ᠬᠥᠬᠡ ᠲᠣᠷᠭᠠᠨ ᠴᠠᠮᠴᠠ-ᠭ ᠠᠯᠲᠠᠨᠬᠤᠨᠳᠠᠭᠠ Хөх торгон цамц-Г. АлтанхундагаAltankhundaga - Khukh torgon tsamts
ᠬᠥᠬᠡ ᠲᠣᠷᠭᠠᠨ ᠴᠠᠮᠴᠠ
ᠳᠠᠭᠤᠴᠢᠨ᠄ ᠠᠯᠲᠠᠨᠬᠣᠨᠳᠠᠭᠠ
ᠬᠥᠬᠡ ᠯᠡ ᠲᠣᠷᠭᠠᠨ ᠴᠠᠮᠴᠠ ᠶ᠋ᠢ ᠪᠣᠯᠪᠠᠯ ᠳᠠ ᠬᠦ
ᠬᠥᠪᠥᠩ ᠲᠠᠯᠪᠢᠭᠠᠳ ᠬᠥᠪᠰᠥᠢᠯᠭᠡᠭᠡᠳ ᠪᠠᠢᠨ᠎ᠠ ᠬᠥᠭᠡᠷᠦᠬᠦᠢ ᠶᠠ ᠬᠦ
ᠬᠥᠭᠰᠢᠨ ᠴᠢᠮᠠᠶ᠋ᠢ ᠪᠠᠨ ᠭᠡᠭᠰᠡᠭᠡᠷ ᠪᠠᠢᠪᠠᠯ ᠳᠠ ᠬᠦ
ᠬᠥᠷᠥᠰᠥᠯᠢᠭ ᠵᠠᠯᠠᠭᠤᠴᠤᠳ ᠬᠥᠰᠢᠯᠳᠦᠭᠡᠳ ᠪᠠᠢᠨ᠎ᠠ ᠬᠥᠭᠡᠷᠦᠬᠦᠢ ᠶᠠ ᠬᠦ
ᠴᠠᠭᠠᠨ ᠯᠠ ᠲᠣᠷᠭᠠᠨ ᠴᠠᠮᠴᠠ ᠶ᠋ᠢ ᠪᠣᠯᠪᠠᠯ ᠳᠠ ᠬᠦ
ᠴᠠᠪᠠᠤ ᠶ᠋ᠢ ᠨᠠᠭᠠᠯ ᠦᠭᠡᠢ ᠴᠠᠯᠴᠠᠢᠯᠭᠠᠭᠠᠳ ᠪᠠᠢᠨ᠎ᠠ ᠬᠥᠭᠡᠷᠦᠬᠦᠢ ᠶᠠ ᠬᠦ
ᠴᠠᠭᠠᠨ᠎ᠠ ᠪᠠᠨ ᠬᠠᠨᠢ ᠲᠠᠢ ᠶ᠋ᠢ ᠨᠢ ᠮᠡᠳᠡᠭᠰᠡᠨ ᠪᠣᠯᠪᠠᠯ ᠳᠠ ᠬᠦ
ᠴᠢᠮ᠎ᠠ ᠳ᠋ᠤ᠌ ᠪᠠᠨ ᠶᠠᠭᠤᠨ ᠳ᠋ᠤ᠌ ᠳᠠᠰᠳᠠᠭ ᠪᠢᠯᠡ ᠳᠧ ᠬᠥᠭᠡᠷᠦᠬᠦᠢ ᠶᠠ ᠬᠦ
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠤᠤᠭᠠᠨᠵᠢᠳ
