ᠰᠠᠭᠤᠶ᠎ᠠ ᠬᠦ᠋-ᠪ·ᠴᠣᠶ᠋ᠢᠨᠫᠦᠷᠦᠯᠵᠠᠪ᠂ ᠪ·ᠮᠢᠨᠵᠢᠨᠰᠣᠷ Artist Choi Minjinsor - Suuya Hu _ Артист Чой Минжинсор - Сууяа Хө ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠭᠤᠶ᠎ᠠ ᠬᠦ᠋-ᠪ·ᠴᠣᠶ᠋ᠢᠨᠫᠦᠷᠦᠯᠵᠠᠪ᠂ ᠪ·ᠮᠢᠨᠵᠢᠨᠰᠣᠷ Artist Choi Minjinsor - Suuya Hu _ Артист Чой Минжинсор - Сууяа Хө

ᠰᠠᠭᠤᠶ᠎ᠠ ᠬᠦ᠋-ᠪ·ᠴᠣᠶ᠋ᠢᠨᠫᠦᠷᠦᠯᠵᠠᠪ᠂ ᠪ·ᠮᠢᠨᠵᠢᠨᠰᠣᠷ Artist Choi Minjinsor - Suuya Hu _ Артист Чой Минжинсор - Сууяа Хө

ᠠᠩᠭᠢᠯᠠᠯ:ᠳᠠᠭᠤᠤ ᠬᠥᠭᠵᠢᠮ
2025-06-17

733

ᠰᠠᠭᠤᠶ᠎ᠠ ᠬᠦ᠋

   ᠦᠭᠡ᠄ ᠮ·ᠴᠡᠷᠡᠩᠲᠣᠭᠲᠠᠬᠤ 
   ᠠᠶ᠎ᠠ᠄ ᠳ᠂ ᠠᠮᠤᠭᠤᠯᠠᠩᠪᠠᠭᠠᠲᠤᠷ 
   — ᠪ·ᠴᠣᠶ᠋ᠢᠨᠫᠦᠷᠦᠯᠵᠠᠪ᠂ ᠪ·ᠮᠢᠨᠵᠢᠨᠰᠣᠷ ᠳᠠᠭᠤᠯᠠᠨ᠎ᠠ 

ᠠᠳᠤᠭᠤᠴᠢᠨ ᠵᠠᠯᠠᠭᠤ ᠮᠢᠨᠢ ᠬᠦ 
ᠠᠷᠠᠢ ᠯᠠ ᠤᠳᠠᠭᠠᠨ ᠬᠦᠯᠢᠶᠡᠯ᠎ᠡ ᠰᠢᠦ 
ᠠᠮᠠᠯᠠᠭᠰᠠᠨ ᠬᠡᠯᠡᠭᠰᠡᠨ ᠳ᠋ᠡᠭᠡᠨ ᠪᠠᠢᠬᠤ ᠦᠭᠡᠢ ᠪᠣᠯ 
ᠠᠬᠢᠨ ᠴᠢᠮ᠎ᠠ ᠲᠠᠢ ᠠᠭᠤᠯᠵᠠᠬᠤ ᠦᠭᠡᠢ ᠳᠧ 
ᠠᠮᠠᠯᠠᠭᠰᠠᠨ ᠬᠡᠯᠡᠭᠰᠡᠨ ᠳ᠋ᠡᠭᠡᠨ ᠪᠠᠢᠬᠤ ᠦᠭᠡᠢ ᠪᠣᠯ 
ᠠᠬᠢᠨ ᠴᠢᠮ᠎ᠠ ᠲᠠᠢ ᠠᠭᠤᠯᠵᠠᠬᠤ ᠦᠭᠡᠢ ᠳᠧ 


ᠬᠠᠲᠠᠷᠢᠶ᠎ᠠ ᠭᠣᠶᠣᠬᠠᠨ ᠵᠡᠭᠡᠷᠳᠡ ᠪᠡᠨ 
ᠬᠠᠭᠰᠠᠷᠠᠭᠠᠵᠤ ᠪᠢ ᠰᠣᠢᠯ᠎ᠠ ᠳᠠ
ᠬᠠᠢᠷ᠎ᠠ ᠶ᠋ᠢᠨ ᠰᠡᠳᠬᠢᠯ ᠭᠦᠪᠦᠯᠵᠡᠭᠦᠯᠦᠭᠰᠡᠨ
ᠬᠠᠢᠷᠠᠲᠠᠢ ᠴᠢᠮ᠎ᠠ ᠳ᠋ᠠᠭᠠᠨ ᠣᠴᠢᠯ᠎ᠠ ᠳᠠ
ᠬᠠᠢᠷ᠎ᠠ ᠶ᠋ᠢᠨ ᠰᠡᠳᠬᠢᠯ ᠬᠥᠪᠦᠯᠵᠡᠭᠦᠯᠦᠭᠰᠡᠨ
ᠬᠠᠢᠷᠠᠲᠠᠢ ᠴᠢᠮ᠎ᠠ ᠳ᠋ᠠᠭᠠᠨ ᠣᠴᠢᠯ᠎ᠠ ᠳᠠ


ᠲᠠᠪᠤᠨ ᠬᠠᠨ᠎ᠠ ᠲᠠᠢ ᠭᠡᠷ ᠲᠦ᠍ ᠮᠢᠨᠢ
ᠲᠠᠪᠢᠯᠭ᠎ᠠ ᠳᠦᠭᠦᠷᠡᠩ ᠪᠠᠢᠨ᠎ᠠ
ᠲᠠᠪᠤᠨ ᠬᠣᠰᠢᠭᠤ ᠮᠠᠯ ᠮᠢᠨᠢ
ᠲᠠᠯ᠎ᠠ ᠪᠠᠷ ᠳᠦᠭᠦᠷᠡᠩ ᠪᠠᠢᠨ᠎ᠠ
ᠲᠣᠭᠣᠨᠣᠲᠤ ᠭᠡᠷ ᠲᠡᠭᠡᠨ ᠲᠣᠯᠣᠭᠠᠢ ᠬᠣᠯᠪᠣᠵᠤ
ᠲᠣᠰᠣ ᠲᠠᠢ ᠲᠣᠭᠣᠭᠠᠨ ᠳ᠋ᠤ᠌ ᠬᠣᠰᠢᠭᠤ ᠬᠣᠯᠪᠣᠶ᠎ᠠ
ᠲᠣᠷᠮᠣᠭᠣᠷ ᠬᠥᠭᠡᠷᠦᠬᠦᠨ ᠦᠷᠡᠰ ᠢ᠋ᠶ᠋ᠡᠨ ᠲᠣᠭᠣᠷᠢᠭᠤᠯᠤᠭᠠᠳ
ᠲᠠᠩᠬᠢᠯ ᠴᠢᠮᠠᠢ ᠪᠠᠨ ᠵᠢᠷᠭᠠᠭᠠᠨ᠎ᠠ


ᠨᠠᠳᠠ ᠳ᠋ᠠᠭᠠᠨ ᠬᠠᠢᠷᠠᠲᠠᠢ ᠨᠢ ᠦᠨᠡᠨ ᠯᠡ ᠪᠣᠯ
ᠨᠠᠰᠤᠨ ᠤ᠋ ᠢᠲᠡᠭᠡᠯ ᠢ᠋ᠶ᠋ᠡᠨ ᠥᠭᠭᠦᠯ᠎ᠡ ᠪᠢ
ᠨᠠᠮᠤᠷ ᠤ᠋ᠨ ᠰᠢᠪᠠᠭᠤᠳ ᠤ᠋ᠨ ᠭᠠᠩᠭᠠᠨᠠᠨ ᠴᠤᠭᠯᠠᠬᠤ ᠳᠠᠭᠤᠨ ᠠ᠋ᠴᠠ
ᠨᠠᠢᠷ ᠤ᠋ᠨ ᠰᠤᠷᠠᠭ ᠬᠦᠯᠢᠶᠡᠨ᠎ᠡ ᠪᠢ 
ᠳᠡᠩᠳᠡᠭᠦᠦ ᠬᠠᠢᠷᠠᠲᠠᠢ ᠨᠢ ᠦᠨᠡᠨ ᠰᠢᠦ 
ᠳᠡᠷᠭᠡᠳᠡ ᠴᠢ ᠮᠢᠨᠢ ᠪᠠᠢᠭᠠᠷᠠᠢ
ᠡᠭᠡᠯᠭᠡᠨ ᠬᠥᠭᠡᠷᠦᠬᠦᠨ ᠠᠭᠠᠯᠢᠨ ᠳ᠋ᠤ᠌ ᠴᠢᠨᠢ
ᠡᠷᠬᠡᠯᠡᠨ ᠵᠢᠷᠭᠠᠬᠤ ᠶ᠋ᠢ ᠬᠦᠰᠡᠨ᠎ᠡ ᠪᠢ

ᠠᠷᠪᠠᠨ ᠬᠠᠨ᠎ᠠ ᠲᠠᠢ ᠥᠷᠭᠥᠭᠡ ᠪᠡᠨ
ᠠᠳᠤᠭᠤ ᠲᠠᠢ ᠲᠠᠯ᠎ᠠ ᠳ᠋ᠠᠭᠠᠨ ᠪᠠᠷᠢᠯ᠎ᠠ ᠳᠠ
ᠠᠯᠳᠠᠷᠠᠢ ᠵᠢᠭᠠᠬᠠᠨ ᠲᠣᠭᠣᠳᠣᠭᠣᠷ ᠦᠷᠡᠰ
 ᠢ᠋ᠶ᠋ᠡᠨ ᠲᠣᠭᠣᠷᠢᠭᠤᠯᠤᠭᠠᠳ
ᠠᠮᠢᠳᠤᠷᠠᠨ ᠵᠢᠷᠭᠠᠨ ᠳᠠᠭᠤᠯᠠᠯ᠎ᠠ ᠳᠠ
ᠠᠯᠳᠠᠷᠠᠢ ᠵᠢᠭᠠᠬᠠᠨ ᠲᠣᠭᠣᠳᠣᠭᠣᠷ 
ᠦᠷᠡᠰ ᠢ᠋ᠶ᠋ᠡᠨ ᠲᠣᠭᠣᠷᠢᠭᠤᠯᠤᠭᠠᠳ
ᠠᠮᠢᠳᠤᠷᠠᠨ ᠵᠢᠷᠭᠠᠨ ᠳᠠᠭᠤᠯᠠᠯ᠎ᠠ ᠳᠠ
ᠠᠮᠢᠳᠤᠷᠠᠨ ᠵᠢᠷᠭᠠᠨ ᠳᠠᠭᠤᠯᠠᠯ᠎ᠠ ᠳᠠ

   ᠦᠰᠦᠭ ᠠᠮᠢᠯᠠᠭᠤᠯᠤᠭᠴᠢ᠂ ᠦᠰᠦᠭ ᠬᠠᠳᠠᠭᠴᠢ᠄ ᠪᠠᠢ ᠰᠠᠷᠠᠨ᠎ᠠ
   ᠬᠢᠨᠠᠭᠴᠢ᠄ ᠪᠢᠮᠪᠠ᠂ ᠰᠣᠨᠢᠨᠪᠠᠶᠠᠷ