ᠮᠣᠩᠭᠣᠯ ᠡᠮ ᠡᠮᠨᠡᠯᠭᠡ – (ᠠᠷᠪᠠ) Монгол эм эмнэлэг (10) ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠠᠷᠪᠠ) Монгол эм эмнэлэг (10)

ᠮᠣᠩᠭᠣᠯ ᠡᠮ ᠡᠮᠨᠡᠯᠭᠡ – (ᠠᠷᠪᠠ) Монгол эм эмнэлэг (10)

ᠠᠩᠭᠢᠯᠠᠯ:ᠡᠷᠡᠭᠦᠯ ᠡᠩᠬᠡ
2025-06-22

466

ᠡᠮᠡᠭᠲᠡᠢ ᠶ᠋ᠢᠨ ᠬᠡᠢ ᠴᠢᠰᠤ ᠪᠦᠷᠢᠯᠳᠦᠭᠰᠡᠨ ᠡᠪᠡᠳᠴᠢᠨ ᠢ᠋ ᠬᠡᠦᠬᠡᠨ ᠬᠡᠪᠲᠡᠰᠢᠨ ᠳᠣᠲᠣᠷ ᠪᠦᠷᠬᠦᠪᠴᠢ ᠰᠢᠯᠵᠢᠬᠦ ᠭᠡᠮ ᠲᠡᠢ ᠬᠠᠷᠢᠴᠠᠭᠤᠯᠤᠭᠰᠠᠨ ᠨᠢ


                                  ᠬᠠᠰᠤᠩᠭᠣᠸ᠎ᠠ  

       ᠮᠣᠩᠭᠣᠯ ᠧᠦ᠋ᠷᠣᠫᠠ ᠡᠮᠨᠡᠯᠭᠡ ᠨᠢ ᠲᠤᠰ ᠲᠤᠰ ᠪᠡᠶ᠎ᠡ ᠪᠡᠨ ᠳᠠᠭᠠᠭᠠᠭᠰᠠᠨ ᠥᠪᠡᠷᠮᠢᠴᠡ ᠣᠨᠴᠠᠯᠢᠭ ᠲᠠᠢ᠂ ᠠᠳᠠᠯᠢ ᠪᠤᠰᠤ ᠴᠠᠭ ᠦᠶ᠎ᠡ ᠳ᠋ᠦ᠍ ᠪᠣᠢ ᠪᠣᠯᠤᠭᠰᠠᠨ᠂ ᠠᠳᠠᠯᠢ ᠪᠤᠰᠤ ᠬᠣᠶᠠᠷ ᠰᠢᠰᠲ᠋ᠧᠮ ᠲᠡᠢ ᠠᠨᠠᠭᠠᠬᠤ ᠤᠬᠠᠭᠠᠨ ᠶᠤᠮ᠃ ᠲᠡᠷᠡ ᠨᠢ ᠬᠥᠮᠦᠨ ᠦ᠌ ᠪᠡᠶ᠎ᠡ ᠶ᠋ᠢ 《ᠡᠷᠡᠭᠦᠯ ᠪᠡᠶ᠎ᠡ ᠶ᠋ᠢᠨ ᠵᠦᠢ》《ᠡᠪᠡᠳᠴᠢᠲᠡᠢ ᠪᠡᠶ᠎ᠡ ᠶ᠋ᠢᠨ ᠵᠦᠢ》 ᠭᠡᠵᠦ ᠬᠤᠪᠢᠶᠠᠬᠤ ᠪᠠ ᠡᠪᠡᠳᠴᠢᠨ ᠡᠮᠭᠡᠭ ᠢ᠋ ᠡᠮᠨᠡᠨ ᠵᠠᠰᠠᠬᠤ ᠳ᠋ᠠᠭᠠᠨ ᠪᠠᠰᠠ ᠡᠪᠡᠳᠴᠢᠨ ᠦ᠌ ᠰᠢᠯᠲᠠᠭᠠᠨ᠂ ᠨᠥᠬᠥᠴᠡᠯ᠂ ᠰᠢᠨᠵᠢ᠂ ᠪᠠᠢᠴᠠᠭᠠᠯᠲᠠ᠂ ᠣᠨᠣᠰᠢ᠂ ᠡᠮᠨᠡᠨ ᠵᠠᠰᠠᠬᠤ ᠠᠷᠭ᠎ᠠ ᠭᠡᠬᠦ ᠮᠡᠲᠦ ᠪᠡᠷ ᠨᠢᠭᠡᠳᠦᠮᠡᠯ ᠲᠡᠢ ᠲᠣᠭᠲᠠᠭᠰᠠᠨ ᠵᠢᠮ᠎ᠡ ᠬᠠᠤᠯᠢ ᠪᠠᠢᠳᠠᠭ ᠪᠠᠢᠨ᠎ᠠ᠃ ᠪᠢ ᠡᠨᠡᠬᠦ ᠵᠢᠮ᠎ᠡ ᠬᠠᠤᠯᠢ ᠶ᠋ᠢ ᠦᠨᠳᠦᠰᠦᠯᠡᠨ᠂ ᠮᠣᠩᠭᠣᠯ ᠡᠮᠨᠡᠯᠭᠡ ᠶ᠋ᠢᠨ 《ᠬᠡᠢ ᠴᠢᠰᠤ ᠪᠦᠷᠢᠯᠳᠦᠭᠰᠡᠨ》 ᠢ᠋ (ᠳᠣᠷᠣᠭᠰᠢ《ᠪᠦᠷᠢᠯᠳᠦᠭᠰᠡᠨ ᠡᠪᠡᠳᠴᠢᠨ》 ᠭᠡᠵᠦ ᠳᠥᠭᠥᠮᠴᠢᠯᠡᠪᠡ) ᠧᠦ᠋ᠷᠣᠫᠠ ᠡᠮᠨᠡᠯᠭᠡ ᠳ᠋ᠦ᠍ ᠶᠠᠮᠠᠷ ᠡᠪᠡᠳᠴᠢᠨ ᠪᠣᠯᠬᠤ ᠲᠤᠬᠠᠢ ᠠᠳᠠᠯᠢᠳᠬᠠᠨ ᠦᠵᠡᠭᠡᠳ ᠪᠦᠷᠢᠯᠳᠦᠭᠰᠡᠨ ᠡᠪᠡᠳᠴᠢᠨ ᠨᠢ ᠧᠦ᠋ᠷᠣᠫᠠ ᠡᠮᠨᠡᠯᠭᠡ ᠶ᠋ᠢᠨ ᠬᠡᠦᠬᠡᠨ ᠬᠡᠪᠲᠡᠰᠢᠨ ᠳᠣᠲᠣᠷ ᠪᠦᠷᠬᠦᠪᠴᠢ ᠰᠢᠯᠵᠢᠭᠰᠡᠨ ᠭᠡᠮ ᠲᠡᠢ ᠠᠳᠠᠯᠢᠪᠲᠤᠷ ᠭᠡᠵᠦ ᠦᠵᠡᠵᠡᠢ᠃ 
           ᠨᠢᠭᠡ᠂ ᠰᠢᠯᠲᠠᠭᠠᠨ ᠨᠥᠬᠥᠴᠡᠯ᠄ 
       ᠡᠪᠡᠳᠴᠢᠨ ᠦ᠌ ᠶᠡᠷᠦᠩᠬᠡᠢ ᠰᠢᠯᠲᠠᠭᠠᠨ ᠨᠢ ᠡᠬᠢᠯᠡᠬᠦ ᠳ᠋ᠡᠭᠡᠨ ᠰᠠᠷ᠎ᠠ ᠶ᠋ᠢᠨ ᠭᠬᠢᠷ ᠡᠴᠡ ᠪᠣᠯᠬᠤ ᠲᠤᠯᠠ᠂ ᠰᠢᠨ᠎ᠡ ᠳᠡᠭᠡᠷ᠎ᠡ ᠨᠢ ᠴᠢᠰᠤ ᠪᠦᠷᠢᠯᠳᠦᠬᠦ ᠭᠡᠵᠦ᠂ ᠬᠠᠭᠤᠴᠢᠷᠠᠭᠠᠳ ᠬᠡᠢ ᠲᠡᠢ ᠨᠡᠢᠯᠡᠪᠡᠯ ᠬᠡᠢ ᠪᠦᠷᠢᠯᠳᠦᠭᠰᠡᠨ ᠭᠡᠨ᠎ᠡ᠃ ᠰᠢᠯᠵᠢᠭᠰᠡᠨ ᠭᠡᠮ ᠪᠣᠯ ᠬᠡᠦᠬᠡᠨ ᠬᠡᠪᠲᠡᠰᠢ ᠶ᠋ᠢᠨ ᠳᠣᠲᠣᠷ ᠪᠦᠷᠬᠦᠪᠴᠢ ᠨᠢ ᠪᠡᠶ᠎ᠡ ᠶ᠋ᠢᠨ ᠠᠯᠢ ᠨᠢᠭᠡᠨ ᠡᠳ᠋ ᠡᠷᠬᠡᠲᠡᠨ ᠳ᠋ᠦ᠍ ᠪᠣᠢ ᠪᠣᠯᠵᠤ ᠢᠯᠡᠷᠡᠨ ᠡᠯᠳᠡᠪ ᠵᠦᠢᠯ ᠦ᠋ᠨ ᠡᠪᠡᠳᠴᠢᠨ ᠦ᠌ ᠰᠢᠨᠵᠢ ᠶ᠋ᠢ ᠡᠭᠦᠰᠬᠡᠬᠦ ᠡᠴᠡ ᠬᠡᠦᠬᠡᠨ ᠬᠡᠪᠲᠡᠰᠢ ᠶ᠋ᠢᠨ ᠳᠣᠲᠣᠷ ᠪᠦᠷᠬᠦᠪᠴᠢ ᠰᠢᠯᠵᠢᠭᠰᠡᠨ ᠭᠡᠮ ᠭᠡᠵᠦ ᠨᠡᠷᠡᠯᠡᠭᠰᠡᠨ ᠪᠠᠢᠨ᠎ᠠ᠃ ᠡᠢᠮᠦ ᠡᠴᠡ ᠡᠨᠡ ᠬᠣᠶᠠᠷ ᠡᠪᠡᠳᠴᠢᠨ ᠦ᠌ ᠰᠢᠯᠲᠠᠭᠠᠨ ᠪᠠ ᠨᠡᠷ᠎ᠡ ᠨᠢ ᠪᠦᠷ ᠯᠡ ᠬᠡᠦᠬᠡᠨ ᠬᠡᠪᠲᠡᠰᠢ ᠶ᠋ᠢᠨ ᠳᠣᠲᠣᠷ ᠪᠦᠷᠬᠦᠪᠴᠢ᠂ ᠰᠠᠷ᠎ᠠ ᠶ᠋ᠢᠨ ᠭᠬᠢᠷ ᠡᠴᠡ ᠪᠣᠯᠤᠭᠰᠠᠨ ᠪᠠᠢᠨ᠎ᠠ᠃ ᠬᠡᠦᠬᠡᠨ ᠬᠡᠪᠲᠡᠰᠢ ᠶ᠋ᠢᠨ ᠳᠣᠲᠣᠷ ᠪᠦᠷᠬᠦᠪᠴᠢ ᠨᠢ ᠰᠠᠷ᠎ᠠ ᠪᠦᠷᠢ ᠨᠢᠭᠡ ᠤᠳᠠᠭ᠎ᠠ ᠬᠣᠪᠬᠣᠷᠠᠨ ᠰᠠᠷ᠎ᠠ ᠶ᠋ᠢᠨ ᠭᠬᠢᠷ ᠪᠣᠯᠳᠠᠭ᠃ 
           ᠬᠣᠶᠠᠷ᠂ ᠡᠪᠡᠳᠴᠢᠨ ᠦ᠌ ᠪᠦᠷᠢᠯᠳᠦᠬᠦ ᠣᠷᠣᠰᠢᠬᠤ ᠣᠷᠣᠨ᠄ 
       ᠪᠦᠷᠢᠯᠳᠦᠭᠰᠡᠨ ᠡᠪᠡᠳᠴᠢᠨ ᠢ᠋ ᠶᠡᠷᠦᠩᠬᠡᠢ ᠳ᠋ᠦ᠍ᠨᠢ ᠴᠢᠰᠤ ᠪᠦᠷᠢᠯᠳᠦᠬᠦ᠂ ᠬᠡᠢ ᠪᠦᠷᠢᠯᠳᠦᠬᠦ ᠭᠡᠵᠦ ᠬᠤᠪᠢᠶᠠᠨ ᠲᠣᠰᠪᠣᠷᠢ ᠳ᠋ᠤᠨᠢ ᠡᠯᠢᠭᠡ᠂ ᠳᠡᠯᠢᠭᠦᠦ᠂ ᠠᠭᠤᠰᠬᠢ᠂ ᠪᠥᠭᠡᠷ᠎ᠡ᠂ ᠰᠥᠰᠥ᠂ ᠭᠡᠳᠡᠰᠦ᠂ ᠬᠥᠬᠥ᠂ ᠴᠢᠰᠤ᠂ ᠰᠦ ᠪᠦᠷᠢᠯᠳᠦᠬᠦ ᠵᠡᠷᠭᠡ 10᠃ ᠲᠣᠯᠣᠭᠠᠢ᠂ ᠶᠠᠰᠤ᠂ ᠵᠢᠷᠦᠬᠡ᠂ ᠪᠥᠭᠡᠷ᠎ᠡ᠂ ᠬᠣᠳᠣᠭᠣᠳᠣ᠂ ᠭᠡᠳᠡᠰᠦ ᠵᠡᠷᠭᠡ ᠬᠡᠢ ᠪᠦᠷᠢᠯᠳᠦᠬᠦ 8᠃ ᠨᠡᠢᠯᠡᠭᠡᠳ 16 ᠪᠠᠢᠨ᠎ᠠ᠃ ᠰᠢᠯᠵᠢᠭᠰᠡᠨ ᠭᠡᠮ ᠨᠢ ᠵᠢᠷᠦᠬᠡᠨ ᠦ᠌ ᠦᠩᠬᠦᠯᠴᠡᠭ᠂ ᠠᠭᠤᠰᠬᠢ ᠮᠥᠭᠡᠷᠰᠦᠨ ᠬᠣᠭᠣᠯᠠᠢ᠂ ᠡᠯᠢᠭᠡ᠂ ᠳᠡᠯᠢᠭᠦᠦ᠂ ᠪᠥᠭᠡᠷ᠎ᠡ᠂ ᠳᠠᠪᠤᠰᠠᠩ᠂ ᠰᠢᠭᠡᠰᠦ ᠳᠠᠮᠵᠢᠭᠤᠯᠬᠤ ᠴᠣᠷᠭᠣ᠂ ᠴᠡᠭᠡᠵᠢᠨ ᠬᠠᠯᠢᠰᠤ᠂ ᠲᠠᠷᠢᠬᠢᠨ ᠪᠦᠷᠬᠦᠪᠴᠢ᠂ ᠬᠡᠪᠡᠯᠢ ᠶ᠋ᠢᠨ ᠬᠠᠯᠢᠰᠤ᠂ ᠭᠡᠳᠡᠰᠦ᠂ ᠠᠭᠠᠷᠴᠠᠭ ᠤ᠋ᠨ ᠬᠥᠨᠳᠡᠢ ᠶ᠋ᠢᠨ ᠬᠡᠪᠡᠯᠢ ᠶ᠋ᠢᠨ ᠬᠠᠯᠢᠰᠤ᠂ ᠰᠠᠪᠠ ᠶ᠋ᠢᠨ ᠡᠬᠡᠳᠡᠮᠦᠭ ᠪᠦᠷᠬᠦᠪᠴᠢ᠂ ᠥᠨᠳᠡᠭᠡᠪᠴᠢ᠂ ᠥᠨᠳᠡᠭᠡ ᠳᠠᠮᠵᠢᠭᠤᠯᠬᠤ ᠴᠣᠷᠭᠣ᠂ ᠰᠠᠪᠠ ᠶ᠋ᠢᠨ ᠬᠣᠯᠪᠣᠭᠠᠰᠤ᠂ ᠰᠠᠪᠠ ᠶ᠋ᠢᠨ ᠬᠦᠵᠦᠭᠦᠦ᠂ ᠤᠮᠠᠢ᠂ ᠭᠠᠳᠠᠷ ᠪᠡᠯᠭᠡ᠂ ᠰᠠᠪᠠ᠂ ᠰᠢᠯᠤᠭᠤᠨ ᠭᠡᠳᠡᠰᠦᠨ ᠦ᠌ ᠬᠣᠲᠣᠩᠬᠣᠷ᠂ ᠬᠦᠢᠰᠦ᠂ ᠴᠠᠪᠢ᠂ ᠬᠡᠪᠡᠯᠢ ᠶ᠋ᠢᠨ ᠮᠡᠰᠡ ᠵᠠᠰᠠᠯ ᠤ᠋ᠨ ᠰᠣᠷᠪᠢ᠂ ᠯᠢᠮᠪᠠ ᠶ᠋ᠢᠨ ᠵᠠᠩᠭᠢᠯᠠᠭ᠎ᠠ᠂ ᠠᠷᠠᠰᠤ ᠭᠠᠷ ᠬᠥᠯ ᠦ᠋ᠨ ᠤᠷᠲᠤ ᠶᠠᠰᠤ ᠵᠡᠷᠭᠡ ᠳ᠋ᠦ᠍ ᠣᠷᠣᠰᠢᠨ ᠡᠯᠳᠡᠪ ᠡᠪᠡᠳᠴᠢᠨ ᠦ᠌ ᠰᠢᠨᠵᠢ ᠶ᠋ᠢ ᠢᠯᠡᠷᠡᠭᠦᠯᠦᠨ᠎ᠡ᠃
       ᠳᠡᠭᠡᠷᠡᠬᠢ ᠡᠴᠡ ᠦᠵᠡᠪᠡᠯ ᠰᠢᠯᠵᠢᠭᠰᠡᠨ ᠭᠡᠮ ᠨᠢ ᠳᠡᠯᠭᠡᠷᠡᠩᠭᠦᠢ ᠥᠭᠦᠯᠡᠭᠰᠡᠨ ᠪᠣᠯᠪᠠᠴᠤ ᠬᠣᠳᠣᠭᠣᠳᠣ ᠰᠥᠰᠥᠨ ᠳ᠋ᠦ᠍ ᠣᠷᠣᠰᠢᠨ᠎ᠠ ᠭᠡᠰᠡᠨ ᠦᠭᠡᠢ᠂ ᠭᠡᠪᠡᠴᠦ ᠰᠢᠯᠵᠢᠭᠰᠡᠨ ᠭᠡᠮ ᠨᠢ ᠪᠡᠶ᠎ᠡ ᠶ᠋ᠢᠨ ᠬᠠᠮᠢᠭ᠎ᠠ ᠴᠤ᠌ ᠢᠯᠡᠷᠡᠬᠦ ᠮᠠᠭᠠᠳ ᠭᠡᠵᠦ ᠦᠵᠡᠳᠡᠭ᠃ ᠪᠦᠷᠢᠯᠳᠦᠭᠰᠡᠨ ᠡᠪᠡᠳᠴᠢᠨ ᠨᠢ ᠦᠷᠡᠵᠢᠯ ᠦ᠋ᠨ ᠡᠷᠬᠡᠲᠡᠨ᠂ ᠥᠨᠳᠡᠭᠡᠪᠴᠢ ᠰᠠᠪᠠ ᠶ᠋ᠢᠨ ᠬᠦᠵᠦᠭᠦᠦ ᠤᠮᠠᠢ ᠠᠭᠠᠷᠴᠠᠭ ᠤ᠋ᠨ ᠬᠥᠨᠳᠡᠢ ᠭᠡᠵᠦ ᠦᠷᠡᠵᠢᠯ ᠦ᠋ᠨ ᠡᠷᠬᠡᠲᠡᠨ᠂ ᠳᠠᠭᠠᠯᠲᠠ ᠡᠷᠬᠡᠲᠡᠨ ᠳ᠋ᠦ᠍ ᠲᠤᠰ ᠲᠤᠰ ᠪᠦᠷᠢᠯᠳᠦᠨ᠎ᠡ ᠭᠡᠵᠦ ᠣᠨᠴᠠ ᠲᠣᠳᠣᠷᠬᠠᠢᠯᠠᠭᠰᠠᠨ ᠦᠭᠡᠢ᠃ ᠡᠨᠡ ᠨᠢ ᠮᠢᠨᠦ ᠦᠵᠡᠬᠦ ᠪᠡᠷ ᠪᠦᠷᠢᠯᠳᠦᠭᠰᠡᠨ ᠡᠪᠡᠳᠴᠢᠨ ᠨᠢ ᠭᠣᠣᠯᠳᠠᠭᠤ ᠠᠭᠠᠷᠴᠠᠭ ᠤ᠋ᠨ ᠬᠥᠨᠳᠡᠢ ᠦᠷᠡᠵᠢᠯ ᠦ᠋ᠨ ᠡᠷᠬᠡᠲᠡᠨ ᠲᠡᠭᠦᠨ ᠦ᠌ ᠣᠢᠷᠠᠯᠴᠠᠭᠠᠬᠢ ᠡᠳ᠋ ᠨᠡᠬᠡᠳᠡᠰᠦ ᠳ᠋ᠦ᠍ ᠪᠦᠷᠢᠯᠳᠦᠵᠦ ᠡᠪᠡᠳᠴᠢᠯᠡᠬᠦ ᠨᠢ ᠣᠯᠠᠨ ᠲᠤᠯᠠ ᠡᠮᠡᠭᠲᠡᠢ ᠶ᠋ᠢᠨ ᠪᠦᠷᠢᠯᠳᠦᠬᠦ ᠶᠡᠷᠦᠩᠬᠡᠢ ᠡᠪᠡᠳᠴᠢᠨ ᠭᠡᠵᠦ᠂ ᠰᠢᠨᠵᠢ ᠲᠡᠮᠳᠡᠭ ᠢ᠋ᠶ᠋ᠡᠷ ᠨᠢ ᠴᠢᠰᠤ ᠪᠦᠷᠢᠯᠳᠦᠬᠦ᠂ ᠬᠡᠢ ᠪᠦᠷᠢᠯᠳᠦᠬᠦ ᠭᠡᠵᠦ ᠶᠡᠷᠦᠩᠬᠡᠢᠯᠡᠨ ᠬᠤᠪᠢᠶᠠᠨ᠎ᠠ᠃ 
       ᠴᠢᠰᠤ ᠪᠦᠷᠢᠯᠳᠦᠭᠰᠡᠨ ᠡᠪᠡᠳᠴᠢᠨ ᠦ᠌ ᠶᠡᠷᠦᠩᠬᠡᠢ ᠰᠢᠨᠵᠢ᠄ ᠪᠡᠯᠬᠡᠭᠦᠰᠦ ᠳᠠᠪᠤᠰᠠᠩ ᠠ᠋ᠴᠠ ᠳᠣᠷᠣᠭᠰᠢ ᠶᠠᠰᠤ ᠨᠢ ᠱᠠᠷᠬᠢᠷᠠᠨ ᠡᠪᠡᠳᠬᠦ᠂ ᠭᠡᠳᠡᠰᠦᠨ ᠦ᠌ ᠳᠣᠣᠷ᠎ᠠ ᠨᠢ ᠬᠠᠯᠠᠭᠤᠨ ᠣᠷᠬᠢᠨ᠎ᠠ᠃ 
       ᠰᠢᠯᠵᠢᠭᠰᠡᠨ ᠭᠡᠮ ᠦ᠋ᠨ ᠡᠪᠡᠳᠬᠦ ᠣᠷᠣᠨ ᠨᠢ᠄ ᠬᠡᠪᠡᠯᠢ᠂ ᠤᠭᠤᠴᠠ᠂ ᠣᠬᠣᠷ ᠰᠡᠭᠦᠯ᠂ ᠨᠢᠭᠤᠴᠠ᠂ ᠬᠣᠰᠬᠢᠨᠠᠭ᠂ ᠪᠦᠳᠦᠭᠦᠨ ᠭᠤᠶ᠎ᠠ ᠪᠠᠷ ᠰᠠᠴᠤᠷᠠᠯᠲᠠ ᠶ᠋ᠢᠨ ᠴᠢᠨᠠᠷᠲᠠᠢ ᠡᠪᠡᠳᠬᠦ᠂ ᠵᠠᠷᠢᠮ ᠨᠢ ᠳᠦᠯᠢᠭᠦᠯᠬᠦ᠂ ᠡᠪᠡᠷᠰᠢᠶᠡᠯ ᠨᠢ ᠲᠡᠰᠬᠦᠶ᠎ᠡ ᠪᠡᠷᠬᠡ ᠪᠠᠢᠳᠠᠭ᠃ ᠪᠦᠷᠢᠯᠳᠦᠭᠰᠡᠨ ᠳ᠋ᠦ᠍ ᠠᠷᠤ ᠪᠡᠶ᠎ᠡ ᠥᠷᠥᠴᠡ ᠪᠡᠷ ᠨᠢ ᠬᠠᠳᠬᠤᠯᠠᠬᠤ ᠰᠤᠳᠠᠯ ᠤ᠋ᠳ ᠨᠢ ᠪᠣᠯᠭᠢᠯᠵᠢᠨ ᠯᠤᠭᠰᠢᠨ᠎ᠠ᠃ ᠰᠢᠯᠵᠢᠭᠰᠡᠨ ᠭᠡᠮ ᠳ᠋ᠦ᠍ ᠪᠠᠭ᠎ᠠ ᠬᠡᠮᠵᠢᠶᠡᠨ ᠦ᠌ ᠬᠠᠯᠠᠭᠤᠷᠠᠬᠤ ᠪᠥᠭᠡᠳ ᠴᠢᠰᠤᠨ ᠲᠤᠨᠤᠳᠠᠰᠤ ᠳᠡᠭᠡᠭᠰᠢᠯᠡᠬᠦ ᠦᠵᠡᠭᠳᠡᠯ ᠲᠡᠢ᠃ ᠪᠥᠭᠡᠷ᠎ᠡ᠂ ᠳᠠᠪᠤᠰᠠᠩ᠂ ᠰᠢᠭᠡᠰᠦ ᠳᠠᠮᠵᠢᠭᠤᠯᠬᠤ ᠴᠣᠷᠭᠣ ᠳ᠋ᠤ᠌ ᠣᠷᠣᠰᠢᠭᠰᠠᠨ ᠢ᠋ᠶ᠋ᠠᠷ ᠪᠡᠶ᠎ᠡ ᠳᠠᠭᠠᠷᠠᠳᠠᠰᠤ ᠬᠦᠷᠴᠦ ᠬᠠᠯᠠᠭᠤᠷᠠᠬᠤ ᠰᠢᠨᠵᠢ ᠳᠠᠬᠢᠨ ᠳᠠᠪᠲᠠᠨ ᠢᠯᠡᠷᠡᠳᠡᠭ ᠪᠥᠭᠡᠳ ᠬᠠᠪᠢᠷᠭ᠎ᠠ ᠬᠠᠵᠠᠭᠤ ᠪᠠᠷ ᠬᠠᠳᠬᠤᠯᠠᠵᠤ ᠡᠪᠡᠳᠦᠨ᠎ᠡ᠃ ᠦᠷᠪᠢᠰᠦᠯ ᠳᠠᠪᠬᠤᠷᠯᠠᠪᠠᠯ ᠰᠢᠨᠵᠢ ᠨᠢ ᠢᠯᠡᠭᠦᠦ ᠪᠥᠭᠡᠳ ᠢᠯᠭᠠᠨ ᠣᠨᠣᠰᠢᠯᠠᠬᠤ ᠳ᠋ᠤ᠌ ᠬᠦᠴᠢᠷᠲᠡᠢ᠃ ᠪᠦᠷᠢᠯᠳᠦᠭᠰᠡᠨ ᠨᠢᠰᠤᠭᠤ ᠪᠠ ᠵᠢᠵᠢᠭ ᠭᠦᠪᠳᠦᠷᠦᠦ ᠭᠠᠷᠬᠤ᠂ ᠤᠮᠠᠢ ᠶ᠋ᠢᠨ ᠴᠢᠰᠤ ᠨᠢ ᠴᠤᠭᠯᠠᠷᠠᠬᠤ ᠪᠠ ᠴᠤᠪᠤᠷᠠᠬᠤ ᠡᠰᠡᠬᠦᠯ᠎ᠡ ᠥᠭᠡᠷᠢ ᠪᠣᠯᠤᠨ᠎ᠠ᠃ ᠰᠢᠯᠵᠢᠭᠰᠡᠨ ᠭᠡᠮ ᠨᠢ ᠬᠦᠢᠰᠦ᠂ ᠮᠡᠰᠡ ᠵᠠᠰᠠᠯ ᠤ᠋ᠨ ᠰᠣᠷᠪᠢ᠂ ᠬᠡᠦᠬᠡᠨ ᠬᠡᠪᠲᠡᠰᠢ ᠶ᠋ᠢᠨ ᠬᠦᠵᠦᠭᠦᠦ᠂ ᠤᠮᠠᠢ ᠶ᠋ᠢᠨ ᠬᠣᠢᠲᠤ ᠬᠤᠳᠤᠩᠬᠣᠷ ᠲᠤ᠌ ᠪᠣᠷᠣᠪᠲᠤᠷ ᠬᠥᠬᠡ ᠵᠢᠵᠢᠭ ᠭᠦᠪᠳᠦᠷᠦᠦ ᠭᠠᠷᠴᠤ ᠬᠦᠷᠦᠯᠴᠡᠪᠡᠯ ᠴᠢᠰᠤ ᠭᠠᠷᠤᠨ᠎ᠠ᠃ ᠰᠠᠷ᠎ᠠ ᠶ᠋ᠢᠨ ᠭᠬᠢᠷ ᠲᠡᠭᠰᠢ ᠦᠭᠡᠢ ᠪᠣᠯᠤᠨ᠎ᠠ᠃ ᠬᠡᠦᠬᠡᠨ ᠬᠡᠪᠲᠡᠰᠢ ᠶ᠋ᠢᠨ ᠪᠤᠯᠴᠢᠩ ᠤ᠋ᠨ ᠬᠠᠪᠤᠳᠠᠷ ᠳᠠᠪᠬᠤᠷᠯᠠᠪᠠᠯ ᠰᠠᠷ᠎ᠠ ᠶ᠋ᠢᠨ ᠭᠬᠢᠷ ᠦ᠋ᠨ ᠬᠡᠮᠵᠢᠶ᠎ᠡ ᠡᠯᠪᠡᠭᠰᠢᠬᠦ ᠪᠠ ᠬᠤᠭᠤᠴᠠᠭ᠎ᠠ ᠨᠢ ᠤᠷᠲᠤᠳᠬᠤ ᠪᠣᠯᠤᠨ᠎ᠠ᠃ ᠬᠠᠯᠳᠠᠪᠤᠷᠢ ᠭᠡᠮ ᠳᠠᠪᠬᠤᠷᠯᠠᠪᠠᠯ ᠥᠭᠡᠷᠢ ᠢᠳᠡᠭᠡ ᠪᠣᠯᠵᠤ ᠴᠤᠪᠤᠷᠠᠨ᠎ᠠ᠃ 
       ᠬᠡᠢ ᠪᠦᠷᠢᠯᠳᠦᠭᠰᠡᠨ ᠦ᠌ ᠰᠢᠨᠵᠢ᠄ ᠶᠠᠰᠤ ᠨᠢ ᠱᠠᠷᠬᠢᠷᠠᠨ᠂ ᠵᠢᠷᠦᠬᠡ ᠨᠢ ᠠᠮᠤᠷ ᠦᠭᠡᠢ ᠪᠣᠯᠬᠤ᠂ ᠲᠣᠯᠣᠭᠠᠢ ᠨᠢ ᠡᠷᠭᠢᠬᠦ᠂ ᠲᠣᠯᠣᠭᠠᠢ ᠶᠠᠰᠤ ᠨᠢ ᠬᠦᠢᠲᠡᠨ ᠣᠷᠬᠢᠬᠤ ᠪᠤᠶᠤ ᠰᠡᠷᠢᠭᠦᠨ ᠪᠣᠯᠬᠤ᠂ ᠮᠢᠬ᠎ᠠ ᠠᠷᠠᠰᠤᠨ ᠤ᠋ ᠵᠠᠪᠰᠠᠷ ᠲᠤ᠌ ᠡᠪᠡᠳᠬᠦ᠂ ᠮᠢᠬ᠎ᠠ ᠨᠢ ᠰᠡᠯᠬᠦᠷᠡᠵᠦ ᠬᠥᠭᠡᠬᠦ᠂ ᠦᠶ᠎ᠡ ᠭᠡᠰᠢᠭᠦᠦ ᠤᠨᠲᠠᠷᠠᠬᠤ᠂ ᠨᠢᠳᠦ ᠨᠢ ᠪᠦᠷᠦᠭᠡᠯᠵᠡᠬᠦ ᠰᠣᠯᠢᠶᠠᠷᠠᠬᠤ ᠪᠤᠶᠤ ᠦᠬᠦᠳᠬᠡᠬᠦ ᠪᠠ ᠮᠠᠷᠲᠠᠮᠠᠲᠠᠭᠠᠢ ᠪᠣᠯᠬᠤ᠂ ᠳᠠᠪᠤᠰᠠᠩ ᠪᠠ ᠭᠡᠳᠡᠰᠦᠨ ᠦ᠌ ᠳᠣᠣᠷ᠎ᠠ ᠨᠢ ᠪᠣᠭᠣᠭᠳᠠᠬᠤ ᠪᠣᠯᠯᠠᠩᠬᠢᠷ ᠰᠢᠭᠦᠰᠦ ᠪᠠᠭᠤᠬᠤ᠂ ᠰᠠᠷ᠎ᠠ ᠶ᠋ᠢᠨ ᠭᠬᠢᠷ ᠨᠢ ᠲᠠᠰᠤᠷᠠᠯ ᠦᠭᠡᠢ ᠴᠤᠪᠤᠷᠠᠨ᠎ᠠ᠃ ᠰᠢᠯᠵᠢᠭᠰᠡᠨ ᠭᠡᠮ ᠨᠢ ᠰᠠᠷ᠎ᠠ ᠶ᠋ᠢᠨ ᠭᠬᠢᠷ ᠲᠡᠭᠰᠢ ᠦᠭᠡᠢ᠂ ᠣᠯᠠᠨ ᠳᠠᠬᠢᠨ ᠪᠠᠭᠤᠯᠭᠠᠬᠤ ᠠ᠋ᠴᠠ ᠴᠢᠰᠤ ᠳᠤᠲᠠᠭᠳᠠᠵᠤ᠂ ᠲᠣᠯᠣᠭᠠᠢ ᠡᠷᠭᠢᠬᠦ᠂ ᠵᠢᠷᠦᠬᠡ ᠴᠡᠴᠡᠷᠡᠬᠦ᠂ ᠨᠢᠳᠦ ᠡᠷᠢᠶᠡᠯᠵᠢᠬᠦ ᠵᠡᠷᠭᠡ ᠰᠢᠨᠵᠢ ᠲᠡᠮᠳᠡᠭ ᠢᠯᠡᠷᠡᠬᠦ ᠪᠥᠭᠡᠳ ᠰᠢᠯᠵᠢᠭᠰᠡᠨ ᠭᠡᠮ ᠨᠢ ᠥᠨᠳᠡᠭᠡᠪᠴᠢ ᠪᠠ ᠠᠭᠠᠷᠴᠠᠭ ᠤ᠋ᠨ ᠬᠥᠨᠳᠡᠢ ᠳ᠋ᠦ᠍ ᠤᠭᠤᠲᠠᠯᠢᠭ ᠬᠠᠪᠤᠳᠠᠷ ᠪᠣᠯᠤᠨ ᠪᠦᠷᠢᠯᠳᠦᠬᠦ ᠡᠴᠡ ᠲᠦᠷᠭᠡᠨ ᠴᠢᠨᠠᠷᠲᠠᠢ ᠬᠡᠪᠡᠯᠢ ᠡᠪᠡᠳᠬᠦ ᠪᠣᠯᠤᠨ᠎ᠠ᠃ ᠲᠣᠰᠪᠣᠷᠢ ᠶ᠋ᠢᠨ ᠰᠢᠨᠵᠢ ᠶ᠋ᠢ ᠬᠠᠷᠢᠴᠠᠭᠤᠯᠤᠭᠰᠠᠨ ᠠᠭᠤᠯᠭ᠎ᠠ ᠶ᠋ᠢ ᠠᠳᠠ ᠳᠥᠭᠥᠮᠴᠢᠯᠡᠪᠡ᠃ ᠰᠢᠯᠵᠢᠭᠰᠡᠨ ᠭᠡᠮ ᠨᠢ 30 — 50 ᠨᠠᠰᠤᠨ ᠤ᠋ ᠬᠣᠭᠣᠷᠣᠨᠳᠣᠬᠢ ᠬᠥᠩᠭᠡᠵᠢᠬᠦ ᠨᠠᠰᠤᠨ ᠤ᠋ ᠡᠮᠡᠭᠲᠡᠢ ᠳ᠋ᠦ᠍ ᠲᠣᠬᠢᠶᠠᠯᠳᠤᠨ᠎ᠠ᠃ ᠪᠦᠷᠢᠯᠳᠦᠭᠰᠡᠨ ᠡᠪᠡᠳᠴᠢᠨ ᠨᠢ ᠨᠠᠰᠤᠨ ᠤ᠋ ᠬᠢᠵᠠᠭᠠᠷ ᠢ᠋ᠶ᠋ᠠᠷ ᠲᠣᠳᠣᠷᠬᠠᠢᠯᠠᠭᠰᠠᠨ ᠦᠭᠡᠢ ᠪᠣᠯᠪᠠᠴᠤ᠂ ᠰᠠᠷ᠎ᠠ ᠶ᠋ᠢᠨ ᠭᠬᠢᠷ ᠡᠴᠡ ᠰᠢᠯᠲᠠᠭᠠᠯᠠᠨ ᠡᠪᠡᠳᠴᠢᠯᠡᠬᠦ ᠲᠤᠯᠠ ᠰᠠᠷ᠎ᠠ ᠶ᠋ᠢᠨ ᠭᠬᠢᠷ ᠪᠣᠢ ᠪᠣᠯᠵᠤ ᠢᠷᠡᠭᠰᠡᠨ ᠡᠮᠡᠭᠲᠡᠢᠴᠦᠳ ᠨᠡᠷᠪᠡᠭᠳᠡᠬᠦ  ᠶᠦ᠍ᠮ ᠪᠠᠢᠨ᠎ᠠ᠃ 
       ᠡᠮᠨᠡᠨ ᠵᠠᠰᠠᠬᠤ᠄ ᠧᠦ᠋ᠷᠣᠫᠠ ᠡᠮᠨᠡᠯᠭᠡ ᠶ᠋ᠢᠨ ᠬᠢᠨ ᠠᠭᠠᠷᠴᠠᠭ ᠤ᠋ᠨ ᠬᠥᠨᠳᠡᠢ ᠶ᠋ᠢᠨ ᠦᠷᠪᠢᠰᠦᠯ ᠢ᠋ ᠶᠡᠬᠡ ᠬᠡᠮᠵᠢᠶᠡᠨ ᠦ᠌ ᠪᠠᠺᠲ᠋ᠧᠷᠢ ᠶ᠋ᠢ ᠳᠠᠷᠤᠬᠤ ᠡᠮ ᠢ᠋ ᠬᠡᠷᠡᠭᠯᠡᠳᠡᠭ᠃ ᠬᠠᠯᠠᠭᠤᠨ ᠡᠪᠡᠳᠴᠢᠨ ᠢ᠋ ᠡᠮᠨᠡᠨ ᠵᠠᠰᠠᠬᠤ ᠳ᠋ᠠᠭᠠᠨ ᠶᠡᠷᠦᠩᠬᠡᠢ ᠳ᠋ᠦ᠍ᠨᠢ ᠶᠡᠷᠦᠨᠳᠡᠭ ᠢ᠋ ᠡᠪᠡᠳᠴᠢᠨ ᠳ᠋ᠦ᠍ᠨᠢ ᠲᠣᠬᠢᠷᠠᠭᠤᠯᠬᠤ᠂ ᠵᠠᠩᠭᠢᠯᠠᠭ᠎ᠠ ᠶ᠋ᠢᠨ ᠴᠠᠭ ᠢ᠋ ᠪᠠᠷᠢᠮᠲᠠᠯᠠᠬᠤ᠂ ᠬᠠᠯᠠᠭᠤᠨ ᠢ᠋ ᠳᠠᠷᠤᠬᠤ ᠶᠡᠷᠦᠨᠳᠡᠭ ᠭᠡᠮᠡᠨ ᠭᠤᠷᠪᠠᠨ ᠵᠦᠢᠯ ᠳ᠋ᠦ᠍ ᠬᠤᠷᠢᠶᠠᠩᠭᠤᠢᠯᠠᠨ ᠡᠪᠡᠳᠴᠢᠲᠡᠨ ᠦ᠌ ᠪᠠᠢᠳᠠᠯ ᠳ᠋ᠤᠨᠢ ᠵᠣᠬᠢᠴᠠᠭᠤᠯᠤᠨ ᠡᠮᠨᠡᠳᠡᠭ᠃ ᠠᠭᠠᠷᠴᠠᠭ ᠤ᠋ᠨ ᠬᠥᠨᠳᠡᠢ ᠶ᠋ᠢᠨ ᠦᠷᠪᠢᠰᠦᠯ ᠢ᠋ ᠴᠦ᠍ ᠬᠠᠯᠠᠭᠤᠨ ᠡᠪᠡᠳᠴᠢᠨ ᠳ᠋ᠦ᠍ ᠬᠤᠪᠢᠶᠠᠷᠢᠯᠠᠨ ᠡᠮᠨᠡᠪᠡᠯ ᠡᠳᠡᠭᠡᠷᠡᠳᠡᠭ᠃ 
       ᠳ᠋ᠦᠩᠨᠡᠯᠲᠡ᠄ ᠧᠦ᠋ᠷᠣᠫᠠ ᠡᠮᠨᠡᠯᠭᠡ ᠶ᠋ᠢᠨ ᠬᠡᠦᠬᠡᠨ ᠬᠡᠪᠲᠡᠰᠢ ᠶ᠋ᠢᠨ ᠳᠣᠲᠣᠷ ᠪᠦᠷᠬᠦᠪᠴᠢ ᠰᠢᠯᠵᠢᠭᠰᠡᠨ ᠭᠡᠮ ᠨᠢ ᠪᠦᠷᠢᠯᠳᠦᠭᠰᠡᠨ ᠡᠪᠡᠳᠴᠢᠨ ᠲᠡᠢ ᠡᠪᠡᠳᠴᠢᠨ ᠦ᠌ ᠰᠢᠯᠲᠠᠭᠠᠨ ᠨᠥᠬᠥᠴᠡᠯ᠂ ᠡᠪᠡᠳᠴᠢᠯᠡᠬᠦ ᠣᠷᠣᠨ᠂ ᠡᠪᠡᠳᠴᠢᠨ ᠦ᠌ ᠰᠢᠨᠵᠢ ᠵᠡᠷᠭᠡ ᠲᠠᠯ᠎ᠠ ᠪᠠᠷ ᠠᠳᠠᠯᠢᠪᠲᠤᠷ ᠪᠠᠢᠳᠠᠭ᠃ ᠰᠢᠯᠵᠢᠭᠰᠡᠨ ᠭᠡᠮ ᠳ᠋ᠦ᠍ ᠠᠭᠠᠷᠴᠠᠭ ᠤ᠋ᠨ ᠬᠥᠨᠳᠡᠢ ᠶ᠋ᠢᠨ ᠦᠷᠪᠢᠰᠦᠯ ᠪᠠ ᠪᠤᠰᠤ ᠦᠷᠪᠢᠰᠦᠯ ᠬᠠᠯᠳᠠᠪᠤᠷᠢ ᠭᠡᠮ ᠬᠡᠦᠬᠡᠨ ᠬᠡᠪᠲᠡᠰᠢ ᠶ᠋ᠢᠨ ᠪᠤᠯᠴᠢᠩ ᠤ᠋ᠨ ᠬᠠᠪᠤᠳᠠᠷ ᠵᠡᠷᠭᠡ ᠡᠪᠡᠳᠴᠢᠨ ᠬᠠᠪᠰᠤᠷᠤᠨ ᠢᠯᠡᠷᠡᠳᠡᠭ᠃ ᠲᠦᠷᠭᠡᠨ ᠴᠢᠨᠠᠷᠲᠠᠢ ᠠᠭᠠᠷᠴᠠᠭ ᠤ᠋ᠨ ᠬᠥᠨᠳᠡᠢ ᠶ᠋ᠢᠨ ᠦᠷᠪᠢᠰᠦᠯ ᠨᠢ ᠪᠦᠬᠦ ᠪᠡᠶ᠎ᠡ ᠶ᠋ᠢᠨ ᠡᠪᠡᠳᠴᠢᠨ ᠦ᠌ ᠰᠢᠨᠵᠢ ᠶ᠋ᠢ ᠢᠯᠡᠷᠡᠭᠦᠯᠬᠦ ᠪᠡᠷ ᠢ᠋ᠶ᠋ᠡᠨ ᠨᠢᠶᠠᠨ ᠬᠠᠯᠠᠭᠤᠨ ᠡᠪᠡᠨᠴᠢᠨ ᠲᠡᠢ ᠠᠳᠠᠯᠢ ᠪᠠᠢᠳᠠᠭ᠃ ᠤᠳᠠᠭᠠᠨ ᠴᠢᠨᠠᠷᠲᠠᠢ ᠠᠭᠠᠷᠴᠠᠭ ᠤ᠋ᠨ ᠬᠥᠨᠳᠡᠢ ᠶ᠋ᠢᠨ ᠦᠷᠪᠢᠰᠦᠯ ᠢ᠋ ᠬᠠᠭᠤᠴᠢᠷᠷᠠᠭᠰᠠᠨ᠂ ᠪᠤᠯᠠᠩᠭᠢᠷᠲᠤᠭᠰᠠᠨ᠂ ᠬᠣᠭᠣᠰᠣᠷᠠᠭᠰᠠᠨ ᠬᠠᠯᠠᠭᠤᠨ ᠡᠪᠡᠳᠴᠢᠨ ᠦ᠌ ᠬᠦᠷᠢᠶ᠎ᠡ ᠬᠡᠪᠴᠢᠶᠡᠨ ᠳ᠋ᠦ᠍ ᠪᠠᠭᠲᠠᠭᠠᠨ ᠡᠮᠴᠢᠯᠡᠵᠦ ᠪᠣᠯᠤᠨ᠎ᠠ᠃  ᠮᠣᠩᠭᠣᠯ ᠠᠨᠠᠭᠠᠬᠤ ᠤᠬᠠᠭᠠᠨ ᠨᠢ ᠬᠥᠮᠦᠨ ᠦ᠌ ᠪᠡᠶ᠎ᠡ ᠶ᠋ᠢ ᠨᠢᠭᠡᠳᠦᠮᠡᠯ ᠴᠣᠭᠴᠠ ᠪᠠᠷ ᠦᠵᠡᠵᠦ᠂ ᠡᠪᠡᠳᠴᠢᠨ ᠡᠮᠭᠡᠭ ᠨᠢ ᠳ᠋ᠠᠩ ᠭᠠᠭᠴᠠ ᠪᠠᠷ ᠣᠷᠣᠰᠢᠬᠤ ᠦᠭᠡᠢ ᠬᠠᠷᠢᠯᠴᠠᠨ ᠨᠥᠯᠥᠭᠡᠯᠡᠨ᠎ᠡ ᠭᠡᠵᠦ ᠦᠵᠡᠳᠡᠭ᠃ ᠢᠯᠠᠩᠭᠤᠶ᠎ᠠ ᠰᠠᠮᠰᠸ (ᠥᠨᠳᠡᠭᠡᠪᠴᠢ)ᠨᠢ ᠬᠤᠷᠠᠮᠠᠯ ᠤ᠋ᠨ ᠴᠢᠨᠠᠷᠲᠠᠢ ᠲᠤᠯᠠ ᠳ᠋ᠠᠩ ᠡᠪᠡᠳᠴᠢᠨ ᠢᠯᠡᠷᠡᠬᠦ ᠨᠢ ᠴᠥᠭᠡᠨ᠂ ᠡᠢᠮᠦ ᠡᠴᠡ ᠪᠦᠷᠢᠯᠳᠦᠭᠰᠡᠨ ᠡᠪᠡᠳᠴᠢᠨ ᠴᠦ᠍ ᠳ᠋ᠠᠩ ᠭᠠᠭᠴᠠ ᠪᠠᠷ ᠣᠷᠣᠰᠢᠬᠤ ᠦᠭᠡᠢ ᠬᠠᠯᠠᠭᠤᠨ ᠬᠦᠢᠲᠡᠨ ᠡᠪᠡᠳᠴᠢᠨ ᠠᠯᠢᠨ ᠴᠤ᠌ ᠳᠠᠪᠬᠤᠷᠯᠠᠵᠤ ᠮᠡᠳᠡᠨ᠎ᠡ᠃ ᠡᠢᠮᠦ ᠡᠴᠡ ᠡᠷᠲᠡᠨ ᠡᠴᠡ ᠪᠡᠨ ᠠᠪᠤᠭᠠᠳ ᠬᠦᠴᠢᠷ ᠪᠤᠳᠤᠯᠢᠶᠠᠨᠲᠠᠢ ᠡᠪᠡᠳᠴᠢᠨ ᠭᠡᠵᠦ ᠨᠡᠷᠡᠯᠡᠭᠰᠡᠭᠡᠷ ᠢᠷᠡᠭᠰᠡᠨ ᠶᠦ᠍ᠮ᠃ 

— — — —
 ᠬᠢᠨᠠᠯᠲᠠ ᠶ᠋ᠢᠨ ᠮᠠᠲ᠋ᠧᠷᠢᠶᠠᠯ ᠄
《ᠠᠨᠠᠭᠠᠬᠤ ᠤᠬᠠᠭᠠᠨ ᠤ᠋ ᠳᠥᠷᠪᠡᠨ ᠦᠨᠳᠦᠰᠦ》 (ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 1977. 8) 
 ᠢᠷᠡᠯᠲᠡ᠄ ᠮᠣᠩᠭᠣᠯ ᠡᠮ ᠡᠮᠨᠡᠯᠭᠡ ᠰᠡᠳᠬᠦᠯ -1996 ᠣᠨ 

            ᠦᠰᠦᠭ ᠠᠮᠢᠯᠠᠭᠤᠯᠤᠭᠴᠢ᠄ ᠭᠠᠸᠠ ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃