᠨ᠎ᠠ ᠡᠴᠡ ᠶᠠᠮᠠᠷ ᠨᠢᠭᠡ ᠲᠠᠨᠢᠬᠤ ᠬᠥᠮᠦᠨ ᠦ᠌ ᠳᠠᠭᠤ ᠰᠣᠨᠣᠰᠳᠠᠨ᠎ᠠ)
ᠨᠠᠩᠰᠠᠯᠮ᠎ᠠ᠄
ᠶᠠᠮᠠᠷ ᠬᠥᠮᠦᠨ ᠦ᠌ ᠳᠠᠭᠤ ᠪᠣᠢ
ᠶᠠᠭᠠᠬᠢᠭᠰᠠᠨ ᠲᠠᠨᠢᠯ ᠳᠠᠭᠤ ᠪᠣᠢ
ᠠᠮᠠᠷᠠᠭ ᠶᠦᠨᠳᠡᠩ ᠦ᠋ᠨ ᠮᠢᠨᠢ ᠳᠠᠭᠤ ᠲᠠᠢ
ᠠᠳᠠᠯᠢᠬᠠᠨ ᠶᠤᠮ ᠰᠢᠭ᠋ ᠰᠣᠨᠣᠰᠳᠠᠨ᠎ᠠ᠃
ᠬᠠᠮᠢᠭ᠎ᠠ ᠡᠴᠡ ᠢᠷᠡᠭᠰᠡᠨ ᠬᠥᠮᠦᠨ ᠪᠣᠢ?
ᠬᠠᠷᠠᠵᠤ ᠦᠵᠡᠬᠦ ᠶᠤᠮᠰᠠᠨ
ᠬᠠᠭᠠᠯᠭ᠎ᠠ ᠡᠭᠦᠳᠡ ᠪᠡᠨ ᠨᠡᠭᠡᠭᠡᠭᠡᠳ
ᠢᠨᠠᠭᠰᠢ ᠨᠢ ᠲᠡᠭᠦᠨ ᠢ᠋ ᠤᠷᠤᠭᠤᠯ᠃
ᠮᠠᠭᠠᠳ ᠬᠦᠦ ᠮᠢᠨᠢ ᠢᠷᠡᠪᠡ ᠤᠤ ᠳᠠ
ᠮᠠᠨᠳᠤᠬᠤ ᠨᠠᠷᠠ ᠴᠦ᠍ ᠭᠠᠷᠤᠯ᠎ᠠ ᠰᠢᠦ᠃
ᠮᠢᠨᠦ ᠵᠢᠷᠭᠠᠯ ᠡᠬᠢᠯᠡᠭᠰᠡᠨ ᠰᠢᠦ
ᠮᠡᠨᠳᠦ ᠠᠭᠤᠯᠵᠠᠬᠤ ᠶ᠋ᠢᠨ ᠢᠷᠦᠭᠡᠯ ᠪᠠᠢᠵᠤ᠃
(ᠨᠠᠩᠰᠠᠯᠮ᠎ᠠ ᠪᠠᠶᠠᠷᠯᠠᠪᠠ᠃ ᠭᠡᠲᠡᠯ᠎ᠡ ᠶᠠᠩᠵᠤ ᠪᠦᠷᠢ ᠶ᠋ᠢᠨ ᠭᠣᠶᠣᠮᠰᠣᠭ ᠡᠳ᠋ ᠲᠠᠸᠠᠷ ᠪᠠᠷᠢᠭᠰᠠᠨ ᠨᠢᠭᠡ ᠲᠥᠪᠡᠳ ᠬᠤᠳᠠᠯᠳᠤᠭᠠᠴᠢᠨ ᠣᠷᠣᠵᠤ ᠢᠷᠡᠨ᠎ᠡ)
ᠬᠤᠳᠠᠯᠳᠤᠭᠠᠴᠢᠨ᠄
ᠬᠣᠲᠠ ᠭᠠᠵᠠᠷ ᠡᠴᠡ ᠢᠷᠡᠭᠰᠡᠨ ᠪᠢ
ᠬᠣᠷᠭᠣᠢ ᠲᠣᠷᠭᠠᠨ ᠤ᠋ ᠮᠠᠢᠮᠠᠢᠴᠢᠨ
ᠬᠣᠯᠠ ᠣᠢᠷ᠎ᠠ ᠪᠠᠷ ᠬᠡᠰᠦᠵᠦ
ᠬᠣᠨᠵᠢᠶ᠎ᠠ ᠠᠰᠢᠭ ᠢ᠋ ᠣᠯᠳᠠᠭ ᠪᠢ᠃
ᠣᠭᠲᠠᠷᠭᠤᠢ ᠳ᠋ᠤ᠌ ᠲᠠᠲᠠᠭᠰᠠᠨ ᠰᠣᠯᠣᠩᠭ᠎ᠠ ᠰᠢᠭ᠋
ᠣᠨᠴᠠ ᠶ᠋ᠢᠨ ᠰᠠᠢᠬᠠᠨ ᠲᠣᠷᠭ᠎ᠠ ᠰᠢᠦ
ᠣᠯᠬᠤ ᠳ᠋ᠤ᠌ ᠪᠡᠷᠬᠡ ᠡᠳ᠋ ᠰᠢᠦ
ᠣᠨᠳᠣᠣ ᠬᠥᠮᠦᠨ ᠳ᠋ᠦ᠍ ᠪᠠᠢᠬᠤ ᠦᠭᠡᠢ᠃
ᠲᠠᠯ᠎ᠠ ᠳ᠋ᠤ᠌ ᠤᠷᠭᠤᠭᠰᠠᠨ ᠴᠡᠴᠡᠭ ᠰᠢᠭ᠋
ᠲᠠᠪᠤᠨ ᠥᠩᠭᠡ ᠶ᠋ᠢᠨ ᠳᠤᠷᠳᠤᠩ ᠰᠢᠦ
ᠲᠠ ᠡᠭᠦᠨ ᠢ᠋ ᠠᠪᠤᠶ᠎ᠠ ᠭᠡᠪᠡᠯ
ᠲᠠᠭᠠᠯᠠᠵᠤ ᠦᠵᠡᠭᠡᠳ ᠠᠪ ᠳᠠ᠃
ᠡᠭᠦᠯᠡᠨ ᠦ᠌ ᠠᠳᠠᠯᠢ ᠬᠡ ᠲᠡᠢ
ᠦᠨᠡᠬᠡᠷ ᠰᠠᠢᠬᠠᠨ ᠬᠣᠷᠭᠣᠢ ᠰᠢᠦ
ᠡᠭᠦᠨ ᠡᠴᠡ ᠬᠡᠷᠡᠭᠯᠡᠶ᠎ᠡ ᠭᠡᠪᠡᠯ
ᠦᠵᠡᠵᠦ ᠬᠠᠷᠠᠭᠠᠳ ᠠᠪ ᠳᠠ᠃
(ᠡᠬᠡᠨᠡᠷ ᠦ᠋ᠳ ᠪᠠᠶᠠᠷᠯᠠᠨ ᠳᠠᠭᠤᠯᠠᠨ ᠪᠥᠵᠢᠭᠯᠡᠵᠦ ᠳᠠᠯᠳᠠ ᠣᠷᠣᠨ᠎ᠠ᠃ ᠨᠠᠩᠰᠠᠯᠮ᠎ᠠ ᠬᠤᠳᠠᠯᠳᠤᠭᠠᠴᠢᠨ ᠡᠴᠡ ᠶᠦᠨᠳᠡᠩ ᠦ᠋ᠨ ᠰᠤᠷᠠᠭ ᠳᠤᠭᠤᠯᠳᠠᠬᠤ ᠪᠣᠯᠪᠠ ᠤᠤ ᠭᠡᠰᠡᠨ ᠪᠠᠢᠳᠠᠯ ᠲᠠᠢ ᠳᠠᠭᠤᠯᠠᠨ᠎ᠠ)
ᠨᠠᠩᠰᠠᠯᠮ᠎ᠠ᠄
ᠬᠣᠲᠠ ᠡᠴᠡ ᠢᠷᠡᠭᠰᠡᠨ ᠭᠡᠳᠡᠭ ᠴᠢᠨᠢ
ᠬᠣᠷᠭᠣᠢ ᠡᠴᠡ ᠢᠯᠡᠭᠦᠦ ᠰᠣᠨᠢᠨ ᠪᠠᠢᠨ᠎ᠠ᠃
ᠬᠣᠯᠠ ᠶ᠋ᠢᠨ ᠬᠥᠮᠦᠨ ᠢ᠋ ᠬᠦᠯᠢᠶᠡᠭᠰᠡᠭᠡᠷ
ᠬᠣᠶᠠᠷ ᠨᠢᠳᠦ ᠮᠢᠨᠢ ᠬᠥᠬᠡᠷᠡᠯ᠎ᠡ᠃
ᠬᠤᠳᠠᠯᠳᠤᠭᠠᠴᠢᠨ᠄
ᠢᠯᠳᠠᠮ ᠰᠠᠢᠬᠠᠨ ᠠᠪᠠᠭᠠᠢ ᠮᠢᠨᠢ
ᠶᠠᠮᠠᠷ ᠬᠥᠮᠦᠨ ᠢ᠋ ᠬᠦᠯᠢᠶᠡᠭᠰᠡᠨ ᠪᠣᠢ?
ᠶᠠᠪᠤᠳᠠᠯ ᠠᠶᠠᠨ ᠤ᠋ ᠪᠢ ᠴᠢᠨᠢ
ᠮᠡᠳᠡᠬᠦ ᠴᠦ᠍ ᠪᠠᠢᠵᠤ ᠮᠠᠭᠠᠳ ᠦᠭᠡᠢ᠃
ᠨᠠᠩᠰᠠᠯᠮ᠎ᠠ᠄
ᠬᠠᠢᠷᠠᠲᠠᠢ ᠢᠨᠠᠭ ᠬᠦᠦ ᠮᠢᠨᠢ
ᠬᠣᠲᠠ ᠣᠷᠣᠬᠤ ᠪᠠᠷ ᠶᠠᠪᠤᠭᠠᠳ
ᠬᠣᠶᠠᠷ ᠰᠠᠷ᠎ᠠ ᠪᠣᠯᠵᠤ ᠪᠠᠢᠨ᠎ᠠ᠃
ᠲᠡᠭᠦᠨ ᠦ᠌ ᠨᠡᠷ᠎ᠡ ᠶ᠋ᠢ ᠠᠰᠠᠭᠤᠪᠠᠯ
ᠶᠦᠨᠳᠡᠩ ᠭᠡᠳᠡᠭ ᠬᠥᠮᠦᠨ ᠰᠢᠦ᠃
ᠬᠠᠷᠢᠨ ᠲᠠ ᠮᠡᠳᠡᠬᠦ ᠪᠣᠯ
ᠬᠠᠷᠠᠮ ᠦᠭᠡᠢ ᠬᠡᠯᠡᠬᠦ ᠶ᠋ᠢ ᠭᠤᠶᠤᠨ᠎ᠠ᠃
ᠬᠤᠳᠠᠯᠳᠤᠭᠠᠴᠢᠨ ᠰᠤᠷᠠᠭ ᠰᠣᠨᠣᠰᠬᠤ ᠪᠠᠢᠲᠤᠭᠠᠢ
ᠰᠠᠭᠤᠳᠠᠯ ᠵᠡᠷᠭᠡᠴᠡᠨ ᠰᠠᠭᠤᠭᠠᠳ
ᠦᠭᠡ ᠪᠡᠨ ᠬᠠᠷᠢᠯᠴᠠᠨ ᠶᠠᠷᠢᠯᠴᠠᠵᠤ
ᠦᠨᠡᠬᠡᠷ ᠲᠡᠭᠦᠨ ᠲᠡᠢ ᠲᠠᠨᠢᠯᠴᠠᠭᠰᠠᠨ ᠪᠢ᠃
ᠬᠡᠵᠢᠶ᠎ᠡ ᠢᠷᠡᠬᠦ ᠶ᠋ᠢ ᠮᠡᠳᠡᠬᠦ ᠦᠭᠡᠢ
ᠬᠡᠷᠡᠭ ᠴᠢᠬᠤᠯᠠ ᠪᠣᠯᠪᠠᠯ
ᠬᠣᠲᠠ ᠵᠠᠪᠠᠯ ᠣᠷᠣᠭᠠᠳ
ᠬᠡᠯᠡ ᠬᠦᠷᠭᠡᠵᠦ ᠴᠢᠳᠠᠨ᠎ᠠ᠃
ᠨᠠᠩᠰᠠᠯᠮ᠎ᠠ᠄
ᠬᠤᠳᠠᠯᠳᠤᠭᠠᠴᠢᠨ ᠡᠷᠬᠢᠮ ᠨᠥᠬᠥᠷ ᠮᠢᠨᠢ
ᠬᠤᠪᠢ ᠶ᠋ᠢᠨ ᠬᠠᠢᠷᠠᠲᠠᠢ ᠶᠦᠨᠳᠡᠩ ᠳ᠋ᠦ᠍ ᠮᠢᠨᠢ
ᠬᠤᠷᠳᠤᠨ ᠬᠡᠯᠡ ᠬᠦᠷᠭᠡᠬᠦ ᠶ᠋ᠢ
ᠬᠣᠰᠢᠭᠤ ᠴᠣᠷᠪᠣᠢᠵᠤ ᠭᠤᠶᠤᠶ᠎ᠠ᠃
ᠬᠠᠷᠭᠢᠰ ᠪᠠᠯᠭᠠᠨ ᠪᠠᠷᠢᠭᠠᠳ
ᠬᠠᠲᠤᠨ ᠪᠣᠯᠭᠠᠬᠤ ᠪᠠᠷ ᠰᠢᠢᠳᠴᠦ ᠪᠠᠢᠨ᠎ᠠ᠃
ᠬᠠᠢᠷᠠᠲᠠᠢ ᠲᠡᠷᠡ ᠮᠢᠨᠢ ᠢᠷᠡᠵᠦ
ᠬᠠᠮᠠᠭᠠᠯᠠᠵᠤ ᠠᠪᠬᠤ ᠨᠢ ᠴᠢᠬᠤᠯᠠ ᠪᠠᠢᠨ᠎ᠠ᠃
ᠬᠤᠳᠠᠯᠳᠤᠭᠠᠴᠢᠨ᠄
ᠠᠮᠠᠷᠠᠭ ᠲᠡᠭᠦᠨ ᠳ᠋ᠦ᠍ ᠴᠢᠨᠢ ᠬᠡᠯᠡᠶ᠎ᠡ ᠳᠡ
ᠠᠷᠭ᠎ᠠ ᠣᠯᠳᠠᠪᠠᠯ ᠲᠤᠰᠠᠯᠠᠶ᠎ᠠ ᠳᠠ᠃
ᠠᠮᠵᠢᠭᠤᠯᠵᠤ ᠬᠡᠯᠡ ᠬᠦᠷᠭᠡᠶ᠎ᠡ ᠳᠡ᠂
ᠠᠬ᠎ᠠ ᠴᠢᠨᠢ ᠢᠩᠭᠢᠭᠡᠳ ᠶᠠᠪᠤᠶ᠎ᠠ ᠳᠠ᠃
(ᠬᠠᠲᠤᠳ ᠤ᠋ᠨ ᠦᠭᠭᠦᠭᠰᠡᠨ ᠶᠠᠭᠤᠮᠠᠨ ᠡᠴᠡ ᠨᠠᠩᠰᠠᠯᠮ᠎ᠠ ᠨᠢᠭᠡ ᠶᠤᠸᠠᠮᠪᠤᠤ ᠶ᠋ᠢ ᠥᠭᠬᠦ ᠪᠠ ᠬᠤᠳᠠᠯᠳᠤᠭᠠᠴᠢᠨ ᠶᠣᠰᠣᠯᠠᠨ ᠭᠠᠷᠴᠤ ᠶᠠᠪᠤᠨ᠎ᠠ᠃ ᠭᠡᠲᠡᠯ᠎ᠡ ᠪᠠᠯᠭᠠᠨ ᠢᠷᠡᠵᠦ ᠨᠠᠩᠰᠠᠯᠮ᠎ᠠ ᠳ᠋ᠤ᠌ ᠪᠡᠯᠡᠭ ᠥᠭᠬᠦ ᠳ᠋ᠦ᠍ ᠨᠠᠩᠰᠠᠯᠮ᠎ᠠ ᠲᠡᠭᠦᠨ ᠢ᠋ ᠠᠪᠬᠤ ᠦᠭᠡᠢ᠃ ᠪᠠᠯᠭᠠᠨ ᠵᠠᠷᠤᠴᠠ ᠨᠤᠭᠤᠳ ᠢ᠋ ᠬᠥᠭᠡᠭᠡᠵᠦ ᠭᠠᠷᠭᠠᠭᠠᠳ ᠡᠭᠦᠳᠡ ᠪᠡᠨ ᠲᠦᠭᠵᠢᠵᠦ ᠬᠦᠷᠮ᠎ᠡ ᠮᠠᠯᠠᠭᠠᠢ ᠪᠠᠨ ᠳᠡᠢᠯᠦᠨ᠎ᠡ)
ᠪᠠᠯᠭᠠᠨ᠄
ᠴᠠᠪ ᠴᠠᠭᠠᠨ ᠴᠢᠷᠠᠢ ᠴᠢᠨᠢ
ᠴᠠᠰᠤᠨ ᠤ᠋ ᠰᠢᠷᠬᠡᠭ ᠡᠴᠡ ᠥᠩᠭᠡ ᠲᠡᠢ ᠬᠦ᠃
ᠴᠠᠭᠠᠷᠢᠭ ᠬᠠᠷ᠎ᠠ ᠨᠢᠳᠦ ᠴᠢᠨᠢ
ᠴᠠᠯᠭᠢᠬᠤ ᠤᠰᠤᠨ ᠡᠴᠡ ᠲᠤᠩᠭᠠᠯᠠᠭ ᠬᠦ᠃
ᠦᠵᠡᠭᠡᠳ ᠥᠩᠭᠡᠷᠡᠬᠦ ᠶ᠋ᠢᠨ ᠵᠠᠪᠰᠠᠷ
ᠦᠷᠭᠦᠯᠵᠢ ᠰᠡᠳᠬᠢᠯ ᠳ᠋ᠦ᠍ ᠦᠯᠡᠳᠡᠨ᠎ᠡ ᠬᠦ᠃
ᠡᠭᠦᠷᠢᠳᠡ ᠶ᠋ᠢᠨ ᠬᠠᠨᠢ ᠬᠠᠨᠢ ᠪᠣᠯᠬᠤ ᠶ᠋ᠢ ᠴᠢᠨᠢ
ᠦᠨᠡᠨ ᠵᠢᠷᠦᠬᠡᠨ ᠡᠴᠡ ᠭᠤᠶᠤᠶ᠎ᠠ᠃
(ᠪᠠᠯᠭᠠᠨ ᠨᠠᠩᠰᠠᠯᠮ᠎ᠠ ᠲᠠᠢ ᠨᠣᠴᠣᠯᠳᠤᠵᠤ᠂ ᠨᠠᠩᠰᠠᠯᠮ᠎ᠠ ᠬᠢᠲᠤᠭ᠎ᠠ ᠶ᠋ᠢ ᠨᠢ ᠰᠢᠭᠦᠷᠡᠨ ᠠᠪᠴᠤ ᠳᠠᠭᠤᠯᠠᠨ᠎ᠠ)
ᠨᠠᠩᠰᠠᠯᠮ᠎ᠠ᠄
ᠤᠬᠠᠭᠠᠨ ᠲᠠᠢ ᠲᠥᠷᠥᠭᠰᠡᠨ ᠨᠣᠶᠠᠨ ᠮᠢᠨᠢ!
ᠤᠴᠢᠷ ᠲᠠᠢ ᠦᠭᠡ ᠶ᠋ᠢ ᠬᠡᠯᠡᠶ᠎ᠡ᠃
ᠤᠤᠯ ᠤ᠋ᠨ ᠬᠠᠢᠷᠠᠲᠠᠢ ᠲᠡᠭᠦᠨ ᠡᠴᠡ ᠪᠡᠨ
ᠤᠷᠪᠠᠵᠤ ᠰᠠᠯᠵᠤ ᠴᠢᠳᠠᠬᠤ ᠦᠭᠡᠢ᠃
ᠥᠨᠳᠥᠷ ᠳᠡᠭᠡᠳᠦ ᠨᠣᠶᠠᠨ ᠮᠢᠨᠢ!
ᠥᠷᠥᠰᠢᠶᠡᠵᠦ ᠨᠠᠮᠠᠶ᠋ᠢ ᠣᠷᠬᠢᠨ᠎ᠠ ᠤᠤ?
ᠥᠭᠡᠳᠡ ᠦᠭᠡᠢ ᠳᠣᠣᠷᠠᠲᠤ ᠪᠢ ᠴᠢᠨᠢ
ᠥᠪᠡᠷ ᠦ᠋ᠨ ᠢ᠋ᠶ᠋ᠡᠨ ᠢᠵᠢᠯᠢ ᠳ᠋ᠡᠭᠡᠨ ᠶᠠᠪᠤᠶ᠎ᠠ᠃
(ᠪᠠᠯᠭᠠᠨ ᠨᠣᠶᠠᠨ ᠨᠠᠩᠰᠠᠯᠮ᠎ᠠ ᠤᠷᠤᠭᠤ ᠤᠬᠤᠰᠬᠢᠨ᠎ᠡ)
ᠨᠠᠩᠰᠠᠯᠮ᠎ᠠ᠄
ᠬᠡᠷᠪᠡ ᠨᠠᠳᠠ ᠬᠠᠯᠳᠠᠪᠠᠯ
ᠠᠮᠢ ᠪᠠᠨ ᠪᠢ ᠬᠣᠣᠷᠯᠠᠨ᠎ᠠ᠃
ᠴᠢᠨᠦ ᠭᠠᠷ ᠡᠴᠡ ᠡᠮᠦᠨ᠎ᠡ
ᠮᠢᠨᠦ ᠬᠢᠲᠤᠭ᠎ᠠ ᠠᠮᠵᠢᠨ᠎ᠠ᠃
(ᠪᠠᠯᠭᠠᠨ ᠨᠠᠩᠰᠠᠯᠮ᠎ᠠ ᠶ᠋ᠢ ᠪᠠᠷᠢᠵᠤ ᠠᠪᠤᠨ᠎ᠠ)

ᠭᠤᠷᠪᠠᠳᠤᠭᠠᠷ ᠦᠵᠡᠭᠳᠡᠯ

ᠲᠠᠢᠰᠠᠨ ᠤ᠋ ᠪᠠᠢᠳᠠᠯ ᠨᠢ᠄ ᠬᠣᠶᠠᠷ ᠠᠭᠤᠯᠠ ᠶ᠋ᠢᠨ ᠬᠣᠭᠣᠷᠣᠨᠳᠣ ᠬᠤᠷᠯᠤᠮ᠎ᠠ ᠶ᠋ᠢᠨ ᠭᠡᠷ᠂ ᠭᠡᠷ ᠦ᠋ᠨ ᠡᠷᠭᠢᠨ ᠲᠣᠭᠣᠷᠢᠨ ᠨᠣᠭᠣᠭᠠᠨ ᠤᠷᠭᠤᠮᠠᠯ ᠮᠣᠳᠣ ᠪᠠᠢᠨ᠎ᠠ᠃ ᠭᠡᠷ ᠦ᠋ᠨ ᠭᠠᠳᠠᠨ᠎ᠠ ᠮᠣᠳᠣᠨ ᠲᠡᠷᠭᠡᠨ ᠳᠡᠭᠡᠷ᠎ᠡ ᠨᠢᠭᠡ ᠬᠣᠶᠠᠷ ᠬᠥᠮᠦᠨ ᠨᠣᠢᠷᠮᠤᠭᠯᠠᠨ ᠰᠠᠭᠤᠬᠤ ᠪᠠ ᠨᠢᠭᠡᠳᠦᠭᠡᠷ ᠬᠥᠮᠦᠨ ᠡᠪᠰᠢᠶᠡᠭᠰᠡᠭᠡᠷ ᠰᠡᠷᠢᠵᠦ ᠨᠥᠭᠦᠭᠡ ᠪᠡᠨ ᠳᠠᠭᠤᠳᠠᠬᠤ ᠳ᠋ᠤ᠌ ᠬᠣᠶᠠᠳᠤᠭᠠᠷ ᠬᠥᠮᠦᠨ ᠴᠣᠴᠢᠨ ᠪᠣᠰᠴᠤ᠂ ᠨᠢᠭᠡᠳᠦᠭᠡᠷ ᠬᠥᠮᠦᠨ ᠲᠡᠷᠭᠡᠨ ᠡᠴᠡ ᠣᠩᠬᠣᠯᠢᠳᠤᠨ ᠤᠨᠠᠨ᠎ᠠ᠃ ᠡᠭᠦᠨ ᠦ᠌ ᠳᠠᠷᠠᠭ᠎ᠠ ᠪᠠᠷ ᠨᠢᠭᠡᠳᠦᠭᠡᠷ ᠬᠥᠮᠦᠨ ᠠᠯᠤᠰ ᠢ᠋ ᠰᠢᠷᠳᠡᠵᠦ ᠳᠠᠭᠤᠯᠠᠨ᠎ᠠ᠃
ᠨᠢᠭᠡᠳᠦᠭᠡᠷ ᠬᠥᠮᠦᠨ᠄
ᠲᠡᠭᠷᠢ ᠭᠠᠵᠠᠷ ᠤ᠋ᠨ ᠵᠠᠪᠰᠠᠷ ᠢ᠋ᠶ᠋ᠠᠷ
ᠲᠡᠷᠡ ᠰᠦᠮᠡᠯᠵᠡᠳᠡᠭ ᠴᠢᠨᠢ ᠶᠠᠭᠤ ᠪᠣᠢ?
ᠥᠨᠥ ᠭᠠᠢᠬᠠᠯ ᠶᠦᠨᠳᠡᠩ ᠴᠢᠨᠢ
ᠥᠭᠡᠳᠡ ᠡᠴᠡ ᠴᠢᠭᠯᠡᠭᠡᠳ ᠡᠷᠡᠪᠡ ᠤᠤ ᠬᠦ?
ᠬᠣᠶᠠᠳᠤᠭᠠᠷ ᠬᠥᠮᠦᠨ᠄
ᠬᠦᠢ ᠴᠢ ᠪᠠᠢᠵᠠ ᠭᠡᠮ ᠳᠡ
ᠬᠥᠮᠦᠨ ᠪᠢᠰᠢ ᠮᠣᠳᠣ ᠪᠠᠢᠨ᠎ᠠ᠃
ᠬᠦᠢᠲᠡᠨ ᠬᠥᠨᠳᠡᠢ ᠶ᠋ᠢᠨ ᠡᠬᠢᠨ ᠦ᠌
ᠥᠯ ᠦ᠋ᠨ ᠣᠪᠣᠭ᠎ᠠ ᠴᠤᠬᠤᠢᠵᠤ ᠪᠠᠢᠨ᠎ᠠ᠃
ᠨᠢᠭᠡᠳᠦᠭᠡᠷ ᠬᠥᠮᠦᠨ᠄
ᠥᠯ ᠦ᠋ᠨ ᠣᠪᠣᠭ᠎ᠠ ᠭᠡᠵᠦ ᠤᠤ ᠬᠦ?
ᠡᠪᠦᠭᠡᠨ ᠴᠢᠨᠢ ᠪᠠᠬᠠᠨ ᠠᠶᠤᠵᠤ ᠪᠠᠢᠨ᠎ᠠ᠃
ᠥᠨᠥ ᠭᠠᠢᠬᠠᠯ ᠶᠦᠨᠳᠡᠩ ᠴᠢᠨᠢ
ᠥᠭᠡᠳᠡ ᠡᠴᠡ ᠬᠦᠷᠦᠭᠡᠳ ᠢᠷᠡᠪᠡᠯ ᠶᠠᠭᠠᠬᠢᠬᠤ ᠶᠤᠮ ᠪᠣᠢ?
ᠬᠣᠶᠠᠳᠤᠭᠠᠷ ᠬᠥᠮᠦᠨ᠄
ᠠᠷᠠᠳ ᠶᠦᠨᠳᠡᠩ ᠢᠷᠡᠬᠦ ᠳ᠋ᠦ᠍
ᠠᠯᠠᠵᠤ ᠡᠰᠡ ᠴᠢᠳᠠᠪᠠᠯ
ᠠᠮᠢ ᠪᠠᠷ ᠢ᠋ᠶ᠋ᠠᠨ ᠲᠥᠯᠥᠬᠦ ᠶ᠋ᠢ
ᠠᠩᠬᠠᠷᠴᠤ ᠮᠡᠳᠡᠵᠦ ᠪᠠᠢᠨ᠎ᠠ ᠤᠤ?
ᠶᠠᠭᠠᠬᠢᠬᠤ ᠶᠤᠮ ᠪᠣᠢ ᠭᠡᠨ᠎ᠡ ᠰᠢᠦ?
ᠶᠠᠭᠠᠬᠢ ᠭᠡᠰᠡᠨ ᠪᠣᠢ᠂ ᠪᠠᠯᠭᠠᠨ?
ᠵᠠ ᠭᠡᠵᠦ ᠬᠡᠯᠡᠭᠡᠳ ᠣᠳᠣ ᠪᠤᠴᠠᠵᠤ ᠪᠠᠢᠨ᠎ᠠ ᠤᠤ?
(ᠶᠦᠨᠳᠡᠩ ᠦ᠋ᠨ ᠢᠷᠡᠵᠦ ᠶᠠᠪᠤᠭ᠎ᠠ ᠶ᠋ᠢ ᠬᠠᠷᠠᠮᠠᠭᠴᠠ ᠨᠢᠭᠡᠳᠦᠭᠡᠷ ᠬᠥᠮᠦᠨ ᠠᠶᠤᠨ ᠵᠢᠭᠤᠲᠠᠬᠤ ᠳ᠋ᠤ᠌ ᠬᠣᠶᠠᠳᠤᠭᠠᠷ ᠬᠥᠮᠦᠨ ᠲᠡᠭᠦᠨ ᠢ᠋ ᠪᠠᠷᠢᠨ ᠭᠡᠷ ᠦ᠋ᠨ ᠬᠠᠵᠠᠭᠤ ᠲᠠᠯ᠎ᠠ ᠳ᠋ᠤ᠌ ᠰᠠᠭᠤᠨ᠎ᠠ᠃ ᠭᠡᠷ ᠡᠴᠡ ᠴᠠᠢ ᠢᠳᠡᠭᠡ ᠠᠪᠴᠢᠷᠠᠵᠤ ᠪᠡᠯᠡᠳᠬᠡᠨ᠎ᠡ᠃ ᠶᠦᠨᠳᠡᠩ ᠳᠠᠯᠳᠠ ᠡᠴᠡ ᠳᠠᠭᠤᠯᠠᠬᠤ ᠴᠢᠮᠡᠭᠡ ᠰᠣᠨᠣᠰᠳᠠᠨ᠎ᠠ)
ᠶᠦᠨᠳᠡᠩ᠄
ᠠᠭᠤᠯᠠ ᠤᠰᠤ ᠮᠢᠨᠢ ᠣᠢᠷᠠᠲᠤᠯ᠎ᠠ
ᠤᠷᠢᠳᠤ ᠶ᠋ᠢᠨ ᠲᠠᠨᠢᠯ ᠲᠠᠭᠠᠷᠠᠯᠳᠤᠯ᠎ᠠ᠃
ᠤᠭ ᠨᠤᠲᠤᠭ ᠤ᠋ᠨ ᠰᠣᠨᠢᠨ ᠢ᠋
ᠤᠷᠢᠳᠠ ᠪᠠᠷ ᠠᠳᠠ ᠡᠴᠡ ᠰᠣᠨᠣᠰᠤᠶ᠎ᠠ᠃
ᠬᠣᠶᠠᠳᠤᠭᠠᠷ ᠬᠥᠮᠦᠨ᠄
ᠠᠯᠤᠰ ᠤ᠋ᠨ ᠵᠠᠮ ᠳ᠋ᠤ᠌ ᠶᠠᠪᠤᠭᠰᠠᠨ
ᠠᠩᠴᠢᠨ ᠨᠥᠬᠥᠷ ᠶᠦᠨᠳᠡᠩ ᠮᠢᠨᠢ
ᠠᠮᠤᠷ ᠮᠡᠨᠳᠦ ᠶᠠᠪᠤᠪᠠ ᠤᠤ?
ᠠᠵᠢᠯ ᠬᠡᠷᠡᠭ ᠴᠢᠨᠢ ᠪᠦᠲᠦᠪᠡ ᠤᠤ?
ᠲᠠᠨ ᠤ᠋ ᠨᠤᠲᠤᠭ ᠣᠢᠷᠠᠲᠤᠯ᠎ᠠ᠂
ᠲᠠᠨᠢᠯ ᠰᠠᠢᠨ ᠳᠡᠭᠦᠦ ᠮᠢᠨᠢ
ᠲᠠᠪᠠ ᠲᠠᠢ ᠰᠠᠭᠤᠵᠤ ᠶᠠᠷᠢᠯᠴᠠᠶ᠎ᠠ᠃
ᠲᠠᠮᠠᠬᠢ ᠪᠠᠨ ᠬᠠᠷᠢᠯᠴᠠᠨ ᠲᠠᠲᠠᠶ᠎ᠠ᠃
(ᠶᠦᠨᠳᠡᠩ ᠠᠪᠴᠤ ᠶᠠᠪᠤᠭᠰᠠᠨ ᠪᠣᠭᠴᠣ ᠤᠷᠤᠭᠤ ᠪᠠᠨ ᠶᠠᠪᠤᠲᠠᠯ᠎ᠠ ᠬᠣᠶᠠᠳᠤᠭᠠᠷ ᠬᠥᠮᠦᠨ ᠲᠦᠷᠡᠢ ᠡᠴᠡ ᠪᠡᠨ ᠬᠢᠲᠤᠭ᠎ᠠ ᠠᠪᠴᠤ ᠶᠦᠨᠳᠡᠩ ᠢ᠋ ᠬᠢᠲᠤᠭᠠᠯᠠᠬᠤ ᠭᠡᠨ᠎ᠡ᠃ ᠶᠦᠨᠳᠡᠩ ᠬᠢᠲᠤᠭ᠎ᠠ ᠶ᠋ᠢ ᠨᠢ ᠪᠤᠯᠢᠶᠠᠵᠤ ᠲᠦᠯᠬᠢᠨ ᠤᠨᠠᠭᠠᠲᠠᠯ᠎ᠠ ᠨᠢᠭᠡᠳᠦᠭᠡᠷ ᠬᠥᠮᠦᠨ ᠶᠦᠨᠳᠡᠩ ᠢ᠋ ᠪᠦᠳᠦᠭᠦᠨ ᠮᠣᠳᠣ ᠪᠠᠷ ᠴᠣᠬᠢᠵᠤ ᠤᠨᠠᠭᠠᠭᠠᠳ᠂ ᠬᠣᠶᠠᠳᠤᠭᠠᠷ ᠬᠥᠮᠦᠨ ᠢ᠋ ᠲᠡᠷᠭᠡᠨ ᠳᠡᠭᠡᠷ᠎ᠡ ᠲᠠᠯᠪᠢᠵᠤ ᠵᠢᠭᠤᠲᠠᠨ ᠶᠠᠪᠤᠨ᠎ᠠ᠃ ᠬᠤᠷᠯᠤᠮ᠎ᠠ ᠬᠤᠪᠢᠩ ᠲᠠᠢ ᠤᠰᠤ ᠪᠠᠷᠢᠨ ᠢᠷᠡᠵᠦ᠂ ᠶᠦᠨᠳᠡᠩ ᠢ᠋ ᠬᠠᠷᠠᠵᠤ ᠴᠣᠴᠢᠨ᠂ ᠭᠡᠷ ᠡᠴᠡ ᠪᠡᠨ ᠠᠯᠴᠢᠭᠤᠷ ᠠᠪᠴᠢᠷᠠᠵᠤ ᠶᠦᠨᠳᠡᠩ ᠦ᠋ᠨ ᠲᠣᠯᠣᠭᠠᠢ ᠶ᠋ᠢ ᠪᠣᠭᠣᠨ᠎ᠠ)
ᠬᠤᠷᠯᠤᠮ᠎ᠠ᠄ ᠡᠷᠲᠡᠨ ᠡᠴᠡ ᠴᠢᠮᠠᠶ᠋ᠢ ᠬᠦᠰᠡᠭᠰᠡᠨ ᠰᠠᠨ
ᠡᠷᠬᠡᠪᠰᠢ ᠤᠴᠠᠷᠠᠬᠤ ᠶ᠋ᠢ ᠪᠣᠳᠣᠭᠰᠠᠨ ᠰᠠᠨ
ᠢᠩᠭᠢᠵᠦ ᠠᠭᠤᠯᠵᠠᠬᠤ ᠶ᠋ᠢ ᠦᠵᠡᠪᠡᠯ
ᠢᠷᠦᠭᠡᠯ ᠵᠠᠶᠠᠭᠠᠲᠠᠢ ᠶᠤᠮᠰᠠᠨᠵᠠᠢ᠃
ᠵᠢᠪᠬᠤᠯᠠᠩᠲᠤ ᠰᠠᠢᠬᠠᠨ ᠡᠷ᠎ᠡ ᠯᠡ ᠭᠡᠵᠦ
ᠵᠠᠰᠠᠭ ᠬᠣᠰᠢᠭᠤ ᠪᠠᠷ ᠬᠡᠯᠡᠯᠴᠡᠳᠡᠭ ᠶᠤᠮ᠃
ᠴᠢᠷᠠᠢ ᠵᠢᠰᠦ ᠶ᠋ᠢ ᠴᠢᠨᠢ ᠦᠵᠡᠪᠡᠯ
ᠳᠠᠮᠵᠢᠭ ᠦᠭᠡᠢ ᠦᠨᠡᠨ ᠯᠡ ᠶᠤᠮ ᠳᠡ᠃
ᠳᠠᠪᠬᠤᠷ᠎ᠠ ᠲᠠᠢ ᠠᠯᠠᠭ ᠨᠢᠳᠦ ᠲᠡᠢ
ᠲᠤᠩ ᠴᠠᠭᠠᠨ ᠰᠢᠲᠦ ᠲᠡᠢ ᠬᠦ
ᠳᠠᠷᠬᠠᠨ ᠴᠡᠩᠲᠡ ᠶ᠋ᠢᠨ ᠶᠦᠨᠳᠡᠩ ᠴᠢᠨᠢ
ᠳᠠᠪᠠᠭᠤ ᠴᠡᠪᠡᠷᠬᠡᠨ ᠲᠥᠷᠥᠵᠡᠢ᠃
ᠪᠡᠶ᠎ᠡ ᠶ᠋ᠢ ᠴᠢᠨᠢ ᠬᠠᠷᠠᠭᠠᠳ ᠪᠠᠬᠠᠳᠤᠭᠰᠠᠨ ᠶᠤᠮ᠂
ᠴᠢᠷᠠᠢ ᠶ᠋ᠢ ᠴᠢᠨᠢ ᠦᠵᠡᠭᠡᠳ ᠳᠤᠷᠠᠯᠠᠭᠰᠠᠨ ᠶᠤᠮ᠃
ᠤᠬᠠᠭᠠᠨ ᠣᠷᠣᠵᠤ ᠰᠡᠷᠭᠦᠭᠡᠴᠢ
ᠤᠭ ᠰᠠᠨᠠᠭ᠎ᠠ ᠪᠠᠨ ᠬᠡᠯᠡᠶ᠎ᠡ᠃
ᠲᠠᠪᠢᠯᠠᠩ ᠢᠷᠦᠭᠡᠯ ᠪᠠᠢᠭᠰᠠᠨ ᠠ᠋ᠴᠠ
ᠲᠠᠪᠠ ᠲᠠᠢ ᠰᠠᠢᠬᠠᠨ ᠠᠭᠤᠯᠵᠠᠯ᠎ᠠ ᠳᠠ᠃
ᠳᠡᠭᠡᠭᠰᠢ ᠪᠡᠨ ᠰᠡᠷᠭᠦᠵᠦ ᠪᠣᠰᠤᠭᠠᠴᠢ᠂
ᠳᠤᠷᠠᠯᠠᠭᠰᠠᠨ ᠰᠡᠳᠬᠢᠯ ᠢ᠋ᠶ᠋ᠡᠨ ᠰᠣᠨᠣᠰᠬᠠᠶ᠎ᠠ᠃
(ᠶᠦᠨᠳᠡᠩ ᠳᠥᠩᠭᠡᠵᠦ ᠰᠡᠷᠭᠦᠭᠡᠳ ᠬᠤᠷᠯᠤᠮ᠎ᠠ ᠶ᠋ᠢᠨ ᠭᠠᠷ ᠢ᠋ ᠢᠯᠢᠵᠦ 《 ᠨᠠᠩᠰᠠᠯᠮ᠎ᠠ 》 ᠭᠡᠵᠦ ᠳᠠᠭᠤᠳᠠᠨ᠎ᠠ᠃
ᠬᠤᠷᠯᠤᠮ᠎ᠠ 《 ᠵᠦᠭᠡᠷ ᠵᠦᠭᠡᠷ 》 ᠭᠡᠵᠦ ᠬᠠᠷᠢᠭᠤᠯᠤᠨ᠎ᠠ᠃
ᠶᠦᠨᠳᠡᠩ ᠨᠢᠳᠦ ᠪᠡᠨ ᠨᠡᠭᠡᠭᠡᠵᠦ ᠬᠤᠷᠯᠤᠮ᠎ᠠ ᠶ᠋ᠢ ᠲᠠᠨᠢᠭᠠᠳ ᠭᠡᠨᠡᠳᠲᠡ ᠪᠣᠰᠲᠠᠯ᠎ᠠ ᠲᠣᠯᠣᠭᠠᠢ ᠨᠢ ᠡᠷᠭᠢᠵᠦ ᠤᠨᠠᠬᠤ ᠳ᠋ᠤ᠌ ᠳᠥᠭᠥᠨ᠎ᠡ᠃ ᠲᠡᠭᠦᠨ ᠢ᠋ ᠬᠤᠷᠯᠤᠮ᠎ᠠ ᠲᠡᠪᠡᠷᠢᠨᠠᠪᠴᠤ ᠵᠣᠭᠰᠣᠨ᠎ᠠ᠃ ᠶᠦᠨᠳᠡᠩ᠄ 《 ᠲᠠ ᠶᠠᠭᠤᠨ ᠤ᠋ ᠬᠥᠮᠦᠨ ᠪᠣᠢ? ᠨᠠᠩᠰᠠᠯᠮ᠎ᠠ ᠶᠠᠭᠠᠬᠢᠭᠰᠠᠨ ᠪᠣᠢ? 》ᠭᠡᠬᠦ ᠳ᠋ᠦ᠍ ᠬᠤᠷᠯᠤᠮ᠎ᠠ᠄ 《 ᠪᠢ ᠮᠡᠳᠡᠬᠦ ᠦᠭᠡᠢ 》 ᠭᠡᠵᠦ ᠢᠴᠢᠨ ᠵᠥᠷᠢᠭᠦᠦ ᠬᠠᠷᠠᠨ᠎ᠠ᠃ ᠶᠦᠨᠳᠡᠩ ᠤᠢᠳᠬᠠᠷ ᠲᠠᠢ ᠪᠠᠷ ᠭᠠᠵᠠᠷ ᠡᠴᠡ ᠮᠠᠯᠠᠭᠠᠢ ᠪᠠᠨ ᠠᠪᠴᠤ ᠶᠠᠪᠤᠬᠤ ᠭᠡᠲᠡᠯ᠎ᠡ ᠬᠤᠷᠯᠤᠮ᠎ᠠ᠄ 《 ᠪᠢ ᠮᠡᠳᠡᠨ᠎ᠡ 》 ᠭᠡᠵᠦ ᠬᠠᠷᠢᠭᠤᠯᠤᠨ᠎ᠠ᠃ ᠲᠡᠭᠦᠨ ᠢ᠋ ᠶᠦᠨᠳᠡᠩ ᠰᠣᠨᠣᠰᠴᠤ ᠡᠷᠭᠢᠵᠦ ᠵᠣᠭᠰᠣᠨ᠎ᠠ᠃)
ᠬᠤᠷᠯᠤᠮ᠎ᠠ᠄
ᠲᠠᠨ ᠢ᠋ ᠬᠡᠳᠦᠢᠨᠡᠢ ᠡᠴᠡ ᠲᠠᠨᠢᠬᠤ ᠪᠣᠯᠪᠠᠴᠤ
ᠨᠢᠭᠤᠷ ᠢ᠋ ᠴᠢᠨᠢ ᠦᠵᠡᠵᠦ ᠶᠠᠪᠤᠭᠰᠠᠨ ᠦᠭᠡᠢ᠂
ᠲᠠ ᠮᠣᠷᠢᠨ ᠡᠴᠡ ᠤᠨᠠᠭᠰᠠᠨ ᠶᠤᠮ ᠤᠤ?
ᠶᠠᠭᠠᠬᠢᠭᠠᠳ ᠢᠩᠭᠢᠵᠦ ᠰᠢᠷᠬᠠᠲᠤᠪᠠ?
ᠲᠠᠨ ᠢ᠋ ᠠᠳᠠ ᠬᠡᠪᠲᠡᠵᠦ ᠪᠠᠢᠬᠤ ᠳ᠋ᠤ᠌
ᠲᠡᠩᠬᠡᠷᠡᠭᠦᠯᠦᠨ ᠰᠤᠪᠢᠯᠠᠵᠤ ᠰᠡᠷᠭᠦᠭᠡᠪᠡ᠃
ᠬᠡᠷᠪᠡ ᠲᠠ ᠵᠢᠭᠰᠢᠬᠦ ᠦᠭᠡᠢ ᠪᠣᠯ
ᠥᠴᠦᠬᠡᠨ ᠨᠠᠳᠠ ᠲᠠᠢ ᠲᠠᠨᠢᠯᠴᠠᠨ᠎ᠠ ᠤᠤ?
ᠶᠦᠨᠳᠡᠩ᠄
ᠲᠠ ᠶᠠᠭᠠᠬᠢᠭᠰᠠᠨ ᠰᠠᠢᠨ ᠬᠥᠮᠦᠨ ᠪᠣᠢ!
ᠲᠠᠯ᠎ᠠ ᠳ᠋ᠤ᠌ ᠬᠡᠪᠲᠡᠭᠰᠡᠨ ᠨᠠᠮᠠᠶ᠋ᠢ
ᠲᠠ ᠰᠡᠷᠭᠦᠭᠡᠵᠦ ᠠᠪᠤᠭ᠎ᠠ ᠦᠭᠡᠢ ᠪᠣᠯ
ᠡᠨᠡ ᠪᠡᠶ᠎ᠡ ᠮᠢᠨᠢ ᠦᠷᠡᠭᠳᠡᠨ᠎ᠡ᠃
ᠬᠠᠢᠷᠠᠲᠠᠢ ᠢᠨᠠᠭ ᠲᠡᠭᠦᠨ ᠳ᠋ᠡᠭᠡᠨ
ᠬᠠᠷᠢᠵᠤ ᠣᠴᠢᠬᠤ ᠪᠠᠷ ᠶᠠᠪᠤᠲᠠᠯ᠎ᠠ
ᠬᠠᠷᠭᠤᠢ ᠵᠠᠮ ᠳ᠋ᠤ᠌ ᠭᠡᠨᠡᠳᠲᠡ
ᠬᠠᠷ᠎ᠠ ᠰᠠᠨᠠᠭᠠᠲᠠᠨ ᠳ᠋ᠤ᠌ ᠬᠣᠣᠷᠯᠠᠭᠳᠠᠯ᠎ᠠ᠃
ᠡᠷᠬᠢᠮ ᠪᠦᠰᠡᠭᠦᠢ ᠶ᠋ᠢᠨ ᠨᠡᠷ᠎ᠡ ᠬᠡᠨ ᠪᠣᠢ?
ᠭᠡᠷ ᠣᠷᠣᠨ ᠴᠢᠨᠢ ᠬᠠᠮᠢᠭ᠎ᠠ ᠪᠣᠢ?
ᠬᠠᠷᠠᠮ ᠦᠭᠡᠢ ᠨᠠᠳᠠ ᠬᠡᠯᠡᠨ᠎ᠡ ᠤᠤ?
ᠬᠣᠵᠢᠮ ᠠᠴᠢ ᠶ᠋ᠢ ᠴᠢᠨᠢ ᠬᠠᠷᠢᠭᠤᠯᠤᠨ᠎ᠠ᠃
ᠬᠤᠷᠯᠤᠮ᠎ᠠ᠄
ᠤᠴᠠᠷᠠᠯ ᠢᠷᠦᠭᠡᠯ ᠪᠠᠢᠭᠰᠠᠨ ᠠ᠋ᠴᠠ
ᠠᠭᠤᠯᠵᠠᠵᠤ ᠲᠣᠬᠢᠶᠠᠯᠳᠤᠭᠰᠠᠨ ᠨᠢ ᠡᠨᠡ ᠪᠢᠵᠡ᠂
ᠮᠠᠭᠤᠵᠢᠷᠠᠭᠰᠠᠨ ᠲᠠᠨ ᠢ᠋ ᠰᠡᠷᠭᠦᠭᠡᠬᠦ ᠨᠢ
ᠮᠡᠬᠦᠰ ᠮᠢᠨᠦ ᠰᠡᠳᠬᠢᠯ ᠠ᠋᠃
ᠡᠷᠬᠢᠮ ᠬᠥᠮᠦᠨ ᠲᠠᠨ ᠲᠠᠢ
ᠢᠩᠭᠢᠵᠦ ᠲᠠᠨᠢᠯᠴᠠᠬᠤ ᠶ᠋ᠢᠨ ᠬᠡᠰᠢᠭ ᠪᠠᠢᠵᠤ
ᠳᠣᠣᠷᠠᠲᠤ ᠭᠡᠷ ᠲᠦ᠍ ᠮᠢᠨᠢ ᠰᠠᠭᠠᠲᠠᠵᠤ
ᠲᠡᠩᠬᠡᠭᠡ ᠲᠠᠮᠢᠷ ᠢ᠋ᠶ᠋ᠠᠨ ᠰᠤᠪᠢᠯᠠᠨ᠎ᠠ ᠤᠤ?
ᠶᠦᠨᠳᠡᠩ᠄
ᠡᠶᠡᠯᠳᠡᠭ ᠰᠡᠳᠬᠢᠯ ᠲᠡᠢ ᠥᠬᠢᠨ ᠲᠠᠨ ᠤ᠋
ᠡᠨᠡᠷᠢᠵᠦ ᠦᠵᠡᠭᠰᠡᠨ ᠳ᠋ᠦ᠍ ᠪᠠᠶᠠᠷᠯᠠᠯ᠎ᠠ᠃
ᠠᠯᠳᠠᠷ ᠨᠡᠷ᠎ᠡ ᠪᠡᠨ ᠬᠡᠯᠡᠨ᠎ᠡ ᠤᠤ?
ᠬᠣᠵᠢᠮ ᠠᠢᠯᠴᠢᠯᠠᠨ ᠣᠴᠢᠶ᠎ᠠ᠃
ᠵᠥᠭᠡᠯᠡᠨ ᠬᠥᠩᠭᠡᠨ ᠭᠠᠷ ᠢ᠋ᠶ᠋ᠠᠷ ᠢ᠋ᠶ᠋ᠠᠨ
ᠢᠯᠢᠵᠦ ᠰᠤᠪᠢᠯᠠᠭᠰᠠᠨ ᠳ᠋ᠤ᠌ ᠲᠠᠯᠠᠷᠬᠠᠨ᠎ᠠ᠃
ᠠᠬ᠎ᠠ ᠳᠡᠭᠦᠦ ᠮᠡᠲᠦ ᠦᠵᠡᠭᠰᠡᠨ
ᠠᠴᠢ ᠲᠤᠰᠠ ᠶ᠋ᠢ ᠴᠢᠨᠢ ᠬᠠᠷᠢᠭᠤᠯᠤᠨ᠎ᠠ᠃
ᠲᠠᠨ ᠢ᠋ ᠳᠠᠭᠠᠭᠠᠳ ᠶᠠᠪᠤᠬᠤ ᠶᠤᠮᠰᠠᠨ
ᠲᠠᠨᠢᠯᠴᠠᠵᠤ ᠮᠡᠳᠡᠯᠴᠡᠵᠦ ᠠᠪᠬᠤ ᠶᠤᠮᠰᠠᠨ
ᠡᠬᠡᠨᠡᠷ ᠢ᠋ᠶ᠋ᠡᠨ ᠣᠯᠵᠤ ᠣᠴᠢᠬᠤ ᠶᠤᠮᠰᠠᠨ
ᠡᠭᠡᠴᠢ ᠮᠢᠨᠢ ᠲᠠ ᠬᠠᠷᠠᠭ᠎ᠠ ᠦᠭᠡᠢ ᠤᠤ?
ᠬᠤᠷᠯᠤᠮ᠎ᠠ᠄
ᠵᠠᠯᠢᠬᠠᠢ ᠡᠲᠡᠭᠡᠳ ᠲᠡᠢ ᠬᠠᠨᠢᠯᠠᠵᠤ
ᠵᠠᠯᠠᠭᠤ ᠴᠢᠮᠠᠶ᠋ᠢ ᠮᠠᠷᠲᠠᠭᠰᠠᠨ ᠰᠢᠦ᠃
ᠪᠣᠭᠲᠣᠯᠠᠵᠤ ᠠᠪᠬᠤ ᠭᠡᠰᠡᠨ ᠬᠡᠦᠬᠡᠨ ᠴᠢᠨᠢ
ᠪᠠᠯᠭᠠᠨ ᠲᠠᠢ ᠨᠥᠬᠥᠴᠡᠭᠡᠳ ᠶᠠᠪᠤᠭᠰᠠᠨ ᠰᠢᠦ᠃
(ᠶᠦᠨᠳᠡᠩ ᠬᠤᠳᠠᠯ ᠭᠡᠵᠦ ᠬᠤᠷᠯᠤᠮ᠎ᠠ ᠶ᠋ᠢ ᠪᠠᠭᠠᠯᠵᠠᠭᠤᠷᠳᠠᠭᠠᠳ ᠠᠪᠤᠭᠰᠠᠨ ᠢ᠋ᠶ᠋ᠠᠨ ᠪᠣᠯᠢᠵᠤ ᠳᠠᠭᠤᠯᠠᠨ᠎ᠠ)
ᠶᠦᠨᠳᠡᠩ᠄
ᠵᠠᠯᠢᠬᠠᠢ ᠬᠥᠮᠦᠨ ᠦ᠌ ᠬᠦᠴᠦ ᠪᠢᠵᠡ
ᠵᠠᠩ ᠠᠭᠠᠰᠢ ᠨᠢ ᠬᠤᠪᠢᠷᠠᠭ᠎ᠠ ᠦᠭᠡᠢ ᠪᠢᠵᠡ
ᠲᠠᠨ ᠤ᠋ ᠦᠭᠡ ᠶ᠋ᠢ ᠲᠤᠭᠤᠯᠬᠤ ᠳ᠋ᠤ᠌
ᠳᠣᠲᠣᠷ᠎ᠠ ᠬᠠᠷᠠᠩᠭᠤᠢᠯᠠᠨ ᠳᠠᠪᠴᠢᠳᠠᠨ᠎ᠠ᠃
ᠬᠤᠷᠯᠤᠮ᠎ᠠ᠄
ᠡᠢᠮᠦ ᠰᠠᠢᠬᠠᠨ ᠡᠷ᠎ᠡ ᠳ᠋ᠦ᠍
ᠡᠬᠡᠨᠡᠷ ᠬᠠᠮᠢᠭ᠎ᠠ ᠡᠴᠡ ᠮᠤᠩᠳᠠᠬᠤ ᠪᠣᠢ?
ᠭᠠᠭᠴᠠ ᠨᠢᠭᠡ ᠶ᠋ᠢᠨ ᠬᠣᠢᠨ᠎ᠠ ᠠ᠋ᠴᠠ
ᠭᠠᠨᠢᠬᠠᠷᠠᠵᠤ ᠭᠤᠨᠢᠬᠠᠷᠠᠭᠠᠳ ᠶᠠᠭᠠᠬᠢᠳᠠᠭ ᠶᠤᠮ᠃
ᠶᠦᠨᠳᠡᠩ᠄
ᠬᠠᠲᠠᠭᠰᠠᠨ ᠭᠠᠵᠠᠷ ᠤ᠋ᠨ ᠬᠥᠷᠥᠰᠥᠨ ᠳᠡᠭᠡᠷ᠎ᠡ
ᠴᠡᠴᠡᠭ ᠲᠠᠷᠢᠭᠰᠠᠨ ᠴᠤ᠌ ᠤᠷᠭᠤᠬᠤ ᠦᠭᠡᠢ᠃
ᠬᠠᠷᠠᠯᠠᠭᠰᠠᠨ ᠰᠡᠳᠬᠢᠯ ᠦ᠋ᠨ ᠳᠣᠲᠣᠷ᠎ᠠ
ᠠᠯᠲᠠ ᠴᠢᠳᠬᠤᠭᠰᠠᠨ ᠴᠤ᠌ ᠴᠠᠢᠷᠠᠳᠠᠭ ᠦᠭᠡᠢ᠃
ᠬᠤᠷᠯᠤᠮ᠎ᠠ᠄
ᠠᠶᠠᠨ ᠳ᠋ᠤ᠌ ᠶᠠᠪᠤᠭᠰᠠᠨ ᠡᠳᠦᠷ ᠡᠴᠡ ᠴᠢᠨᠢ
ᠠᠮᠠᠷᠠᠭ ᠤ᠋ᠨ ᠰᠡᠳᠬᠢᠯ ᠬᠤᠪᠢᠷᠠᠭᠰᠠᠨ ᠰᠢᠦ᠃
ᠥᠨᠵᠢᠵᠦ ᠬᠣᠨᠣᠬᠤ ᠪᠦᠷᠢ ᠳ᠋ᠡᠭᠡᠨ
ᠥᠭᠡᠷ᠎ᠡ ᠬᠥᠮᠦᠨ ᠳ᠋ᠦ᠍ ᠳᠠᠰᠤᠭᠰᠠᠨ ᠰᠢᠦ᠃
ᠢᠨᠠᠭ ᠰᠡᠳᠬᠢᠯ ᠬᠣᠪᠣᠷ ᠶᠤᠮ
ᠥᠩᠭᠡ ᠮᠥᠩᠭᠥᠨ ᠳ᠋ᠦ᠍ ᠴᠦ᠍ ᠪᠣᠯᠳᠠᠭ ᠰᠢᠦ᠃
ᠦᠢᠯᠡ ᠵᠠᠶᠠᠭ᠎ᠠ ᠬᠡᠴᠡᠭᠦᠦ ᠰᠢᠦ
ᠥᠪᠡᠷ ᠦ᠋ᠨ ᠰᠠᠨᠠᠭ᠎ᠠ ᠪᠠᠷ ᠪᠣᠯᠳᠠᠭ ᠦᠭᠡᠢ ᠶᠤᠮ᠃
ᠣᠷᠴᠢᠯᠠᠩ ᠭᠡᠳᠡᠭ ᠪᠥᠭᠡᠷᠡᠩᠬᠡᠢ
ᠡᠷᠭᠢᠵᠦ ᠬᠤᠪᠢᠷᠠᠵᠤ ᠪᠠᠢᠳᠠᠭ ᠰᠢᠦ᠃
ᠤᠶᠠᠷᠠᠨ ᠭᠠᠰᠢᠭᠤᠳᠠᠭᠠᠳ ᠬᠡᠷᠡᠭ ᠦᠭᠡᠢ
ᠣᠨᠳᠣᠣ ᠵᠠᠮ ᠪᠠᠢᠳᠠᠭ ᠶᠤᠮ ᠰᠢᠦ᠃
ᠡᠷᠬᠢᠮ ᠬᠥᠮᠦᠨ ᠦ᠌ ᠦᠷ᠎ᠡ ᠮᠢᠨᠢ
ᠣᠳᠣ ᠮᠠᠨ ᠤ᠋ ᠳ᠋ᠤ᠌ ᠣᠷᠣ ᠯᠠ ᠳᠠ᠃
ᠬᠡᠵᠢᠶᠡᠨ ᠦ᠌ ᠢᠷᠦᠭᠡᠯ ᠪᠠᠢᠭᠰᠠᠨ ᠠ᠋ᠴᠠ
ᠬᠣᠶᠠᠭᠤᠯᠠ ᠪᠠᠨ ᠠᠭᠤᠯᠵᠠᠬᠤ ᠨᠢ ᠡᠨᠡ ᠤᠤ ᠳᠠ᠃
(ᠬᠤᠷᠯᠤᠮ᠎ᠠ ᠶᠦᠨᠳᠡᠩ ᠢ᠋ ᠭᠡᠷ ᠲᠡᠭᠡᠨ ᠣᠷᠣᠭᠤᠯᠵᠤ ᠡᠭᠦᠳᠡ ᠪᠡᠨ ᠬᠠᠭᠠᠭᠠᠳ ᠡᠷᠭᠢᠵᠦ ᠬᠠᠶᠠᠭᠠᠨ ᠳ᠋ᠤ᠌ ᠲᠠᠯᠪᠢᠭᠰᠠᠨ ᠪᠣᠭᠴᠣ ᠲᠠᠢ ᠶᠠᠭᠤᠮ᠎ᠠ ᠶ᠋ᠢ ᠠᠪᠴᠤ ᠭᠡᠷ ᠦ᠋ᠨ ᠡᠭᠦᠳᠡ ᠶ᠋ᠢ ᠨᠡᠭᠡᠭᠡᠵᠦ ᠳᠠᠭᠤᠯᠠᠨ᠎ᠠ)
ᠬᠤᠷᠯᠤᠮ᠎ᠠ᠄
ᠣᠳᠣ ᠮᠢᠨᠦ ᠪᠣᠯᠤᠯ᠎ᠠ᠃
ᠣᠨᠴᠠ ᠵᠢᠷᠭᠠᠯ ᠢᠷᠡᠯ᠎ᠡ᠃ (ᠭᠡᠷ ᠲᠡᠭᠡᠨ ᠣᠷᠣᠨ᠎ᠠ) ᠬᠥᠰᠢᠭᠡ

ᠳᠦᠷᠪᠡᠳᠦᠭᠡᠷ ᠦᠵᠡᠭᠳᠡᠯ

ᠲᠠᠢᠰᠠᠨ ᠤ᠋ ᠪᠠᠢᠳᠠᠯ ᠨᠢ᠄ ᠬᠡᠷᠡᠮ ᠬᠠᠰᠢᠶ᠎ᠠ ᠲᠠᠢ᠂ ᠰᠦᠮ᠎ᠡ ᠶ᠋ᠢᠨ ᠪᠠᠢᠳᠠᠯ ᠲᠠᠢ ᠳᠠᠪᠬᠤᠷ ᠪᠠᠢᠰᠢᠩ ᠪᠠᠢᠨ᠎ᠠ᠃ ᠬᠡᠷᠡᠮ ᠦ᠋ᠨ ᠳᠡᠭᠡᠭᠦᠷ ᠰᠦᠮ᠎ᠡ ᠶ᠋ᠢᠨ ᠣᠷᠣᠢ ᠴᠤᠬᠤᠢᠨ ᠬᠠᠷᠠᠭᠳᠠᠬᠤ ᠪᠠ ᠬᠡᠷᠡᠮ ᠦ᠋ᠨ ᠬᠠᠭᠠᠯᠭᠠᠨ ᠤ᠋ ᠪᠠᠷᠠᠭᠤᠨ ᠲᠠᠯ᠎ᠠ ᠳ᠋ᠤ᠌ ᠲᠣᠮᠣ ᠠᠯᠲᠠᠨ ᠠᠷᠰᠯᠠᠨ ᠪᠠᠢᠬᠤ ᠪᠠ ᠳᠡᠷᠭᠡᠳᠡ ᠨᠢ ᠰᠢᠷ᠎ᠠ᠂ ᠴᠠᠭᠠᠨ᠂ ᠬᠥᠬᠡ ᠥᠩᠭᠡ ᠶ᠋ᠢᠨ ᠭᠤᠷᠪᠠᠯᠵᠢᠨ ᠲᠤᠭ ᠪᠠᠢᠨ᠎ᠠ᠂ ᠮᠥᠨ ᠬᠠᠨᠲᠠᠭᠠᠵᠠ ᠲᠠᠢ᠂ ᠫᠤᠤ ᠪᠠᠷᠢᠭᠰᠠᠨ ᠮᠠᠨᠠᠭᠠᠴᠢ ᠨᠠᠷ ᠢᠨᠠᠭᠰᠢ ᠴᠢᠨᠠᠭᠰᠢ ᠪᠠᠨ ᠵᠦᠷᠢᠨ ᠶᠠᠪᠤᠨ᠎ᠠ᠃ ᠭᠡᠲᠡᠯ᠎ᠡ ᠪᠠᠯᠭᠠᠨ ᠨᠣᠶᠠᠨ ᠤ᠋ ᠬᠤᠷᠢᠮ ᠳ᠋ᠤ᠌ ᠢᠷᠡᠵᠦ ᠪᠠᠢᠭ᠎ᠠ ᠯᠠᠮ᠎ᠠ ᠨᠠᠷ᠂ ᠨᠣᠶᠠᠳ᠂ ᠬᠠᠲᠤᠳ᠂ ᠫᠦᠰᠡᠨ ᠦ᠌ ᠣᠯᠠᠨ ᠬᠥᠮᠦᠨ ᠪᠡᠯᠡᠭ ᠦ᠋ᠨ ᠵᠦᠢᠯᠡᠰ ᠢ᠋ ᠠᠪᠴᠢᠷᠠᠵᠤ ᠳᠠᠭᠤᠯᠠᠨ᠎ᠠ᠃
(ᠾᠤᠷ) ᠰᠠᠷᠠᠭᠤᠯ ᠠᠭᠤᠳᠠᠮ ᠣᠷᠳᠣᠨ ᠳ᠋ᠤ᠌
ᠰᠠᠳᠤᠨ ᠨᠥᠬᠥᠳ ᠨᠢ ᠴᠤᠭᠯᠠᠷᠠᠵᠤ
ᠰᠠᠢᠬᠠᠨ ᠬᠠᠲᠤᠨ ᠢ᠋ ᠠᠪᠤᠭᠰᠠᠨ ᠳ᠋ᠤ᠌
ᠰᠠᠭᠠᠲᠠᠵᠤ ᠬᠤᠷᠢᠮ ᠢ᠋ ᠬᠢᠨ᠎ᠡ ᠳᠡ᠃
ᠠᠯᠳᠠᠷᠲᠤ ᠨᠣᠶᠠᠨ ᠤ᠋ ᠬᠤᠷᠢᠮ ᠳ᠋ᠤ᠌
ᠠᠢᠯᠴᠢᠨ ᠣᠯᠠᠨ ᠢ᠋ᠶ᠋ᠠᠷ ᠢᠷᠡᠵᠦ
ᠠᠢᠷᠠᠭ ᠠᠷᠢᠬᠢ ᠶ᠋ᠢ ᠤᠤᠭᠤᠵᠤ
ᠠᠮᠲᠠᠲᠠᠢ ᠰᠠᠢᠬᠠᠨ ᠵᠢᠷᠭᠠᠶ᠎ᠠ᠃
ᠠᠭᠤᠯᠠ ᠰᠢᠭ᠋ ᠠᠷᠪᠢᠨ ᠢᠳᠡᠭᠡ
ᠤᠰᠤ ᠰᠢᠭ᠋ ᠡᠯᠪᠡᠭ ᠠᠷᠢᠬᠢ ᠶ᠋ᠢ
ᠤᠭᠰᠠᠭ᠎ᠠ ᠳᠡᠭᠡᠳᠦ ᠶ᠋ᠢᠨ ᠬᠥᠮᠦᠰ
ᠤᠤᠭᠤᠵᠤ ᠢᠳᠡᠨ ᠴᠡᠩᠭᠡᠶ᠎ᠡ᠃(ᠨᠡᠢᠲᠡ ᠪᠡᠷ ᠢ᠋ᠶ᠋ᠡᠨ ᠡᠷᠭᠢᠨ ᠲᠣᠭᠣᠷᠢᠵᠤ ᠳᠠᠬᠢᠨ ᠳᠠᠭᠤᠯᠠᠯ᠎ᠠ)
(ᠾᠤᠷ) ᠰᠠᠷᠠᠭᠤᠯ ᠠᠭᠤᠳᠠᠮ ᠣᠷᠳᠣᠨ ᠳ᠋ᠠᠭᠠᠨ
ᠰᠠᠳᠤᠨ ᠨᠥᠬᠥᠳ ᠦ᠋ᠳ ᠨᠢ ᠴᠤᠭᠯᠠᠷᠠᠵᠤ
ᠰᠠᠢᠬᠠᠨ ᠬᠠᠲᠤᠨ ᠢ᠋ ᠠᠪᠤᠭᠰᠠᠨ ᠳ᠋ᠤ᠌
ᠰᠠᠭᠠᠲᠠᠵᠤ ᠬᠤᠷᠢᠮ ᠢ᠋ ᠬᠢᠵᠡᠭᠡᠶ᠎ᠡ᠃
(ᠲᠡᠨᠳᠡ ᠬᠥᠮᠦᠰ ᠣᠷᠳᠣᠨ ᠤ᠋ ᠬᠠᠭᠠᠯᠭ᠎ᠠ ᠪᠠᠷ ᠴᠤᠪᠤᠷᠠᠨ ᠣᠷᠣᠵᠠᠭᠠᠨ᠎ᠠ᠃ ᠭᠡᠲᠡᠯ᠎ᠡ ᠬᠣᠶᠠᠷ ᠡᠬᠡᠨᠡᠷ ᠨᠠᠩᠰᠠᠯᠮ᠎ᠠ ᠶ᠋ᠢ ᠠᠪᠴᠢᠷᠠᠨ᠎ᠠ)
ᠨᠠᠩᠰᠠᠯᠮ᠎ᠠ᠄
ᠬᠦᠰᠡᠭᠰᠡᠨ ᠬᠥᠮᠦᠨ ᠮᠢᠨᠢ ᠢᠷᠡᠬᠦ ᠦᠭᠡᠢ
ᠬᠦᠷᠴᠦ ᠢᠷᠡᠬᠦ ᠰᠤᠷᠠᠭ ᠦᠭᠡᠢ᠃
ᠬᠣᠢᠨ᠎ᠠ ᠡᠴᠡ ᠴᠢᠨᠢ ᠣᠴᠢᠬᠤ ᠴᠢᠳᠠᠯ ᠦᠭᠡᠢ
ᠬᠣᠣᠷᠲᠠᠨ ᠤ᠋ ᠭᠠᠷ ᠲᠤ᠌ ᠣᠷᠣᠯ᠎ᠠ᠃(ᠭᠡᠲᠡᠯ᠎ᠡ ᠣᠷᠳᠣᠨ ᠤ᠋ ᠬᠠᠭᠠᠯᠭ᠎ᠠ ᠪᠠᠷ ᠣᠯᠠᠨ ᠬᠠᠲᠤᠳ ᠭᠠᠷᠴᠤ ᠢᠷᠡᠨ ᠳᠠᠭᠤᠯᠠᠨ᠎ᠠ)
(ᠾᠤᠷ) ᠬᠠᠳᠠᠮ ᠳ᠋ᠤ᠌ ᠣᠴᠢᠳᠠᠭ ᠨᠠᠰᠤ ᠰᠢᠦ
ᠬᠠᠢᠯᠠᠵᠤ ᠤᠬᠢᠯᠠᠭᠠᠳ ᠶᠠᠭᠠᠬᠢᠬᠤ ᠪᠣᠢ᠃
ᠬᠠᠭᠠᠨ ᠬᠥᠮᠦᠨ ᠦ᠌ ᠦᠷ᠎ᠡ ᠰᠢᠦ ᠳᠡ
ᠬᠠᠲᠤᠨ ᠪᠣᠯᠳᠠᠭ ᠨᠢ ᠲᠠ ᠰᠢᠦ᠃
ᠰᠠᠢᠨ ᠬᠥᠮᠦᠨ ᠦ᠌ ᠦᠷ᠎ᠡ ᠰᠢᠦ ᠳᠡ
ᠰᠠᠢᠬᠠᠨ ᠲᠥᠷᠥᠭᠰᠡᠨ ᠡᠷ᠎ᠡ ᠰᠢᠦ ᠳᠡ᠃
ᠰᠠᠨᠠᠭ᠎ᠠ ᠰᠡᠳᠬᠢᠯ ᠬᠣᠶᠠᠷ ᠨᠢ
ᠭᠠᠭᠴᠠ ᠬᠦ ᠴᠢᠮ᠎ᠠ ᠳᠡᠭᠡᠷ᠎ᠡ ᠪᠣᠯᠤᠭᠰᠠᠨ ᠶᠤᠮ ᠰᠢᠦ᠃
ᠵᠥᠪ ᠬᠠᠷᠠᠵᠤ ᠢᠨᠢᠶᠡᠭᠡᠷᠡᠢ
ᠪᠤᠷᠤᠭᠤ ᠬᠠᠷᠠᠵᠤ ᠤᠬᠢᠯᠠᠭᠠᠷᠠᠢ᠃
ᠡᠷ᠎ᠡ ᠳ᠋ᠦ᠍ ᠣᠴᠢᠨ᠎ᠠ ᠭᠡᠳᠡᠭ ᠴᠢᠨᠢ
ᠡᠨᠡ ᠨᠠᠰᠤᠨ ᠤ᠋ ᠵᠢᠷᠭᠠᠯ ᠰᠢᠦ᠃
ᠤᠭᠰᠠᠭᠠᠲᠤ ᠬᠥᠮᠦᠨ ᠦ᠌ ᠦᠷ᠎ᠡ ᠰᠢᠦ
ᠤᠷᠢᠳᠤ ᠡᠴᠡ ᠴᠢᠮᠠᠶ᠋ᠢ ᠬᠦᠰᠡᠭᠰᠡᠨ ᠶᠤᠮ᠃
ᠤᠴᠠᠷᠠᠭᠰᠠᠨ ᠨᠥᠬᠥᠷ ᠢ᠋ᠶ᠋ᠡᠨ ᠭᠡᠪᠡᠯ
ᠤᠬᠠᠭᠠᠨ ᠰᠠᠨᠠᠭᠠᠨ ᠳ᠋ᠠᠭᠠᠨ ᠪᠣᠳᠣᠭᠠᠷᠠᠢ᠃
(ᠬᠠᠲᠤᠳ ᠤ᠋ᠳ ᠨᠠᠩᠰᠠᠯᠮ᠎ᠠ ᠶ᠋ᠢ ᠬᠠᠭᠠᠯᠭ᠎ᠠ ᠪᠠᠷ ᠣᠷᠣᠭᠤᠯᠵᠤ᠂ ᠳᠠᠷᠠᠭ᠎ᠠ ᠪᠠᠷ ᠨᠢ ᠥᠪᠡᠷᠰᠡᠳ ᠢ᠋ᠶ᠋ᠡᠨ ᠴᠤᠪᠤᠷᠠᠨ ᠣᠷᠣᠯ᠎ᠠ᠃ ᠭᠡᠲᠡᠯ᠎ᠡ ᠶᠦᠨᠳᠡᠩ ᠬᠡᠷᠡᠮ ᠦ᠋ᠨ ᠬᠠᠭᠠᠯᠭᠠᠨ ᠳᠡᠭᠡᠭᠦᠷ ᠳᠠᠪᠠᠵᠤ ᠮᠠᠨᠠᠭᠠᠴᠢ ᠨᠠᠷ ᠤ᠋ᠨ ᠤᠨᠲᠠᠭᠰᠠᠨ ᠢ᠋ ᠮᠡᠳᠡᠵᠦ ᠬᠠᠷᠠᠭᠠᠳ ᠪᠠᠭᠤᠵᠤ ᠢᠷᠡᠨ᠎ᠡ)
ᠶᠦᠨᠳᠡᠩ᠄
ᠠᠶᠠᠨ ᠡᠴᠡ ᠪᠤᠴᠠᠭᠠᠳ ᠢᠷᠡᠬᠦ ᠳ᠋ᠦ᠍
ᠠᠮᠠᠷᠠᠭ ᠬᠦᠦ ᠮᠢᠨᠢ ᠦᠭᠡᠢ᠃
ᠠᠬ᠎ᠠ ᠳᠡᠭᠦᠦ ᠡᠴᠡ ᠨᠢ ᠰᠣᠨᠣᠰᠪᠠᠯ
ᠠᠮᠠᠷᠠᠭ ᠤ᠋ᠨ ᠰᠡᠳᠬᠢᠯ ᠬᠤᠪᠢᠷᠠᠭᠰᠠᠨ ᠭᠡᠨ᠎ᠡ᠃
ᠦᠨᠡᠨ ᠰᠡᠳᠬᠢᠯ ᠬᠤᠪᠢᠷᠠᠭᠰᠠᠨ ᠪᠣᠯ
ᠦᠭᠡ ᠶ᠋ᠢ ᠨᠢ ᠠᠰᠠᠭᠤᠭᠠᠳ ᠮᠡᠳᠡᠬᠦ ᠶᠤᠮᠰᠠᠨ᠃
ᠬᠥᠮᠦᠨ ᠳ᠋ᠦ᠍ ᠬᠡᠷᠪᠡ ᠳᠠᠷᠤᠯᠠᠭᠳᠠᠭᠰᠠᠨ ᠪᠣᠯ
ᠬᠦᠴᠦ ᠴᠢᠳᠠᠯ ᠢ᠋ᠶ᠋ᠠᠷ ᠲᠡᠮᠡᠴᠡᠬᠦ ᠶᠤᠮᠰᠠᠨ᠃
ᠠᠯᠠᠭ ᠨᠢᠳᠦᠨ ᠦ᠌ ᠨᠢᠯᠪᠤᠰᠤ ᠶ᠋ᠢ
ᠠᠷᠴᠢᠨ ᠪᠠᠢᠵᠤ ᠰᠠᠯᠤᠭᠰᠠᠨ ᠶᠤᠮᠰᠠᠨ᠃
ᠠᠭᠠᠰᠢ ᠵᠠᠩ ᠨᠢ ᠬᠤᠪᠢᠷᠠᠭᠰᠠᠨ ᠪᠣᠯ
ᠠᠯᠢᠪᠠ ᠤᠴᠢᠷ ᠢ᠋ ᠮᠡᠳᠡᠬᠦ ᠶᠤᠮᠰᠠᠨ᠃
ᠬᠣᠯᠠ ᠭᠠᠵᠠᠷ ᠶᠠᠪᠤᠬᠤ ᠳ᠋ᠤ᠌
ᠬᠦᠢᠲᠡᠨ ᠬᠠᠯᠠᠭᠤᠨ ᠳ᠋ᠤ᠌ ᠵᠦᠳᠡᠷᠡᠭᠰᠡᠨ ᠶᠤᠮᠰᠠᠨ᠃
ᠬᠤᠷᠢᠮ ᠨᠠᠢᠷ ᠢ᠋ ᠬᠢᠭᠡᠳ
ᠬᠦᠦ ᠲᠡᠢ ᠪᠡᠨ ᠵᠢᠷᠭᠠᠬᠤ ᠶ᠋ᠢ ᠪᠣᠳᠣᠭᠰᠠᠨ ᠶᠤᠮ᠃
ᠬᠣᠣᠰ ᠦᠭᠡᠢ ᠬᠣᠶᠠᠷ ᠠᠮᠠᠷᠠᠭ
ᠬᠣᠯᠠᠳᠴᠤ ᠰᠠᠯᠬᠤ ᠶ᠋ᠢᠨ ᠤᠴᠢᠷ ᠦᠭᠡᠢ᠂
ᠬᠤᠪᠢ ᠵᠠᠶᠠᠭ᠎ᠠ ᠮᠢᠨᠢ ᠳᠤᠲᠠᠭᠤ ᠳ᠋ᠤ᠌
ᠡᠢᠮᠦ ᠬᠡᠷᠡᠭ ᠪᠣᠯᠤᠯ᠎ᠠ ᠳᠠ᠃(ᠭᠡᠲᠡᠯ᠎ᠡ ᠪᠠᠢᠰᠢᠩ ᠤ᠋ᠨ ᠳᠠᠪᠬᠤᠷ ᠤ᠋ᠨ ᠬᠠᠭᠠᠯᠭᠠᠨ ᠤ᠋ ᠳᠡᠷᠭᠡᠳᠡ ᠨᠠᠩᠰᠠᠯᠮ᠎ᠠ ᠢᠯᠡ ᠭᠠᠷᠴᠤ ᠳᠠᠭᠤᠯᠠᠨ᠎ᠠ)
ᠨᠠᠩᠰᠠᠯᠮ᠎ᠠ᠄
ᠪᠠᠯᠠᠮᠠᠳ ᠨᠣᠶᠠᠨ ᠪᠠᠯᠭᠠᠨ ᠳ᠋ᠤ᠌
ᠪᠠᠷᠢᠭᠳᠠᠭᠠᠳ ᠪᠠᠢᠨ᠎ᠠ ᠪᠢ ᠴᠢᠨᠢ᠂
ᠲᠣᠣᠷ ᠲᠤ᠌ ᠣᠷᠣᠭᠰᠠᠨ ᠪᠣᠯᠵᠣᠮᠣᠷ ᠰᠢᠭ᠋
ᠣᠳᠣ ᠪᠢ ᠶᠠᠭᠠᠬᠢᠬᠤ ᠪᠢᠯᠡ?
ᠬᠣᠶᠠᠷ ᠰᠠᠷ᠎ᠠ ᠪᠣᠯᠤᠯ᠎ᠠ ᠳᠠ
ᠬᠣᠩᠭᠣᠷ ᠬᠦᠦ ᠮᠢᠨᠢ ᠶᠠᠭᠠᠬᠢᠪᠠ ᠳᠠ?
ᠬᠥᠮᠦᠨ ᠦ᠌ ᠭᠠᠷ ᠲᠤ᠌ ᠣᠷᠣᠯ᠎ᠠ ᠰᠢᠦ
ᠬᠤᠷᠳᠤᠨ ᠢᠷᠡᠵᠦ ᠠᠪᠤᠭᠠᠰᠠᠢ᠃
ᠶᠦᠨᠳᠡᠩ (ᠠᠩᠬᠠᠷᠤᠨ ᠣᠢᠷᠠᠲᠤᠵᠤ)᠄
ᠠᠯᠠᠭ᠎ᠠ ᠪᠣᠯᠤᠭᠠᠳ ᠣᠯᠳᠠᠬᠤ ᠦᠭᠡᠢ ᠳ᠋ᠦ᠍ ᠴᠢᠨᠢ
ᠠᠷᠭ᠎ᠠ ᠲᠠᠰᠤᠷᠠᠵᠤ ᠶᠠᠪᠤᠯ᠎ᠠ ᠪᠢ᠃
ᠠᠮᠠᠷᠠᠭ ᠬᠦᠦ ᠮᠢᠨᠢ ᠮᠥᠨ ᠪᠣᠯ
ᠠᠯᠢᠪᠠ ᠤᠴᠢᠷ ᠢ᠋ᠶ᠋ᠠᠨ ᠬᠡᠯᠡᠨ᠎ᠡ ᠤᠤ?
ᠬᠠᠷᠢ ᠶ᠋ᠢᠨ ᠡᠲᠡᠭᠡᠳ ᠵᠣᠪᠠᠭᠠᠭᠰᠠᠨ ᠪᠣᠯ
ᠬᠠᠮᠠᠭᠠᠯᠠᠵᠤ ᠠᠪᠤᠷᠠᠵᠤ ᠴᠢᠳᠠᠨ᠎ᠠ ᠪᠢ᠃
ᠬᠠᠢᠷᠠᠲᠠᠢ ᠰᠡᠳᠬᠢᠯ ᠴᠢᠨᠢ ᠬᠡᠪ ᠢ᠋ᠶ᠋ᠡᠷ ᠢ᠋ᠶ᠋ᠡᠨ ᠪᠣᠯ
ᠬᠠᠳᠠ ᠴᠢᠯᠠᠭᠤ ᠶ᠋ᠢ ᠴᠦ᠍ ᠬᠠᠭᠠᠯᠤᠨ᠎ᠠ᠃
ᠨᠠᠩᠰᠠᠯᠮ᠎ᠠ᠄
ᠡᠷᠭᠢᠵᠦ ᠢᠷᠡᠬᠦ ᠦᠭᠡᠢ ᠪᠣᠯᠬᠣᠷ ᠴᠢᠨᠢ
ᠡᠯᠳᠡᠪ ᠦ᠋ᠨ ᠶᠠᠭᠤᠮ᠎ᠠ ᠶ᠋ᠢ ᠪᠣᠳᠣᠯ᠎ᠠ᠃
ᠡᠨᠡᠯᠵᠦ ᠰᠢᠨᠠᠯᠵᠤ ᠬᠠᠪᠴᠢᠭᠳᠠᠭᠰᠠᠭᠠᠷ
ᠠᠳᠠ ᠪᠠᠷᠢᠭᠳᠠᠭᠠᠳ ᠪᠠᠢᠨ᠎ᠠ᠃
ᠴᠢᠨᠣ᠎ᠠ ᠶ᠋ᠢᠨ ᠠᠮᠠᠨ ᠡᠴᠡ ᠭᠠᠷᠬᠤ ᠶ᠋ᠢ
ᠴᠢ ᠮᠢᠨᠢ ᠮᠡᠳᠡᠬᠦ ᠬᠡᠷᠡᠭᠲᠡᠢ ᠰᠢᠦ᠃
ᠬᠦᠰᠡᠯᠲᠦ ᠰᠡᠳᠬᠢᠯ ᠴᠢᠮ᠎ᠠ ᠳᠡᠭᠡᠷ᠎ᠡ
ᠬᠦᠢᠲᠡᠨ ᠬᠠᠯᠠᠭᠤᠨ ᠢ᠋ ᠴᠦ᠍ ᠳᠠᠭᠠᠭᠠᠨ᠎ᠠ᠃
ᠶᠦᠨᠳᠡᠩ᠄
ᠬᠣᠶᠠᠷ ᠪᠡᠶ᠎ᠡ ᠮᠢᠨᠢ ᠤᠴᠠᠷᠠᠯ᠎ᠠ
ᠬᠣᠢᠰᠢᠳᠠ ᠶ᠋ᠢᠨ ᠵᠣᠪᠠᠯᠠᠩ ᠭᠠᠢᠭᠤᠢ ᠪᠢᠵᠡ᠃
ᠡᠨᠡ ᠤᠴᠠᠷᠠᠭᠰᠠᠨ ᠰᠠᠭᠠᠳ ᠢ᠋
ᠡᠷ᠎ᠡ ᠴᠢᠳᠠᠯ ᠢ᠋ᠶ᠋ᠠᠷ ᠳᠠᠪᠠᠶ᠎ᠠ᠃
ᠠᠮᠠᠷᠠᠭ ᠰᠡᠳᠬᠢᠯ ᠪᠠᠢᠪᠠᠯ
ᠠᠭᠤᠰᠬᠢ ᠵᠢᠷᠦᠬᠡ ᠨᠢᠭᠡ ᠰᠢᠦ ᠳᠡ᠃
ᠠᠭᠤᠵᠢᠮ ᠲᠠᠢᠪᠤᠩ ᠪᠠᠢᠭᠠᠳ
ᠤᠷᠤᠭ ᠤ᠋ᠨ ᠬᠡᠷᠡᠭ ᠢ᠋ ᠭᠦᠢᠴᠡᠳᠬᠡᠶ᠎ᠡ᠃
(ᠶᠦᠨᠳᠡᠩ ᠨᠠᠩᠰᠠᠯᠮ᠎ᠠ ᠬᠣᠶᠠᠭᠤᠯᠠ ᠪᠠᠨ ᠳᠠᠭᠤᠯᠠᠬᠤ ᠨᠢ)
(ᠳ᠋ᠦᠨ᠋ᠧᠲ) ᠨᠡᠢᠯᠡᠭᠰᠡᠨ ᠬᠣᠶᠠᠷ ᠰᠡᠳᠬᠢᠯ
ᠮᠢᠩᠭᠠᠨ ᠯᠠᠩ ᠤ᠋ᠨ ᠠᠯᠲᠠ ᠰᠢᠭ᠋
ᠵᠠᠢ ᠦᠭᠡᠢ ᠬᠠᠲᠠᠭᠤ ᠨᠢᠭᠲᠠ ᠳ᠋ᠤ᠌
ᠵᠡᠭᠦᠦ ᠶ᠋ᠢᠨ ᠦᠵᠦᠭᠦᠷ ᠣᠷᠣᠬᠤ ᠦᠭᠡᠢ᠃
ᠠᠯᠲᠠᠨ ᠨᠠᠷᠠᠨ ᠮᠠᠨᠳᠤᠬᠤ ᠳ᠋ᠤ᠌
ᠠᠭᠠᠷ ᠲᠡᠭᠷᠢ ᠶ᠋ᠢᠨ ᠳ᠋ᠧᠩᠯᠦ᠃
ᠠᠮᠠᠷᠠᠭ ᠬᠣᠩᠭᠣᠷ ᠬᠦᠦ ᠮᠢᠨᠢ
ᠶᠣᠰᠣ ᠲᠠᠢ ᠮᠢᠨᠦ ᠳ᠋ᠧᠩᠯᠦ᠃
ᠶᠦᠨᠳᠡᠩ᠄
ᠦᠢᠮᠡᠬᠦ ᠬᠤᠷᠢᠮ ᠤ᠋ᠨ ᠵᠠᠪᠰᠠᠷ
ᠦᠳᠡᠰᠢ ᠪᠦᠷᠦᠩᠬᠦᠢ ᠶ᠋ᠢᠨ ᠦᠶ᠎ᠡ
ᠦᠶ᠎ᠡ ᠶ᠋ᠢᠨ ᠬᠡᠳᠦᠨ ᠨᠥᠬᠥᠳ ᠲᠡᠢ
ᠦᠨᠡᠨᠴᠢ ᠬᠦᠦ ᠴᠢᠨᠢ ᠢᠷᠡᠨ᠎ᠡ᠃
(ᠶᠦᠨᠳᠡᠩ ᠭᠠᠷᠴᠤ ᠶᠠᠪᠤᠨ᠎ᠠ᠃ ᠲᠠᠯ᠎ᠠ ᠲᠠᠯ᠎ᠠ ᠡᠴᠡ ᠬᠥᠮᠦᠰ ᠴᠤᠭᠯᠠᠷᠠᠬᠤ ᠪᠠ ᠬᠤᠷᠯᠤᠮ᠎ᠠ ᠪᠠᠯᠭᠠᠨ ᠢ᠋ ᠪᠢᠯᠳᠠᠤᠴᠢᠯᠠᠨ ᠳᠠᠭᠤᠯᠠᠨ᠎ᠠ)
ᠬᠤᠷᠯᠤᠮ᠎ᠠ᠄
ᠬᠠᠭᠠᠨ ᠢᠵᠠᠭᠤᠷᠲᠤ ᠨᠣᠶᠠᠨ ᠲᠠ
ᠬᠠᠮᠤᠭ ᠣᠯᠠᠨ ᠢ᠋ ᠴᠤᠭᠯᠠᠭᠠᠭᠠᠳ
ᠬᠠᠢᠷ᠎ᠠ ᠥᠷᠥᠰᠢᠶᠡᠯᠲᠦ ᠬᠤᠷᠢᠮ ᠢ᠋ᠶ᠋ᠠᠨ
ᠬᠠᠨᠲᠠᠯ᠎ᠠ ᠪᠠᠨ ᠬᠢᠬᠦ ᠪᠡᠷ ᠪᠡᠯᠡᠳᠬᠡᠵᠡᠢ᠃
ᠭᠡᠲᠡᠯ᠎ᠡ ᠲᠠᠨ ᠤ᠋ ᠬᠠᠲᠤᠨ ᠴᠢᠨᠢ
ᠭᠡᠨᠡᠳᠲᠡ ᠤᠷᠭᠤᠬᠤ ᠪᠠᠷ ᠰᠢᠢᠳᠦᠯ᠎ᠡ᠃
ᠰᠠᠢᠬᠠᠨ ᠪᠢ ᠢᠷᠡᠭᠡᠳ
ᠰᠠᠢᠬᠠᠨ ᠮᠡᠳᠡᠭᠡᠳ ᠠᠪᠤᠯ᠎ᠠ ᠳᠠ᠃
ᠶᠦᠨᠳᠡᠩ ᠭᠡᠳᠡᠭ ᠬᠥᠮᠦᠨ
ᠨᠥᠬᠥᠳ ᠦ᠋ᠨ ᠬᠠᠮᠲᠤ ᠪᠠᠷ ᠢᠷᠡᠭᠡᠳ
ᠦᠳᠡᠰᠢ ᠲᠡᠭᠦᠨ ᠢ᠋ ᠤᠷᠭᠤᠭᠤᠯᠬᠤ ᠪᠠᠷ
ᠴᠣᠩᠬᠣ ᠪᠠᠷ ᠬᠡᠯᠡᠯᠴᠡᠭᠡᠳ ᠲᠣᠭᠲᠠᠯ᠎ᠠ᠃
(ᠬᠤᠷᠯᠤᠮ᠎ᠠ ᠶᠠᠪᠤᠵᠤ ᠣᠳᠤᠨ᠎ᠠ᠃ ᠪᠠᠯᠭᠠᠨ ᠳᠠᠭᠠᠭᠤᠯ ᠤ᠋ᠳ ᠢ᠋ᠶ᠋ᠠᠨ ᠠᠪᠴᠢᠷᠠᠵᠤ ᠪᠤᠯᠤᠩ ᠲᠣᠬᠣᠢ ᠨᠤᠭᠤᠳ  ᠲᠤ᠌ ᠨᠢᠭᠤᠵᠤ ᠬᠡᠪᠲᠡᠭᠦᠯᠦᠨ᠎ᠡ᠃ ᠶᠦᠨᠳᠡᠩ ᠨᠥᠬᠥᠳ ᠦ᠋ᠨ ᠢ᠋ᠶ᠋ᠡᠨ ᠬᠠᠮᠲᠤ ᠢᠷᠡᠵᠦ ᠨᠠᠩᠰᠠᠯᠮ᠎ᠠ ᠶ᠋ᠢ ᠤᠷᠭᠤᠭᠤᠯᠬᠤ ᠪᠠᠷ ᠵᠠᠪᠳᠤᠲᠠᠯ᠎ᠠ ᠪᠠᠯᠭᠠᠨ ᠪᠠ ᠵᠠᠷᠤᠴᠠ ᠨᠠᠷ ᠨᠢ ᠵᠦᠭ ᠪᠦᠬᠦᠨ ᠡᠴᠡ ᠪᠣᠰᠴᠤ ᠢᠷᠡᠨ᠎ᠡ)
ᠪᠠᠯᠭᠠᠨ᠄
ᠬᠠᠭᠠᠨ ᠲᠥᠷᠥ ᠳ᠋ᠦ᠍ ᠲᠡᠷᠰᠯᠡᠭᠰᠡᠨ
ᠬᠠᠷᠠᠴᠤ ᠪᠣᠭᠣᠯ ᠢ᠋ ᠪᠠᠷᠢᠭᠠᠳ ᠠᠪ᠃
ᠬᠠᠷᠠᠩᠭᠤᠢ ᠭᠢᠨᠳᠠᠨ ᠳ᠋ᠤ᠌ ᠲᠦᠭᠵᠢᠭᠡᠳ
ᠬᠠᠲᠠᠲᠠᠯ᠎ᠠ ᠨᠢ ᠬᠣᠷᠢᠵᠤ ᠰᠢᠢᠳᠬᠡ ᠬᠦ᠃
(ᠵᠠᠷᠤᠴᠠ ᠨᠠᠷ ᠶᠦᠨᠳᠡᠩ ᠲᠡᠢ ᠨᠣᠴᠣᠯᠳᠤᠵᠤ ᠶᠦᠨᠳᠡᠩ ᠢ᠋ ᠱᠣᠷᠣᠩ ᠳ᠋ᠤ᠌ ᠬᠢᠨ᠎ᠡ᠃ ᠨᠠᠩᠰᠠᠯᠮ᠎ᠠ ᠲᠡᠭᠦᠨ ᠢ᠋ ᠬᠠᠷᠠᠵᠤ ᠤᠬᠠᠭᠠᠨ ᠪᠠᠯᠠᠷᠲᠤᠨ ᠳᠠᠯᠳᠠ ᠣᠷᠣᠨ᠎ᠠ᠃ ᠪᠠᠯᠭᠠᠨ ᠵᠠᠷᠤᠴᠠ ᠨᠠᠷ ᠤ᠋ᠨ ᠬᠠᠮᠲᠤ ᠶᠠᠪᠤᠨ᠎ᠠ᠃ ᠬᠣᠶᠠᠷ ᠵᠠᠷᠤᠴᠠ ᠦᠯᠡᠳᠡᠵᠦ ᠠᠢᠷᠠᠭ ᠠᠷᠢᠬᠢ ᠶ᠋ᠢ ᠰᠣᠭᠲᠣᠲᠠᠯ᠎ᠠ ᠪᠠᠨ ᠤᠤᠭᠤᠨ᠎ᠠ᠃ ᠭᠡᠲᠡᠯ᠎ᠡ ᠬᠤᠷᠯᠤᠮ᠎ᠠ ᠪᠠᠢᠰᠢᠩ ᠤ᠋ᠨ ᠬᠠᠭᠠᠯᠭ᠎ᠠ ᠪᠠᠷ ᠰᠣᠭᠲᠣᠭᠤ ᠭᠠᠷᠴᠤ ᠢᠷᠡᠭᠡᠳ ᠡᠪᠦᠭᠡᠨ ᠦ᠌ ᠠᠢᠷᠠᠭ ᠢ᠋ ᠠᠪᠴᠤ ᠤᠤᠭᠤᠬᠤ ᠶ᠋ᠢᠨ ᠢ᠋ᠶ᠋ᠡᠨ ᠵᠡᠷᠭᠡᠴᠡᠭᠡ ᠪᠡᠷ ᠠᠢᠷᠠᠭ ᠲᠤ᠌ ᠬᠣᠣᠷ᠎ᠠ ᠬᠢᠨ᠎ᠡ᠃ ᠲᠡᠭᠦᠨ ᠢ᠋ ᠵᠠᠷᠤᠴᠠ ᠡᠪᠦᠭᠡᠨ ᠮᠡᠳᠡᠭᠰᠡᠨ ᠦᠭᠡᠢ ᠤᠤᠭᠤᠵᠤ ᠬᠤᠷᠯᠤᠮ᠎ᠠ ᠶᠠᠪᠤᠵᠤ ᠳᠠᠯᠳᠠ ᠣᠷᠣᠨ᠎ᠠ᠃ ᠵᠠᠷᠤᠴᠠ ᠡᠪᠦᠭᠡᠨ ᠦᠬᠦᠭᠰᠡᠨ ᠦ᠌ ᠳᠠᠷᠠᠭ᠎ᠠ ᠬᠤᠷᠯᠤᠮ᠎ᠠ ᠢᠷᠡᠵᠦ ᠡᠪᠦᠷ ᠡᠴᠡ ᠨᠢ ᠱᠣᠷᠣᠩ ᠤ᠋ᠨ ᠲᠦᠯᠬᠢᠭᠦᠷ ᠢ᠋ ᠠᠪᠴᠤ ᠶᠦᠨᠳᠡᠩ ᠪᠠ ᠪᠤᠰᠤᠳ ᠬᠥᠮᠦᠰ ᠢ᠋ ᠰᠤᠯᠠᠯᠠᠨᠭᠠᠷᠭᠠᠨ᠎ᠠ᠃ ᠶᠦᠨᠳᠡᠩ ᠡᠪᠦᠭᠡᠨ ᠢ᠋ ᠵᠠᠢᠯᠠᠭᠤᠯᠬᠤ ᠵᠠᠪᠰᠠᠷ᠂ ᠬᠤᠷᠯᠤᠮ᠎ᠠ ᠶᠦᠨᠳᠡᠩ ᠢ᠋ ᠪᠠᠷᠢᠵᠤ ᠳᠠᠭᠤᠯᠠᠨ᠎ᠠ)
ᠬᠤᠷᠯᠤᠮ᠎ᠠ᠄
ᠬᠠᠰ ᠤ᠋ᠨ ᠴᠢᠯᠠᠭᠤ ᠶ᠋ᠢ ᠬᠠᠭᠠᠯᠪᠠᠯ
ᠬᠠᠮᠤᠭ ᠦᠨ᠎ᠡ ᠪᠡᠨ ᠠᠯᠳᠠᠳᠠᠭ ᠶᠤᠮ᠃
ᠬᠠᠢᠷᠠᠯᠠᠭᠰᠠᠨ ᠬᠥᠮᠦᠨ ᠢ᠋ ᠢᠲᠡᠭᠡᠬᠦ ᠦᠭᠡᠢ ᠪᠣᠯ
ᠬᠠᠷ᠎ᠠ ᠲᠣᠯᠣᠭᠠᠢ ᠴᠢᠨᠢ ᠬᠠᠭᠠᠷᠠᠳᠠᠭ ᠶᠤᠮ᠃
ᠡᠨᠡᠷᠢᠵᠦ ᠬᠠᠢᠷᠠᠯᠠᠭᠰᠠᠨ ᠰᠡᠳᠬᠢᠯ ᠡᠴᠡ ᠪᠡᠨ
ᠡᠷᠭᠢᠵᠦ ᠴᠢᠮ᠎ᠠ ᠳᠡᠭᠡᠷ᠎ᠡ ᠢᠷᠡᠭᠰᠡᠨ ᠶᠤᠮ᠃
ᠨᠠᠩᠰᠠᠯᠮ᠎ᠠ ᠶ᠋ᠢ ᠠᠪᠬᠤ ᠴᠢᠨᠢ ᠥᠩᠭᠡᠷᠡᠭᠰᠡᠨ ᠰᠢᠦ
ᠨᠠᠳᠠ ᠲᠠᠢ ᠰᠠᠭᠤᠪᠠᠯ ᠳᠡᠭᠡᠷ᠎ᠡ ᠦᠭᠡᠢ ᠤᠤ᠃
ᠶᠦᠨᠳᠡᠩ᠄
ᠠᠯᠲᠠᠨ ᠨᠠᠷᠠᠨ ᠤ᠋ ᠭᠡᠷᠡᠯ
ᠠᠷᠪᠠᠨ ᠵᠦᠭ ᠲᠦ᠍ ᠰᠠᠴᠤᠷᠠᠨ᠎ᠠ᠃
ᠠᠭᠤᠤ ᠰᠠᠢᠬᠠᠨ ᠲᠤᠶᠠᠭᠠᠨ ᠳ᠋ᠤᠨᠢ
ᠠᠮᠠᠷᠠᠭ ᠬᠦᠦ ᠮᠢᠨᠢ ᠦᠵᠡᠭᠳᠡᠬᠦ ᠦᠭᠡᠢ᠃
ᠠᠯᠤᠰ ᠡᠴᠡ ᠬᠠᠷᠠᠭᠤᠯᠳᠠᠬᠤ ᠦᠭᠡᠢ ᠳ᠋ᠦ᠍ ᠠᠭᠤᠵᠢᠮᠬᠠᠨ᠂
ᠠᠮᠢᠰᠬᠤᠯ ᠤ᠋ᠨ ᠳᠣᠲᠣᠷ᠎ᠠ ᠴᠢᠬᠤᠯ᠂
ᠠᠮᠢᠳᠤ ᠮᠡᠨᠳᠦ ᠶᠠᠪᠤᠪᠠᠯ
ᠤᠴᠠᠷᠠᠬᠤ ᠶ᠋ᠢᠨ ᠢᠷᠦᠭᠡᠯ ᠪᠣᠢ ᠪᠣᠯᠪᠠ ᠤᠤ᠃
ᠬᠤᠷᠯᠤᠮ᠎ᠠ᠄
ᠡᠭᠦᠯᠡ ᠪᠡᠷ ᠨᠢᠰᠴᠦ ᠡᠷᠢᠪᠡᠴᠦ
ᠠᠮᠠᠷᠠᠭ ᠴᠢᠮ᠎ᠠ ᠳ᠋ᠠᠭᠠᠨ ᠣᠯᠳᠠᠬᠤ ᠦᠭᠡᠢ᠂
ᠡᠳᠦᠷ ᠰᠥᠨᠢ ᠦᠭᠡᠢ ᠬᠦᠯᠢᠶᠡᠪᠡᠴᠦ
ᠰᠡᠳᠬᠢᠯ ᠰᠠᠨᠠᠭᠠᠨ ᠳ᠋ᠤ᠌ ᠴᠢᠨᠢ ᠭᠠᠷᠤᠵᠠ ᠰᠢᠦ᠃
ᠶᠦᠨᠳᠡᠩ᠄
ᠠᠯᠤᠰ ᠡᠴᠡ ᠬᠠᠷᠠᠭᠤᠯᠳᠠᠬᠤ ᠶ᠋ᠢ ᠮᠢᠨᠢ ᠬᠣᠷᠢᠨ᠎ᠠ ᠪᠢᠵᠡ
ᠠᠮᠠᠷᠠᠭ ᠰᠡᠳᠬᠢᠯ ᠢ᠋ ᠮᠢᠨᠢ ᠬᠣᠷᠢᠬᠤ ᠦᠭᠡᠢ᠃
ᠡᠷᠭᠢᠭᠦᠯᠵᠦ ᠰᠠᠭᠠᠲᠠᠭᠤᠯᠵᠤ ᠴᠢᠳᠠᠪᠠᠴᠤ
ᠡᠭᠦᠷᠢᠳᠡ ᠬᠤᠪᠢᠷᠠᠭᠤᠯᠵᠤ ᠴᠢᠳᠠᠬᠤ ᠦᠭᠡᠢ᠃
ᠬᠤᠷᠯᠤᠮ᠎ᠠ᠄
ᠮᠡᠷᠭᠡᠨ ᠤᠬᠠᠭᠠᠨ ᠴᠢᠨᠢ ᠰᠠᠮᠠᠭᠤᠷᠠᠭᠰᠠᠨ ᠪᠢᠵᠡ
ᠮᠠᠲᠠᠯ ᠰᠠᠨᠠᠭ᠎ᠠ ᠴᠢᠨᠢ ᠲᠥᠭᠡᠷᠢᠭᠰᠡᠨ ᠪᠢᠵᠡ᠃
ᠦᠢᠯᠡ ᠵᠣᠪᠠᠯᠠᠩ ᠢ᠋ᠶ᠋ᠠᠨ ᠡᠳ᠋ᠯᠡᠭᠰᠡᠨ ᠰᠢᠦ
ᠦᠷᠦ ᠡᠪᠡᠳᠴᠦ ᠴᠢᠮ᠎ᠠ ᠪᠠᠨ ᠬᠠᠢᠷᠠᠯᠠᠭᠰᠠᠨ ᠶᠤᠮ᠃
ᠶᠦᠨᠳᠡᠩ᠄
ᠣᠯᠣᠰᠣ ᠳᠡᠭᠡᠰᠦ ᠪᠡᠷ ᠬᠣᠯᠪᠣᠭᠰᠠᠨ ᠢ᠋
ᠬᠢᠲᠤᠭ᠎ᠠ ᠬᠠᠢᠴᠢ ᠪᠠᠷ ᠲᠠᠰᠤᠯᠳᠠᠭ ᠶᠤᠮ᠃
ᠨᠡᠢᠯᠡᠭᠰᠡᠨ ᠬᠣᠶᠠᠷ ᠰᠡᠳᠬᠢᠯ ᠢ᠋
ᠢᠯᠳᠦ ᠵᠢᠳᠠ ᠪᠠᠷ ᠰᠠᠯᠭᠠᠬᠤ ᠦᠭᠡᠢ᠃
ᠬᠤᠷᠯᠤᠮ᠎ᠠ᠄
ᠬᠢᠲᠤᠭ᠎ᠠ ᠮᠡᠰᠡ ᠶ᠋ᠢ ᠭᠠᠷᠭᠠᠭᠰᠠᠨ ᠦᠭᠡᠢ
ᠬᠠᠷ᠎ᠠ ᠰᠠᠨᠠᠭ᠎ᠠ ᠶ᠋ᠢ ᠠᠭᠤᠯᠤᠭᠰᠠᠨ ᠦᠭᠡᠢ᠃
ᠬᠠᠢᠷᠠᠯᠠᠵᠤ ᠡᠨᠡᠷᠢᠬᠦ ᠳ᠋ᠡᠭᠡᠨ ᠬᠡᠯᠡᠭᠰᠡᠨ ᠶᠤᠮ
ᠬᠠᠷᠠᠵᠤ ᠰᠠᠭᠤᠪᠠᠯ ᠳᠡᠭᠡᠷ᠎ᠡ ᠦᠭᠡᠢ ᠤᠤ᠃
ᠶᠦᠨᠳᠡᠩ (ᠠᠭᠤᠷ ᠲᠠᠢ ᠪᠠᠷ)᠄
ᠬᠠᠭᠠᠨ ᠬᠠᠭᠠᠨ ᠭᠡᠪᠡᠴᠦ
ᠬᠠᠷᠠᠴᠤ ᠶ᠋ᠢᠨ ᠬᠦᠴᠦ ᠪᠡᠷ ᠠᠮᠢᠳᠤᠷᠠᠨ᠎ᠠ᠃
ᠬᠠᠷᠠᠴᠤ ᠶ᠋ᠢ ᠶᠡᠬᠡ ᠪᠡᠷ ᠳᠠᠷᠤᠯᠠᠪᠠᠯ
ᠬᠠᠭᠠᠨ ᠤ᠋ ᠲᠣᠯᠣᠭᠠᠢ ᠬᠠᠭᠠᠷᠠᠨ᠎ᠠ᠃
ᠨᠣᠶᠠᠨ ᠨᠣᠶᠠᠨ ᠭᠡᠪᠡᠴᠦ
ᠨᠤᠲᠤᠭ ᠤ᠋ᠨ ᠠᠷᠠᠳ ᠢ᠋ ᠳᠤᠯᠳᠤᠢᠯᠠᠨ᠎ᠠ᠃
ᠨᠤᠲᠤᠭ ᠤ᠋ᠨ ᠠᠷᠠᠳ ᠢ᠋ ᠳᠠᠷᠤᠯᠠᠪᠠᠯ
ᠨᠣᠶᠠᠨ ᠤ᠋ ᠲᠣᠯᠣᠭᠠᠢ ᠬᠤᠪᠠᠬᠠᠢᠷᠠᠨ᠎ᠠ᠃
ᠢᠨᠠᠭ ᠬᠡᠦᠬᠡᠨ ᠢ᠋ ᠮᠢᠨᠢ ᠪᠤᠯᠢᠶᠠᠭᠰᠠᠨ
ᠶᠠᠯ᠎ᠠ ᠶ᠋ᠢ ᠴᠢᠮ᠎ᠠ ᠳ᠋ᠤ᠌ ᠲᠤᠯᠭᠠᠨ᠎ᠠ᠃
ᠥᠨᠥ ᠬᠡᠦᠬᠡᠨ ᠢ᠋ᠶ᠋ᠡᠨ ᠠᠯᠳᠠᠪᠠᠴᠤ
ᠮᠠᠷᠭᠠᠰᠢ ᠲᠣᠯᠣᠭᠠᠢ ᠶ᠋ᠢ ᠴᠢᠨᠢ ᠠᠪᠤᠨ᠎ᠠ᠃
(ᠮᠠᠨᠠᠭᠠᠴᠢ ᠨᠠᠷ ᠤ᠋ᠨ ᠣᠷᠣᠨ ᠳ᠋ᠤ᠌ ᠬᠡᠪᠲᠡᠵᠦ ᠪᠠᠢᠭᠰᠠᠨ ᠶᠦᠨᠳᠡᠩ ᠦ᠋ᠨ ᠨᠥᠬᠥᠳ ᠦ᠋ᠳ ᠪᠣᠰᠴᠤ ᠵᠣᠭᠰᠣᠨ᠎ᠠ᠃ᠬᠤᠷᠯᠤᠮ᠎ᠠ ᠪᠠᠯᠭᠠᠨ ᠤ᠋ ᠪᠠᠢᠰᠢᠩ ᠤ᠋ᠨ ᠵᠦᠭ 《 ᠪᠠᠯᠭᠠᠨ 》 ᠭᠡᠵᠦ ᠪᠠᠷᠬᠢᠷᠠᠨ᠎ᠠ᠃ ᠶᠦᠨᠳᠡᠩ ᠬᠤᠷᠯᠤᠮ᠎ᠠ ᠶ᠋ᠢᠨ ᠠᠮᠠ ᠶ᠋ᠢ ᠨᠢ ᠲᠠᠭᠯᠠᠨ᠎ᠠ) ᠬᠥᠰᠢᠭᠡ

ᠲᠠᠪᠤᠳᠤᠭᠠᠷ ᠦᠵᠡᠭᠳᠡᠯ

(ᠲᠠᠢᠰᠠᠨ ᠤ᠋ ᠪᠠᠢᠳᠠᠯ ᠨᠢ᠄ ᠨᠢᠭᠡᠳᠦᠭᠡᠷ ᠪᠦᠯᠦᠭ ᠦ᠋ᠨ ᠲᠠᠢᠰᠠᠨ ᠤ᠋ ᠪᠠᠢᠳᠠᠯ ᠬᠡᠪ ᠢ᠋ᠶ᠋ᠡᠷ ᠪᠠᠢᠨ᠎ᠠ᠃ᠶᠦᠨᠳᠡᠩ ᠡᠴᠡ ᠲᠡᠮᠡᠴᠡᠯ ᠳ᠋ᠡᠭᠡᠨ ᠠᠷᠠᠳ ᠢ᠋ ᠲᠡᠳᠡᠨ ᠠᠪᠴᠤ ᠪᠠᠯᠭᠠᠨ ᠲᠠᠢ ᠲᠡᠮᠡᠴᠡᠬᠦ ᠪᠡᠯᠡᠳᠬᠡᠯ ᠢ᠋ ᠬᠢᠵᠦ ᠵᠡᠪᠰᠡᠭ ᠢ᠋ᠶ᠋ᠡᠨ ᠬᠡᠷᠬᠢᠨ ᠬᠡᠷᠡᠭᠯᠡᠬᠦ ᠰᠤᠷᠭᠠᠭᠤᠯᠢᠯᠠᠯ ᠬᠢᠯᠭᠡᠵᠦ᠂ ᠡᠯᠳᠡᠪ ᠵᠦᠢᠯ ᠢ᠋ ᠰᠢᠯᠭᠠᠨ ᠦᠵᠡᠵᠡᠭᠡᠵᠦ ᠪᠠᠢᠨ᠎ᠠ᠂ᠡᠨᠡ ᠦᠶ᠎ᠡ ᠳ᠋ᠦ᠍ ᠬᠡᠳᠦᠨ ᠬᠥᠮᠦᠨ ᠰᠡᠯᠡᠮ᠎ᠡ ᠶ᠋ᠢ ᠶᠠᠭᠠᠬᠢᠵᠤ ᠠᠰᠢᠭᠯᠠᠬᠤ ᠲᠤᠬᠠᠢ ᠲᠠᠨᠼ ᠤ᠋ᠨ ᠮᠠᠶᠢᠭ᠋ ᠲᠠᠢ ᠰᠤᠷᠭᠠᠭᠤᠯᠢᠯᠠᠯ ᠬᠢᠵᠦ ᠪᠠᠢᠨ᠎ᠠ᠃) ᠶᠦᠨᠳᠡᠩ ᠦ᠋ᠨ ᠨᠥᠬᠥᠳ ᠦ᠋ᠨ ᠳᠠᠭᠤᠯᠠᠬᠤ ᠨᠢ᠄
(ᠾᠤᠷ) ᠬᠠᠷᠠᠴᠤ ᠪᠢᠳᠡᠨ ᠦ᠌ ᠬᠢᠯᠢᠩ
ᠬᠠᠯᠠᠭᠤᠨ ᠭᠠᠯ ᠰᠢᠭ᠋ ᠪᠠᠳᠠᠷᠠᠵᠤ ᠪᠠᠢᠨ᠎ᠠ᠃
ᠬᠠᠳᠠᠨ ᠲᠡᠮᠦᠷ ᠵᠡᠪᠰᠡᠭ ᠦ᠋ᠳ
ᠭᠠᠯ ᠤ᠋ᠨ ᠠᠳᠠᠯᠢ ᠤᠯᠠᠯᠵᠠᠵᠤ ᠪᠠᠢᠨ᠎ᠠ᠃
ᠬᠠᠭᠠᠨ ᠪᠠᠯᠭᠠᠨ ᠭᠡᠳᠡᠭ ᠴᠢᠨᠢ
ᠬᠠᠷᠭᠢᠰ ᠲᠥᠷᠥᠯ ᠦ᠋ᠨ ᠠᠮᠢᠲᠠᠨ᠃
ᠬᠠᠷᠢᠶᠠᠲᠤ ᠪᠢᠳᠡᠨ ᠢ᠋ ᠳᠠᠷᠤᠯᠠᠭᠰᠠᠭᠠᠷ
ᠬᠠᠷᠢᠭᠤ ᠦᠭᠡᠢ ᠬᠣᠭᠣᠰᠣᠨ ᠪᠣᠯᠭᠠᠯ᠎ᠠ᠃
ᠶᠦᠨᠳᠡᠩ (ᠭᠤᠨᠢᠭᠲᠠᠢ ᠪᠠᠷ)᠄
ᠠᠯᠲᠠᠨ ᠨᠠᠷᠠ ᠮᠠᠨᠳᠤᠵᠤ
ᠠᠭᠠᠷ ᠲᠡᠭᠷᠢ ᠶ᠋ᠢ ᠭᠡᠢᠭᠦᠯᠦᠭᠰᠡᠭᠡᠷ
ᠬᠠᠷᠢᠶᠠᠲᠤ ᠪᠢᠳᠡᠨ ᠦ᠌ ᠠᠷᠠᠳ ᠤ᠋ᠳ
ᠲᠡᠭᠦᠨ ᠦ᠌ ᠳᠣᠲᠣᠷ᠎ᠠ ᠵᠣᠪᠠᠭᠰᠠᠭᠠᠷ ᠠ᠋᠃
ᠬᠠᠷᠭᠢᠰ ᠬᠥᠮᠦᠨ ᠬᠠᠪᠴᠢᠪᠠᠴᠤ
ᠬᠠᠯᠠᠭᠤᠨ ᠰᠡᠳᠬᠢᠯ ᠬᠥᠷᠥᠬᠦ ᠦᠭᠡᠢ᠃
ᠬᠠᠯᠳᠠᠵᠤ ᠲᠦᠷᠢᠮᠡᠬᠡᠢᠯᠡᠬᠦ ᠨᠢ ᠪᠡᠷᠬᠡ ᠲᠡᠢ ᠴᠦ᠍
ᠬᠠᠢᠷᠠᠲᠤ ᠬᠦᠦ ᠮᠢᠨᠢ ᠬᠤᠪᠢᠷᠠᠬᠤ ᠦᠭᠡᠢ᠃
(ᠲᠠᠰᠢᠭᠤᠷ ᠪᠠᠷᠢᠭᠰᠠᠨ ᠨᠢᠭᠡᠨ ᠡᠪᠦᠭᠡᠨ ᠠᠮᠢᠰᠬᠤᠭᠠᠳᠠᠨ ᠭᠦᠶᠦᠵᠦ ᠢᠷᠡᠭᠡᠳ ᠳᠠᠭᠤᠯᠠᠬᠤ ᠨᠢ)
ᠬᠥᠭᠡᠷᠦᠬᠦᠢ ᠨᠢᠭᠡ ᠭᠥᠷᠥᠭᠡᠰᠦ ᠶ᠋ᠢ
ᠬᠥᠬᠡ ᠴᠢᠨᠣ᠎ᠠ ᠬᠥᠭᠡᠭᠡᠬᠦ ᠮᠡᠲᠦ
ᠬᠥᠭᠡᠷᠦᠬᠦᠢ ᠨᠢᠭᠡ ᠪᠦᠰᠡᠭᠦᠢ ᠶ᠋ᠢ
ᠣᠯᠠᠨ ᠬᠥᠮᠦᠨ ᠬᠥᠭᠡᠭᠡᠵᠦ ᠪᠠᠢᠨ᠎ᠠ᠃
ᠠᠶᠤᠭᠰᠠᠨ ᠭᠥᠷᠥᠭᠡᠰᠦ ᠰᠢᠭ ᠲᠡᠷᠡ
ᠠᠢᠰᠤᠢ ᠶᠠᠪᠤᠨ᠎ᠠ ᠨᠠᠰᠢ ᠪᠠᠨ᠃
ᠠᠮᠠᠷᠠᠭ ᠨᠥᠬᠥᠳ ᠮᠢᠨᠢ ᠲᠡᠭᠦᠨ ᠢ᠋
ᠠᠪᠤᠷᠠᠵᠤ ᠬᠠᠮᠠᠭᠠᠯᠠᠬᠤ ᠬᠡᠷᠡᠭᠲᠡᠢ᠃
ᠬᠣᠯᠠ ᠡᠴᠡ ᠪᠠᠷ᠎ᠠ ᠶ᠋ᠢ ᠬᠠᠷᠠᠬᠤ ᠳ᠋ᠤ᠌
ᠬᠣᠩᠭᠣᠷ ᠨᠠᠩᠰᠠᠯᠮ᠎ᠠ ᠮᠥᠨ ᠰᠢᠭ ᠪᠠᠢᠨ᠎ᠠ᠃
ᠬᠤᠷᠳᠤᠨ ᠮᠣᠷᠢᠨ ᠤ᠋ ᠭᠦᠶᠦᠬᠦ ᠪᠡᠷ
ᠬᠥᠭᠡᠷᠦᠬᠦᠢ ᠲᠡᠷᠡ ᠢᠷᠡᠯ᠎ᠡ᠃
ᠶᠦᠨᠳᠡᠩ (ᠰᠢᠢᠳᠪᠦᠷᠢ ᠲᠡᠢ)᠄
ᠪᠠᠭᠠᠵᠢ ᠵᠡᠪᠰᠡᠭ ᠢ᠋ᠶ᠋ᠡᠨ ᠪᠠᠷᠢᠭᠠᠳ
ᠪᠠᠢᠯᠳᠤᠨ ᠲᠤᠯᠤᠯᠳᠤᠬᠤ ᠳ᠋ᠤ᠌ ᠪᠡᠯᠡᠳᠬᠡᠶ᠎ᠡ᠃
ᠪᠠᠯᠠᠮᠠᠳ ᠳᠠᠢᠰᠤᠨ ᠢᠷᠡᠪᠡᠯ
ᠬᠠᠢᠷ᠎ᠠ ᠨᠠᠢᠷ ᠦᠭᠡᠢ ᠴᠤᠬᠢᠵᠠᠭᠠᠶ᠎ᠠ᠃
ᠪᠠᠯᠭᠠᠨ ᠬᠡᠷᠪᠡ ᠢᠷᠡᠪᠡᠯ
ᠪᠠᠭᠠᠲᠤᠷ ᠴᠢᠳᠠᠯ ᠢ᠋ᠶ᠋ᠠᠷ ᠤᠰᠠᠳᠬᠠᠶ᠎ᠠ᠃
ᠲᠡᠭᠦᠨ ᠦ᠌ ᠭᠠᠷ ᠡᠴᠡ ᠭᠠᠷᠴᠠᠭᠠᠵᠤ
ᠴᠢᠯᠥᠭᠡ ᠵᠢᠷᠭᠠᠯ ᠢ᠋ᠶ᠋ᠠᠨ ᠤᠯᠵᠠᠭᠠᠶ᠎ᠠ᠃
(ᠠᠯᠤᠰ ᠡᠴᠡ ᠮᠣᠷᠢ ᠲᠠᠢ ᠬᠥᠮᠦᠨ ᠦ᠌ ᠢᠷᠡᠵᠦ ᠪᠠᠢᠭ᠎ᠠ ᠮᠣᠷᠢᠨ ᠤ᠋ ᠲᠦᠪᠡᠷᠭᠡᠨ ᠰᠣᠨᠣᠰᠳᠠᠨ᠎ᠠ᠃ ᠭᠡᠲᠡᠯ᠎ᠡ ᠤᠭᠲᠤᠨ ᠣᠴᠢᠭᠰᠠᠨ ᠬᠥᠮᠦᠰ ᠨᠠᠩᠰᠠᠯᠮ᠎ᠠ ᠶ᠋ᠢ ᠳᠠᠮᠨᠠᠨ ᠭᠠᠷᠴᠤ ᠢᠷᠡᠨ᠎ᠡ᠃ ᠨᠠᠩᠰᠠᠯᠮ᠎ᠠ ᠰᠠᠢ ᠤᠬᠠᠭᠠᠨ ᠣᠷᠣᠵᠤ ᠰᠡᠷᠭᠦᠭᠡᠳ ᠳᠠᠭᠤᠯᠠᠨ᠎ᠠ)
ᠨᠠᠩᠰᠠᠯᠮ᠎ᠠ᠄
ᠬᠦᠯᠦᠭ ᠮᠣᠷᠢᠨ ᠤ᠋ ᠬᠦᠴᠦ ᠪᠡᠷ
ᠬᠦᠷᠴᠦ ᠢᠷᠡᠯ᠎ᠡ ᠪᠢ ᠴᠢᠨᠢ᠂
ᠬᠥᠨᠥᠭᠡᠬᠦ ᠳᠠᠢᠰᠤᠨ ᠪᠠᠯᠭᠠᠨ ᠴᠢᠨᠢ
ᠬᠥᠭᠡᠭᠡᠭᠰᠡᠭᠡᠷ ᠢᠷᠡᠵᠦ ᠶᠠᠪᠤᠨ᠎ᠠ ᠰᠢᠦ᠃
ᠦᠬᠦᠬᠦ ᠴᠠᠭ ᠢᠷᠡᠪᠡᠯ ᠴᠢᠨᠦ ᠳᠡᠷᠭᠡᠳᠡ ᠦᠬᠦᠶ᠎ᠡ᠃
ᠠᠮᠢᠳᠤᠷᠠᠬᠤ ᠠᠵᠠ ᠪᠠᠢᠪᠠᠯ
ᠴᠢᠨᠦ ᠳᠡᠷᠭᠡᠳᠡ ᠠᠮᠢᠳᠤᠷᠠᠶ᠎ᠠ᠃
ᠠᠶᠤᠯᠲᠤ ᠳᠠᠢᠰᠤᠨ ᠡᠴᠡ ᠬᠠᠮᠠᠭᠠᠯᠠᠬᠤ ᠶ᠋ᠢ
ᠠᠮᠠᠷᠠᠭ ᠬᠦᠦ ᠮᠢᠨᠢ ᠮᠡᠳᠡ ᠳᠠ᠃
ᠠᠮᠠᠷᠠᠭ ᠴᠢᠮᠠᠢ ᠪᠠᠨ ᠬᠠᠷᠠᠭᠰᠠᠭᠠᠷ
ᠠᠮᠢᠰᠬᠤᠯ ᠲᠠᠰᠤᠷᠠᠪᠠᠴᠤ ᠭᠣᠮᠣᠳᠠᠯ ᠦᠭᠡᠢ᠃
(ᠪᠠᠯᠭᠠᠨ ᠬᠡᠰᠡᠭ ᠬᠢᠶ᠎ᠡ ᠵᠠᠷᠤᠴᠠ ᠨᠠᠷ ᠢ᠋ ᠳᠠᠭᠠᠭᠤᠯᠤᠨ ᠢᠷᠡᠵᠦ ᠲᠤᠰᠢᠶᠠᠬᠤ ᠮᠠᠶᠢᠭ᠋ ᠲᠠᠢ ᠳᠠᠭᠤᠯᠠᠨ᠎ᠠ)
ᠪᠠᠯᠭᠠᠨ᠄
ᠳᠤᠷ᠎ᠠ ᠰᠠᠨᠠᠯ ᠢ᠋ ᠬᠠᠢᠬᠤᠷᠬᠤ ᠦᠭᠡᠢ ᠪᠣᠯ
ᠲᠤᠰᠢᠶᠠᠯ ᠢ᠋ᠶ᠋ᠠᠷ ᠰᠢᠢᠳᠬᠡᠨ᠎ᠡ ᠪᠢ᠃
ᠪᠠᠯᠠᠮᠠᠳ ᠬᠡᠦᠬᠡᠨ ᠨᠠᠩᠰᠠᠯᠮ᠎ᠠ ᠶ᠋ᠢ
ᠪᠠᠷᠢᠭᠠᠳ ᠠᠪ ᠣᠳᠣᠬᠠᠨ᠃
ᠲᠡᠵᠢᠭᠡᠵᠦ ᠥᠰᠬᠡᠭᠰᠡᠨ ᠪᠢᠷᠠᠭᠤ
ᠲᠡᠷᠭᠡ ᠡᠪᠳᠡᠯᠡᠬᠦ ᠶ᠋ᠢᠨ ᠠᠳᠠᠯᠢ᠂
ᠲᠡᠨᠡᠭ ᠮᠤᠤᠰᠠᠢᠨ ᠠᠷᠠᠳ ᠤ᠋ᠳ
ᠲᠣᠯᠣᠭᠠᠢ ᠳᠡᠭᠡᠷ᠎ᠡ ᠭᠠᠷᠬᠤ ᠨᠢ᠃
ᠶᠦᠨᠳᠡᠩ᠄
ᠨᠣᠶᠠᠨ ᠬᠥᠮᠦᠨ ᠦ᠌ ᠥᠷᠥᠰᠢᠶᠡᠯ
ᠨᠣᠬᠠᠢ ᠶ᠋ᠢᠨ ᠲᠠᠷᠭᠤ ᠲᠠᠢ ᠠᠳᠠᠯᠢ
ᠨᠣᠬᠠᠢ ᠬᠡᠳᠦᠢ ᠲᠠᠷᠭᠤᠨ ᠴᠤ᠌
ᠬᠥᠮᠦᠨ ᠲᠡᠭᠦᠨ ᠢ᠋ ᠢᠳᠡᠬᠦ ᠦᠭᠡᠢ᠃
ᠨᠣᠶᠠᠨ ᠬᠡᠳᠦᠢ ᠥᠷᠥᠰᠢᠶᠡᠪᠡᠴᠦ
ᠠᠷᠠᠳ ᠲᠤ᠌ ᠣᠭᠲᠣ ᠬᠦᠷᠲᠡᠬᠦ ᠦᠭᠡᠢ᠃
ᠥᠷᠥᠰᠢᠶᠡᠬᠦ ᠦᠭᠡ ᠶ᠋ᠢ ᠬᠡᠯᠡᠪᠡᠴᠦ
ᠥᠰᠢᠶᠡᠯᠡᠬᠦ ᠦᠢᠯᠡ ᠶ᠋ᠢ ᠬᠢᠳᠡᠭ᠃
ᠪᠠᠭᠠᠲᠤᠷ ᠭᠠᠷ ᠤ᠋ᠨ ᠬᠦᠴᠦ ᠪᠡᠷ
ᠪᠠᠯᠲᠠ ᠲᠡᠮᠦᠷ ᠦ᠋ᠨ ᠬᠦᠴᠦ ᠪᠡᠷ
ᠪᠠᠯᠠᠮᠠᠳ ᠳᠠᠢᠰᠤᠨ ᠢ᠋ ᠳᠠᠷᠤᠭᠠᠳ
ᠪᠠᠬᠠᠲᠠᠢ ᠵᠢᠷᠭᠠᠯ ᠢ᠋ᠶ᠋ᠠᠨ ᠣᠯᠵᠠᠭᠠᠶ᠎ᠠ᠃
(ᠭᠡᠵᠦ ᠳᠠᠭᠤᠯᠠᠵᠤ ᠳᠠᠭᠤᠰᠬᠤ ᠲᠠᠢ ᠵᠡᠷᠭᠡ ᠲᠤᠰ ᠲᠤᠰ ᠤ᠋ᠨ ᠪᠡᠶ᠎ᠡ ᠳ᠋ᠦ᠍ ᠠᠪᠴᠤ ᠶᠠᠪᠤᠭᠰᠠᠨ ᠰᠡᠯᠡᠮ᠎ᠡ ᠪᠠ ᠰᠢᠳᠠᠮ ᠵᠡᠷᠭᠡ ᠪᠡᠷ ᠭᠠᠷᠳᠠᠨ ᠪᠠᠢᠯᠳᠤᠬᠤ ᠳ᠋ᠤ᠌ ᠶᠦᠨᠳᠡᠩ ᠦ᠋ᠨ ᠲᠠᠯ᠎ᠠ ᠨᠢ ᠢᠯᠠᠵᠤ ᠳᠠᠢᠰᠤᠨ ᠵᠢᠭᠤᠲᠠᠯ᠎ᠠ᠃)(ᠨᠠᠩᠰᠠᠯᠮ᠎ᠠ ᠪᠠᠢᠯᠳᠤᠭᠠᠨ ᠢ᠋ ᠠᠵᠢᠭᠯᠠᠨ ᠬᠠᠷᠠᠵᠤ ᠦᠯᠡᠳᠡᠨ᠎ᠡ᠃ ᠬᠤᠷᠯᠤᠮ᠎ᠠ ᠰᠠᠮ ᠭᠠᠷᠴᠤ ᠢᠷᠡᠭᠡᠳ ᠳᠠᠭᠤᠯᠠᠬᠤ ᠨᠢ)
ᠬᠤᠷᠯᠤᠮ᠎ᠠ᠄
ᠵᠢᠷᠭᠠᠬᠤ ᠵᠠᠮ ᠤ᠋ᠨ ᠪᠣᠭᠣᠮᠲᠠ ᠪᠣᠯᠤᠭᠰᠠᠨ
ᠵᠢᠷᠪᠠᠭᠠᠷ ᠡᠮ᠎ᠡ ᠶ᠋ᠢ ᠳᠠᠷᠤᠶ᠎ᠠ᠃
ᠬᠠᠷᠢᠯᠴᠠᠬᠤ ᠵᠠᠮ ᠤ᠋ᠨ ᠬᠠᠭᠠᠯᠲᠠ ᠪᠣᠯᠤᠭᠰᠠᠨ
ᠬᠠᠷ᠎ᠠ ᠥᠯᠥᠭᠴᠢᠨ ᠢ᠋ ᠰᠥᠨᠥᠭᠡᠶ᠎ᠡ᠃
(ᠬᠢᠲᠤᠭᠠᠯᠠᠬᠤ ᠭᠡᠲᠡᠯ᠎ᠡ ᠶᠦᠨᠳᠡᠩ ᠵᠡᠷᠭᠡ ᠬᠥᠮᠦᠰ ᠭᠠᠷᠴᠤ ᠢᠷᠡᠨ᠂ ᠬᠤᠷᠯᠤᠮ᠎ᠠ ᠶ᠋ᠢ ᠬᠥᠭᠡᠭᠡᠵᠦ ᠶᠠᠪᠤᠭᠤᠯᠤᠨ᠎ᠠ᠃ᠳᠠᠢᠰᠤᠨ ᠢ᠋ᠶ᠋ᠠᠨ ᠳᠠᠷᠤᠭᠰᠠᠨ ᠪᠤᠰᠤᠳ ᠠᠷᠠᠳ ᠤ᠋ᠳ ᠪᠦᠭᠦᠳᠡ ᠭᠠᠷᠴᠤ ᠢᠷᠡᠨ ᠳᠠᠭᠤᠯᠠᠬᠤ ᠨᠢ)
(ᠾᠤᠷ) ᠨᠠᠷᠠ ᠰᠠᠷᠠ ᠰᠢᠭ᠋ ᠬᠣᠣᠰᠯᠠᠭᠤᠯᠵᠤ
ᠨᠠᠪᠴᠢ ᠴᠡᠴᠡᠭ ᠰᠢᠭ ᠨᠥᠬᠥᠷᠯᠡᠵᠦ
ᠨᠠᠢᠷ ᠤ᠋ᠨ ᠳᠡᠭᠡᠳᠦ ᠶ᠋ᠢ ᠬᠢᠭᠡᠳ
ᠨᠠᠭᠠᠳᠤᠮ ᠤ᠋ᠨ ᠳᠡᠭᠡᠳᠦ ᠶ᠋ᠢ ᠦᠢᠯᠡᠳᠴᠡᠭᠡᠶ᠎ᠡ᠃
ᠠᠭᠲᠠ ᠮᠣᠷᠢ ᠪᠠᠨ ᠤᠷᠤᠯᠳᠤᠭᠤᠯᠵᠤ
ᠠᠷᠠᠳ ᠣᠯᠠᠨ ᠳ᠋ᠠᠭᠠᠨ ᠨᠡᠷ᠎ᠡ ᠲᠡᠢ
ᠠᠯᠳᠠᠷᠲᠤ ᠬᠠᠷᠪᠤᠭᠠᠴᠢᠳ ᠢ᠋ ᠪᠠᠷᠢᠯᠳᠤᠭᠤᠯᠤᠶ᠎ᠠ᠃
ᠠᠶᠤᠯ ᠬᠥᠨᠥᠭᠡᠯ ᠢ᠋ ᠡᠭᠦᠰᠬᠡᠭᠴᠢ
ᠠᠪᠯᠢᠭᠠᠴᠢ ᠪᠠᠯᠭᠠᠨ ᠢ᠋ ᠳᠠᠷᠤᠭᠠᠳ
ᠮᠢᠩᠭᠠᠨ ᠤ᠋ ᠨᠢᠳᠦᠨ ᠳ᠋ᠦ᠍ ᠲᠣᠯᠢᠯᠠᠭᠤᠯᠵᠤ
ᠲᠦᠮᠡᠨ ᠦ᠌ ᠴᠢᠬᠢᠨ ᠳ᠋ᠦ᠍ ᠰᠣᠨᠣᠰᠬᠠᠶ᠎ᠠ᠃
ᠨᠠᠷᠠ ᠰᠠᠷᠠ ᠰᠢᠭ᠋ ᠬᠣᠣᠰᠯᠠᠭᠤᠯᠵᠤ
ᠨᠠᠪᠴᠢ ᠴᠡᠴᠡᠭ ᠰᠢᠭ ᠨᠥᠬᠥᠷᠯᠡᠵᠦ
ᠨᠠᠢᠷ ᠤ᠋ᠨ ᠳᠡᠭᠡᠳᠦ ᠶ᠋ᠢ ᠬᠢᠭᠡᠳ
ᠨᠠᠭᠠᠳᠤᠮ ᠤ᠋ᠨ ᠳᠡᠭᠡᠳᠦ ᠶ᠋ᠢ ᠦᠢᠯᠡᠳᠴᠡᠭᠡᠶ᠎ᠡ᠃(ᠪᠦᠭᠦᠳᠡᠭᠡᠷ ᠢ᠋ᠶ᠋ᠡᠨ ᠲᠣᠭᠣᠷᠢᠨ ᠰᠠᠭᠤᠵᠠᠭᠠᠨ᠎ᠠ)
(ᠾᠤᠷ) ᠠᠮᠠᠷᠠᠭ ᠨᠥᠬᠥᠳ ᠪᠦᠭᠦᠳᠡᠭᠡᠷ ᠴᠤᠭᠯᠠᠷᠠᠵᠤ
ᠠᠯᠲᠠᠨ ᠰᠢᠷᠡᠭᠡ ᠪᠡᠨ ᠲᠣᠭᠣᠷᠢᠨ ᠰᠠᠭᠤᠭᠠᠳ
ᠠᠮᠲᠠᠲᠤ ᠢᠳᠡᠭᠡ ᠪᠡᠨ ᠠᠮᠰᠠᠵᠤ
ᠠᠭᠤᠤ ᠨᠠᠢᠷ ᠢ᠋ ᠡᠭᠦᠰᠬᠡᠨ ᠵᠢᠷᠭᠠᠶ᠎ᠠ᠃
ᠬᠣᠰᠢᠭᠤᠴᠢ ᠪᠠᠭᠠᠲᠤᠷ ᠤ᠋ᠳ ᠮᠣᠷᠢᠯᠠᠨ ᠢᠷᠡᠵᠦ
ᠭᠤᠸ᠎ᠠ ᠬᠡᠦᠬᠡᠨ ᠨᠦ᠍ᠭᠦᠳ ᠤᠭᠲᠤᠨ ᠠᠭᠤᠯᠵᠠᠵᠤ
ᠬᠤᠪᠢ ᠲᠠᠢ ᠴᠡᠩᠭᠡᠯ ᠪᠦᠷᠢᠳᠦᠭᠰᠡᠨ ᠲᠤᠯᠠ
ᠬᠤᠷᠢᠮᠯᠠᠭᠰᠠᠨ ᠪᠦᠭᠦᠳᠡᠭᠡᠷ ᠲᠡᠭᠦᠰ ᠵᠢᠷᠭᠠᠯ ᠲᠠᠢ᠃
ᠭᠡᠵᠦ ᠳᠠᠭᠤᠯᠠᠵᠤ ᠪᠠᠢᠭᠰᠠᠨ ᠤ᠋ ᠳᠠᠷᠠᠭ᠎ᠠ ᠪᠠᠷ ᠨᠢᠭᠡ ᠬᠥᠮᠦᠨ 《 ᠳᠥᠷᠪᠡᠨ ᠴᠠᠭ 》 ᠭᠡᠳᠡᠭ ᠤᠷᠲᠤ ᠶ᠋ᠢᠨ ᠳᠠᠭᠤᠤ ᠳᠠᠭᠤᠯᠠᠨ᠎ᠠ᠃ ᠡᠨᠡ ᠵᠠᠪᠰᠠᠷ ᠠᠢᠷᠠᠭ ᠢᠳᠡᠭᠡ ᠪᠡᠨ ᠪᠠᠷᠢᠵᠠᠭᠠᠵᠤ ᠲᠣᠭᠯᠠᠭᠠᠮ ᠨᠠᠭᠠᠳᠤᠮ ᠢ᠋ᠶ᠋ᠠᠨ ᠦᠷᠭᠦᠯᠵᠢᠯᠡᠭᠦᠯᠦᠨ᠎ᠡ᠃ ᠤᠷᠲᠤ ᠶ᠋ᠢᠨ ᠳᠠᠭᠤᠤ ᠳᠠᠭᠤᠰᠤᠮᠠᠭᠴᠠ ᠡᠷᠡᠭᠲᠡᠢ ᠡᠮᠡᠭᠲᠡᠢ ᠬᠡᠳᠦᠨ ᠬᠥᠮᠦᠨ ᠪᠦᠵᠢᠭ ᠪᠦᠵᠢᠭᠯᠡᠬᠦ ᠪᠠ ᠳᠠᠷᠠᠭ᠎ᠠ ᠨᠢ ᠨᠠᠩᠰᠠᠯᠮ᠎ᠠ ᠶ᠋ᠢ ᠳᠡᠭᠡᠭᠰᠢ ᠡᠷᠭᠦᠨ᠎ᠡ᠃ (ᠪᠤᠰᠤᠳ ᠬᠥᠮᠦᠰ ᠲᠡᠭᠦᠨ ᠢ᠋ ᠲᠣᠭᠣᠷᠢᠨ ᠭᠦᠶᠦᠯᠳᠦᠨ᠎ᠡ)ᠬᠥᠰᠢᠭᠡ

ᠡᠬᠢ ᠰᠤᠷᠪᠤᠯᠵᠢ

http://mgl.hongshanqu.gov.cn/am/2016/5/11/U_14672_183727.html?pid=2366