ᠬᠣᠶᠠᠷ ᠨᠢᠭᠤᠷ ᠲᠠᠢ ᠬᠣᠷᠸ᠎ᠠ-ᠮᠡᠷᠭᠡᠨᠪᠠᠭᠠᠲᠤᠷХоёр нигууртай хорвоо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ ᠨᠢᠭᠤᠷ ᠲᠠᠢ ᠬᠣᠷᠸ᠎ᠠ-ᠮᠡᠷᠭᠡᠨᠪᠠᠭᠠᠲᠤᠷХоёр нигууртай хорвоо

ᠬᠣᠶᠠᠷ ᠨᠢᠭᠤᠷ ᠲᠠᠢ ᠬᠣᠷᠸ᠎ᠠ-ᠮᠡᠷᠭᠡᠨᠪᠠᠭᠠᠲᠤᠷХоёр нигууртай хорвоо

ᠠᠩᠭᠢᠯᠠᠯ:ᠳᠠᠭᠤᠤ ᠬᠥᠭᠵᠢᠮ
2023-09-16

264

ᠬᠣᠶᠠᠷ ᠨᠢᠭᠤᠷ ᠎ᠲᠠᠢ ᠬᠣᠷᠸ᠋᠎ᠠ


 ᠨᠣᠶᠠᠨ ᠵᠡᠷᠭᠡ ᠲᠠᠢ ᠶᠠᠪᠤᠬᠤ ‍ᠳᠤ ᠨᠢ
 ᠨᠣᠬᠠᠢ ᠰᠢᠭ᠋ ᠳᠠᠭᠠᠳᠠᠭ ᠨᠢ ᠣᠯᠠᠨ ᠪᠠᠶ᠋ᠢᠪᠠᠴᠤ
 ᠨᠤᠷᠠᠵᠤ ᠰᠦᠢᠷᠡᠭᠡᠳ ᠤᠷᠤᠭᠤᠳᠠᠬᠤ ‍ᠳᠤ ᠨᠢ
 ᠳᠦᠰᠢᠭᠡᠳ ᠠᠪᠳᠠᠭ ᠨᠢ ᠬᠡᠳᠦ ᠯᠠ ᠪᠠᠶ᠋ᠢᠬᠤ ᠪᠤᠢ
 ᠥᠩᠭᠡ ᠎ᠲᠡᠢ ᠭᠡᠷᠡᠯ ᠎ᠲᠡᠢ ᠶᠠᠪᠤᠬᠤ ‍ᠳᠤ ᠨᠢ
 ᠡᠳᠦᠷᠵᠢᠨ ᠰᠦᠯᠡᠳᠡᠭ ᠨᠢ ᠣᠯᠠᠨ ᠪᠠᠶ᠋ᠢᠪᠠᠴᠤ
 ᠦᠭᠡᠶ᠋ᠢᠷᠡᠬᠦ ‍ᠶ᠋ᠢᠨ ᠵᠤᠪᠠᠯᠠᠩ ‍ᠳᠤ ᠤᠨᠠᠬᠤ ‍ᠳᠤ
 ᠡᠷᠭᠦᠭᠡᠳ ᠠᠪᠳᠠᠭ ᠨᠢ ᠬᠡᠳᠦ ᠯᠠ ᠪᠠᠶ᠋ᠢᠬᠤ ᠪᠤᠢ
 ᠰᠠᠷᠬᠤᠳ ‍ᠤᠨ ᠰᠢᠷᠡᠭᠡ ᠴᠠᠯᠭᠢᠬᠤ ‍ᠳᠤ
 ᠰᠠᠶ᠋ᠢᠬᠠᠨ ᠦᠭᠡ ᠎ᠲᠡᠢ ᠨᠢ ᠣᠯᠠᠨ ᠪᠠᠶ᠋ᠢᠪᠠᠴᠤ
 ᠰᠣᠭᠳᠣᠵᠤ ᠭᠤᠶ᠋ᠢᠪᠢᠭᠠᠳ ᠤᠨᠠᠬᠤ ‍ᠳᠤ ᠨᠢ
 ᠰᠤᠭᠤᠳᠠᠭᠠᠳ ᠪᠤᠴᠠᠬᠤ ᠨᠢ ᠬᠡᠳᠦ ᠯᠠ ᠪᠠᠶ᠋ᠢᠬᠤ ᠪᠤᠢ
 ᠠᠮᠤᠭᠤᠯᠠᠩ ᠲᠡᠭᠦᠯᠳᠡᠷ  ᠠᠮᠢᠳᠤᠷᠠᠬᠤ ‍ᠳᠤ
 ᠠᠶ᠋ᠢᠮᠠᠭ ᠲᠦᠷᠦᠯ ‍ᠦᠳ ᠣᠯᠠᠨ ᠪᠠᠶ᠋ᠢᠪᠠᠴᠤ
 ᠠᠮᠢᠳᠤ ‍ᠶ᠋ᠢᠨ ᠬᠠᠭᠠᠴᠠᠯ ‍ᠳᠤ ᠥᠨᠥᠴᠢᠷᠡᠬᠦ ‍ᠳᠦ
 ᠥᠷᠥᠪᠳᠦᠭᠡᠳ ᠠᠪᠳᠠᠭ ᠨᠢ ᠬᠡᠳᠦ ᠯᠠ ᠪᠠᠶ᠋ᠢᠬᠤ ᠪᠤᠢ
 ᠮᠥᠩᠭᠥ ᠲᠥᠭᠥᠷᠢᠭ ‍ᠢ ᠨᠢ ᠬᠠᠷᠮᠠᠯᠠᠭᠠᠳ
 ᠮᠥᠷᠭᠦᠭᠡᠳ ᠶᠠᠪᠤᠳᠠᠭ ᠨᠢ ᠣᠯᠠᠨ ᠪᠠᠶ᠋ᠢᠪᠠᠴᠤ
 ᠪᠤᠷᠬᠠᠨ ᠰᠠᠶ᠋ᠢᠬᠠᠨ ᠰᠡᠳᠬᠢᠯ ‍ᠳᠦ ᠴᠢᠨᠢ
 ᠪᠤᠶᠠᠨ ᠰᠠᠨᠠᠳᠠᠭ ᠨᠢ ᠬᠡᠳᠦ ᠯᠠ ᠪᠠᠶ᠋ᠢᠬᠤ ᠪᠤᠢ
 ᠬᠡᠯᠡᠬᠦ ‍ᠶ᠋ᠢᠨ ᠲᠡᠳᠦᠢ ᠮᠠᠭᠲᠠᠭᠠᠯ ‍ᠢᠶ᠋ᠠᠷ
 ᠬᠥᠭᠰᠡᠭᠦᠯᠵᠤ ᠶᠠᠪᠤᠳᠠᠭ ᠨᠢ ᠣᠯᠠᠨ ᠪᠠᠶ᠋ᠢᠪᠠᠴᠤ
 ᠬᠦᠭᠡᠷᠦᠦ ᠪᠠᠷᠳᠠᠮ ᠵᠠᠩ ‍ᠢ ᠴᠢᠨᠢ
 ᠵᠠᠯᠠᠭᠠᠳ ᠦᠭᠳᠡᠭ ᠨᠢ ᠬᠡᠳᠦ ᠯᠠ ᠪᠠᠶ᠋ᠢᠬᠤ ᠪᠤᠢ
 ᠬᠣᠶᠠᠷ ᠥᠩᠭᠡ ᠎ᠲᠡᠢ ᠬᠣᠷᠸ᠋᠎ᠠ ‍ᠶ᠋ᠢ ᠪᠢᠳᠠ
 ᠬᠤᠭᠤᠷᠳᠠᠵᠤ ᠳᠠᠭᠤᠯᠠᠭᠠᠳ ᠤᠶᠠᠷᠠᠭᠠᠵᠤ ᠴᠢᠳᠠᠨ᠎ᠠ ‍ᠤᠤ ᠳ᠋ᠠ
 ᠬᠣᠶᠠᠷ ᠨᠢᠭᠤᠷ ᠲᠠᠢ ᠵᠢᠰᠦᠷᠲᠡᠨ ‍ᠢ
 ᠭᠤᠶᠠᠳᠠᠵᠤ ᠰᠤᠷᠭᠠᠭᠠᠳ ᠬᠤᠪᠢᠷᠠᠭᠤᠯᠵᠤ ᠴᠢᠳᠠᠨ᠎ᠠ ‍ᠤᠤ ᠳ᠋ᠠ