ᠵᠡᠷᠭᠡᠯᠭᠡᠨᠲᠦ ᠭᠣᠪᠢ -ᠮᠦᠩᠭᠦᠨᠴᠡᠴᠡᠭ Зэрэглээнт гови-Мөнгөнцэцэг
ᠵᠡᠷᠭᠡᠯᠭᠡᠨᠲᠦ ᠭᠣᠪᠢ
ᠦᠭᠡ᠄ ᠨᠠᠰᠤᠨ
ᠠᠶ᠎ᠠ᠄ ᠰ· ᠡᠩᠬᠡᠪᠠᠶᠠᠷ
ᠳᠠᠭᠤᠴᠢᠨ᠄ ᠮᠦᠩᠭᠦᠨᠴᠡᠴᠡᠭ
ᠪᠤᠮᠠᠨ ᠪᠠᠷ᠎ᠠ ᠠ᠋ᠴᠠ ᠳᠠᠯᠠᠯᠤᠭᠠᠳ ᠪᠠᠢᠬᠤ ᠶᠤᠮ ᠵᠡᠷᠭᠡᠯᠭᠡᠨ ᠳᠡ
ᠪᠤᠭᠤᠷᠤᠯ ᠲᠡᠦᠬᠡ ᠮᠢᠨᠢ ᠲᠣᠳᠣᠷᠠᠭᠠᠳ ᠪᠠᠢᠬᠤ ᠶᠤᠮ ᠨᠢᠳᠦᠨ ᠳ᠋ᠦ᠍ ᠮᠢᠨᠢ ᠠ᠋
ᠪᠣᠲᠣᠭᠣ ᠲᠣᠷᠣᠮ ᠨᠢ ᠪᠣᠢᠯᠠᠭᠠᠳ ᠪᠠᠢᠬᠤ ᠶ᠋ᠢᠨ ᠵᠡᠷᠭᠡᠯᠭᠡᠨ ᠳᠡ
ᠪᠣᠳᠣᠯ ᠳ᠋ᠤ᠌ ᠨᠢᠭᠡ ᠯᠡ ᠤᠶᠠᠷᠠᠭᠠᠳ ᠪᠠᠢᠬᠤ ᠨᠢ ᠶᠠᠭᠤᠨ ᠤ᠋ ᠬᠢ ᠪᠢᠯᠡ
ᠳᠤᠭᠤᠯᠤᠭᠠᠳ ᠪᠠᠢᠶ᠎ᠠ ᠤᠤ ᠳᠠ
ᠳᠠᠭᠤᠯᠠᠭᠠᠳ ᠪᠠᠷᠠᠨ᠎ᠠ ᠤᠤ ᠳᠠ
ᠨᠡᠷᠡᠲᠦ ᠤᠴᠠᠷᠠᠯᠲᠠᠢᠬᠠᠨ ᠭᠣᠪᠢ ᠮᠢᠨᠦ ᠵᠠ
ᠨᠠᠳᠠ ᠳ᠋ᠤ᠌ ᠤᠬᠠᠭᠠᠷᠠᠯᠲᠠᠢᠬᠠᠨ ᠵᠡᠷᠭᠡᠯᠭᠡᠨ ᠮᠢᠨᠦ ᠵᠠ
ᠲᠤᠯᠤᠭᠠᠳ ᠮᠠᠩᠬ᠎ᠠ ᠨᠢ ᠮᠡᠭᠰᠢᠭᠦᠯᠦᠭᠡᠳ ᠪᠠᠢᠬᠤ ᠨᠢ ᠵᠡᠷᠭᠡᠯᠭᠡᠨ ᠳᠡ
ᠲᠤᠭᠤᠯᠤᠭᠰᠠᠨ ᠡᠯᠡᠭᠡᠭᠰᠡᠨ ᠨᠢ ᠲᠠᠮᠤᠯᠠᠭᠠᠳ ᠪᠠᠢᠬᠤ ᠶᠤᠮ ᠵᠢᠷᠦᠬᠡ ᠶ᠋ᠢ ᠮᠢᠨᠢ ᠠ᠋
ᠲᠣᠣᠷᠠᠢ ᠶ᠋ᠢᠨ ᠵᠠᠭ ᠨᠢ ᠵᠠᠯᠪᠠᠷᠢᠭᠠᠳ ᠪᠠᠢᠬᠤ ᠶ᠋ᠢᠨ ᠵᠡᠷᠭᠡᠯᠭᠡᠨ ᠳᠡ
ᠲᠣᠭᠣᠰᠣ ᠲᠠᠢ ᠬᠣᠷᠸ᠎ᠠ ᠳ᠋ᠤ᠌ ᠲᠦᠩᠰᠦᠢᠭᠡᠳ ᠪᠠᠢᠬᠤ ᠨᠢ ᠶᠠᠭᠠᠬᠢᠭᠠᠳ ᠪᠢᠯᠡ
ᠳᠤᠭᠤᠯᠤᠭᠠᠳ ᠪᠠᠢᠶ᠎ᠠ ᠤᠤ ᠳᠠ
ᠳᠠᠭᠤᠯᠠᠭᠠᠳ ᠪᠠᠷᠠᠨ᠎ᠠ ᠤᠤ ᠳᠠ
ᠨᠡᠷᠡᠲᠦ ᠳ᠋ᠦ᠍ ᠤᠴᠠᠷᠠᠯᠲᠠᠢᠬᠠᠨ ᠭᠣᠪᠢ ᠮᠢᠨᠦ ᠵᠠ
ᠨᠠᠳᠠ ᠳ᠋ᠤ᠌ ᠪᠠᠨ ᠤᠬᠠᠭᠠᠷᠠᠯᠲᠠᠢᠬᠠᠨ ᠵᠡᠷᠭᠡᠯᠭᠡᠨ ᠮᠢᠨᠦ ᠵᠠ
ᠲᠩᠷᠢ ᠶ᠋ᠢᠨ ᠬᠠᠶᠠᠭ᠎ᠠ ᠳᠡᠯᠡᠭᠦᠯᠦᠭᠡᠳ ᠪᠠᠢᠬᠤ ᠨᠢ ᠵᠡᠷᠭᠡᠯᠭᠡᠨ ᠳᠡ
ᠲᠡᠷᠲᠡᠭᠡ ᠬᠣᠵᠢᠮ ᠢ᠋ ᠬᠡᠯᠡᠭᠦᠯᠦᠭᠡᠳ ᠪᠠᠢᠬᠤ ᠶᠤᠮ ᠬᠦᠰᠡᠯ ᠳ᠋ᠦ᠍ ᠮᠢᠨᠢ ᠠ᠋
ᠲᠩᠷᠢᠯᠢᠭ ᠵᠠᠶᠠᠭ᠎ᠠ ᠶ᠋ᠢ ᠢᠷᠦᠭᠡᠭᠡᠳ ᠪᠠᠢᠬᠤ ᠶ᠋ᠢᠨ ᠵᠡᠷᠭᠡᠯᠭᠡᠨ ᠳᠡ
ᠲᠡᠭᠰᠢᠬᠡᠨ ᠵᠢᠷᠭᠠᠬᠤ ᠶ᠋ᠢ ᠰᠢᠪᠡᠨᠡᠭᠡᠳ ᠪᠠᠢᠬᠤ ᠶᠤᠮ ᠨᠠᠳᠠ ᠳ᠋ᠤ᠌ ᠪᠠᠨ ᠪᠢᠯᠡ
ᠳᠤᠭᠤᠯᠤᠭᠠᠳ ᠪᠠᠢᠶ᠎ᠠ ᠤᠤ ᠳᠠ
ᠳᠠᠭᠤᠯᠠᠭᠠᠳ ᠪᠠᠷᠠᠨ᠎ᠠ ᠤᠤ ᠳᠠ
ᠨᠡᠷᠡᠲᠦ ᠳ᠋ᠦ᠍ ᠤᠴᠠᠷᠠᠯᠲᠠᠢᠬᠨ ᠭᠣᠪᠢ ᠮᠢᠨᠦ ᠵᠠ
ᠨᠠᠳᠠ ᠳ᠋ᠤ᠌ ᠪᠠᠨ ᠤᠬᠠᠭᠠᠷᠠᠯᠲᠠᠢᠬᠠᠨ ᠵᠡᠷᠭᠡᠯᠭᠡᠨ ᠮᠢᠨᠦ ᠵᠠ
ᠨᠠᠳᠠ ᠳ᠋ᠤ᠌ ᠪᠠᠨ ᠤᠬᠠᠭᠠᠷᠠᠯᠲᠠᠢᠬᠠᠨ ᠵᠡᠷᠭᠡᠯᠭᠡᠨ ᠮᠢᠨᠦ ᠵᠠ
ᠨᠡᠷᠡᠲᠦ ᠳ᠋ᠦ᠍ ᠤᠴᠠᠷᠠᠯᠲᠠᠢᠬᠠᠨ ᠭᠣᠪᠢ ᠮᠢᠨᠦ ᠵᠠ
ᠦᠰᠦᠭ ᠠᠮᠢᠯᠠᠭᠤᠯᠤᠭᠴᠢ᠄ ᠤᠯᠠᠭᠠᠨ
ᠦᠰᠦᠭ ᠬᠠᠳᠠᠭᠴᠢ᠄ ᠤᠯᠠᠭᠠᠨ
ᠬᠢᠨᠠᠭᠴᠢ᠄ ᠪᠤᠤ᠂ ᠰᠠᠷᠠᠨ᠎ᠠ
