ᠬᠠᠢᠷ᠎ᠠ-ᠮᠥᠩᠬᠡᠪᠠᠭᠠᠲᠤᠷ Хайр-Мөнхбаатар
ᠬᠠᠢᠷ᠎ᠠ
ᠮᠥᠩᠬᠡᠪᠠᠭᠠᠲᠤᠷ ᠳᠠᠭᠤᠯᠠᠨ᠎ᠠ
ᠤᠷᠢᠬᠠᠨ ᠰᠠᠯᠬᠢ ᠴᠡᠭᠡᠵᠢᠨ ᠳᠣᠲᠣᠷ᠎ᠠ ᠦᠷᠦ ᠵᠢᠷᠦᠬᠡ ᠶ᠋ᠢ ᠮᠢᠨᠢ ᠡᠵᠡᠮᠳᠡᠬᠦ ᠶᠦᠮ
ᠤᠷᠢᠨ ᠳᠤᠯᠠᠭᠠᠨ ᠳ᠋ᠤ᠌ ᠠᠩᠬᠠᠨ ᠤ᠋ ᠵᠢᠷᠭᠢᠬᠦ ᠰᠢᠪᠠᠭᠤᠳ ᠰᠢᠭ᠋ ᠪᠤᠯᠭᠢᠬᠤ ᠶᠤᠮ
ᠤᠴᠠᠷᠠᠬᠤ ᠪᠦᠷᠢ ᠳ᠋ᠡᠭᠡᠨ ᠴᠢᠨᠦᠬᠢ ᠪᠡᠨ ᠰᠡᠳᠬᠢᠯ ᠢ᠋ ᠬᠦᠨᠳᠦᠯᠡᠨ ᠬᠦᠨᠳᠦᠯᠡᠭᠰᠡᠭᠡᠷ
ᠤᠴᠢᠷᠯᠠᠵᠤ ᠢᠯᠡᠴᠢᠯᠡᠵᠦ ᠴᠢᠳᠠᠯ ᠦᠭᠡᠢ ᠪᠢ ᠦᠷᠦ ᠵᠢᠷᠦᠬᠡᠨ ᠳ᠋ᠡᠭᠡᠨ ᠳᠣᠭᠳᠣᠯᠤᠭᠰᠠᠭᠠᠷ
ᠬᠢᠨ ᠨᠢᠭᠡ ᠬᠥᠮᠦᠨ ᠳ᠋ᠦ᠍ ᠬᠡᠯᠡᠵᠦ ᠠᠮᠵᠢᠭ᠎ᠠ ᠦᠭᠡᠢ ᠡᠨᠡᠬᠡᠨ ᠬᠠᠢᠷ᠎ᠠ ᠶ᠋ᠢ ᠮᠢᠨᠢ
ᠬᠡᠰᠡᠭᠬᠡᠨ ᠵᠠᠭᠤᠷ᠎ᠠ ᠴᠤ᠌ ᠪᠣᠯᠪᠠ ᠲᠡᠪᠡᠷᠢᠨ ᠮᠦᠰᠢᠶᠡᠭᠡᠴᠢ ᠨᠠᠢᠵᠠ ᠮᠢᠨᠢ
ᠨᠡᠷᠡᠯᠬᠡᠦ ᠰᠡᠳᠬᠢᠯ ᠦ᠋ᠨ ᠨᠢᠭᠡᠨ ᠠᠳᠠᠯᠢ ᠪᠠᠷ ᠬᠠᠨᠳᠤᠵᠤ
ᠨᠢᠮᠭᠡᠨ ᠳᠡᠪᠲᠡᠷ ᠲᠡᠭᠡᠨ ᠯᠡ ᠪᠢᠴᠢᠵᠦ ᠰᠠᠭᠤᠨ᠎ᠠ ᠳᠠ ᠬᠠᠢᠷᠠᠲᠤ ᠮᠢᠨᠢ
ᠠᠯᠤᠰ ᠤ᠋ᠨ ᠠᠯᠤᠰ ᠠ᠋ᠴᠠ ᠢᠷᠡᠬᠦ ᠰᠢᠪᠠᠭᠤᠳ
ᠠᠮᠤᠭᠤᠯᠠᠩ ᠨᠠᠭᠤᠷ ᠢ᠋ᠶ᠋ᠠᠨ ᠵᠣᠷᠢᠨ ᠢᠷᠡᠨ᠎ᠡ
ᠠᠮᠠᠷᠠᠭ ᠮᠢᠨᠢ ᠴᠢ ᠨᠠᠮ᠎ᠠ ᠶ᠋ᠢ ᠪᠡᠨ ᠬᠠᠢᠷᠠᠯᠠᠭᠠᠴᠢ
ᠠᠮᠢᠳᠤᠷᠠᠯ ᠤ᠋ᠨ ᠵᠢᠷᠭᠠᠯ ᠠᠮᠠᠯᠠᠨ ᠲᠡᠪᠡᠷᠢᠭᠡᠴᠢ᠃
ᠨᠠᠮᠤᠭᠤᠬᠠᠨ ᠪᠣᠷᠣᠭ᠎ᠠ ᠵᠥᠭᠡᠯᠡᠨ ᠵᠦᠰᠡᠷᠡᠵᠦ
ᠨᠠᠪᠴᠢ ᠰᠡᠭᠦᠳᠡᠷ ᠲᠦ᠍ ᠭᠤᠨᠢᠭᠯᠠᠬᠤ ᠶᠤᠮ
ᠨᠡᠷᠡᠲᠦ ᠳ᠋ᠦ᠍ ᠬᠠᠢᠷᠠᠯᠠᠬᠤ ᠬᠥᠮᠦᠨ ᠲᠡᠢ ᠪᠣᠯᠬᠣᠷ
ᠨᠠᠨᠳᠢᠨ ᠰᠡᠳᠬᠢᠯ ᠤᠶᠠᠷᠠᠬᠤ ᠶᠤᠮ
ᠬᠠᠢᠷᠠᠲᠤ ᠮᠢᠨᠢ ᠴᠢᠨᠦᠬᠢ ᠪᠡᠨ
ᠬᠠᠢᠷᠠᠨ ᠳ᠋ᠤ᠌ ᠡᠷᠬᠡᠯᠡᠨ ᠲᠣᠨᠢᠨ ᠵᠢᠷᠭᠠᠭᠠᠳ
ᠬᠠᠨ ᠬᠣᠷᠸ᠎ᠠ ᠶ᠋ᠢ ᠬᠠᠮᠲᠤ ᠳ᠋ᠠᠭᠠᠨ ᠲᠤᠭᠤᠯᠠᠶᠠ
ᠬᠠᠮᠲᠤ ᠳ᠋ᠠᠭᠠᠨ ᠲᠤᠭᠤᠯᠠᠶᠠ
ᠠᠯᠤᠰ ᠤ᠋ᠨ ᠠᠯᠤᠰ ᠠ᠋ᠴᠠ ᠢᠷᠡᠬᠦ ᠰᠢᠪᠠᠭᠤᠳ
ᠠᠮᠤᠭᠤᠯᠠᠩ ᠨᠠᠭᠤᠷ ᠢ᠋ᠶ᠋ᠠᠨ ᠵᠣᠷᠢᠨ ᠢᠷᠡᠨ᠎ᠡ
ᠠᠮᠠᠷᠠᠭ ᠮᠢᠨᠢ ᠴᠢ ᠨᠠᠮ᠎ᠠ ᠶ᠋ᠢ ᠪᠡᠨ ᠬᠠᠢᠷᠠᠯᠠᠭᠠᠴᠢ
ᠠᠮᠢᠳᠤᠷᠠᠯ ᠤ᠋ᠨ ᠵᠢᠷᠭᠠᠯ ᠠᠮᠠᠯᠠᠨ ᠲᠡᠪᠡᠷᠢᠭᠡᠴᠢ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠠᠯᠲᠠᠨᠴᠢᠮᠡᠭ
