ᠲᠠᠲᠠᠯᠭ᠎ᠠ ᠶ᠋ᠢᠨ ᠬᠣᠯᠪᠣᠭ᠎ᠠ-ᠪᠠᠶᠠᠷᠴᠡᠩᠭᠡᠯ Татлагын холбоо-БаярцэнгэлBayartsengel - Tatlagyn Holboo
ᠲᠠᠲᠠᠯᠭ᠎ᠠ ᠶ᠋ᠢᠨ ᠬᠣᠯᠪᠣᠭ᠎ᠠ
ᠦᠭᠡ᠄ ᠰ· ᠴᠡᠷᠢᠩᠳᠠᠸᠠ
ᠬᠥᠭᠵᠢᠮ ᠦ᠋ᠨ ᠵᠣᠬᠢᠶᠠᠯᠴᠢ᠄ ᠵ· ᠮᠡᠨᠳᠦ-ᠠᠮᠤᠷ
ᠬᠥᠭᠡᠮᠡᠢᠴᠢ᠄ ᠵ· ᠮᠡᠨᠳᠦᠪᠠᠶᠠᠷ
ᠳᠠᠭᠤᠴᠢᠨ᠄ ᠪᠠᠶᠠᠷᠴᠡᠩᠭᠡᠯ ᠳᠠᠭᠤᠯᠠᠨ᠎ᠠ
ᠤᠯᠠᠷᠢᠯ ᠬᠡᠴᠢᠨᠡᠨ ᠡᠷᠭᠢᠯ᠎ᠡ ᠳᠥᠷᠪᠡ ᠪᠡᠷ
ᠬᠤᠭᠤᠷ ᠤ᠋ᠨ ᠴᠢᠪᠬᠠᠳᠠᠰᠤ ᠳᠠᠭᠤᠯᠠᠨᠠᠮ ᠬᠠᠨ ᠬᠥᠭ ᠢ᠋ᠶ᠋ᠡᠷ
ᠤᠤᠬᠠᠢ ᠬᠤᠷᠤᠢ ᠬᠠᠲᠠᠭᠠᠬᠤ ᠨᠠᠷᠠ ᠵᠥᠪ ᠮᠠᠯᠠᠭᠠᠢ ᠳᠡᠪᠡᠯᠲᠦ ᠶ᠋ᠢᠨ
ᠤᠳᠤᠮ ᠢ᠋ᠶ᠋ᠠᠨ ᠬᠠᠷᠠᠭᠤᠯᠳᠠᠨ ᠵᠦᠰᠡᠷᠡᠬᠦ ᠲᠡᠭᠷᠢ ᠨᠢ ᠡᠭᠦᠯᠡᠨ ᠬᠡ ᠲᠡᠢ
ᠤᠯᠤᠰ ᠢ᠋ᠶ᠋ᠠᠷ ᠳᠠᠭᠤᠳᠠᠭᠤᠯᠬᠤ ᠠᠯᠳᠠᠷ ᠨᠢᠭᠡ ᠮᠣᠩᠭᠣᠯ ᠨᠡᠷ᠎ᠡ ᠲᠡᠢ
ᠤᠷᠭ᠎ᠠ ᠪᠠᠨ ᠰᠤᠩᠭᠠᠨ ᠢᠰᠬᠡᠷᠬᠦ ᠬᠡᠢᠮᠣᠷᠢ ᠨᠢ ᠮᠣᠷᠢᠨ ᠳᠡᠯ ᠳᠡᠭᠡᠷ᠎ᠡ
ᠰᠢᠪᠠᠭᠤᠳ ᠵᠡᠯᠡᠯᠡᠨ ᠨᠢᠰᠬᠦ ᠶ᠋ᠢᠨ ᠲᠣᠭ᠎ᠠ ᠪᠠᠷ
ᠰᠢᠭᠤᠭᠰᠠᠨ ᠬᠠᠶᠠᠭ᠎ᠠ ᠭᠡᠷ ᠦ᠋ᠨ ᠮᠢᠨᠢ ᠠᠷᠠᠯᠲᠤ ᠲᠣᠭᠣᠨᠣ ᠪᠠᠷ
ᠣᠨ ᠵᠢᠯ ᠦ᠋ᠳ ᠰᠠᠯᠬᠢᠯᠠᠨ ᠵᠣᠴᠢᠯᠠᠵᠤ᠂ ᠰᠠᠭᠠᠬᠠᠯᠲᠠ ᠠᠢᠯᠰᠠᠬᠤ ᠠᠪᠠᠢ
ᠣᠯᠠᠨ ᠲᠠᠢ ᠶᠠᠪᠤᠬᠤ ᠶ᠋ᠢᠨ ᠰᠠᠢᠬᠠᠨ ᠢ᠋ᠶ᠋ᠠᠷ ᠬᠥᠮᠦᠨ ᠵᠠᠶᠠᠭᠠᠨ ᠳ᠋ᠤ᠌ ᠦᠰᠦᠯ᠎ᠡ
ᠤᠬᠠᠭᠠᠨ ᠰᠠᠭᠤᠬᠤ ᠲᠣᠰᠤᠮ ᠢ᠋ᠶ᠋ᠠᠨ ᠪᠠᠯᠴᠢᠷᠬᠠᠨ ᠬᠦᠦ ᠠᠪᠤ ᠳ᠋ᠤ᠌ ᠪᠠᠨ
ᠤᠷᠭᠤᠬᠤ ᠨᠠᠷᠠᠨ《ᠦᠷ᠎ᠡ》 ᠪᠣᠯᠤᠨ ᠮᠠᠨᠳᠤᠭᠰᠠᠨ ᠭᠡᠪᠡ ᠪᠢ ᠡᠵᠢ ᠳ᠋ᠦ᠍ ᠪᠡᠨ
ᠠᠭᠤᠳᠠᠮᠬᠠᠨ ᠮᠣᠩᠭᠣᠯ ᠢ᠋ᠶ᠋ᠠᠨ ᠤᠨᠤᠵᠤ ᠮᠡᠨᠳᠦᠯᠡᠭᠰᠡᠨ ᠭᠡᠪᠡ ᠠ᠋
ᠠᠭᠤᠯᠠᠰ ᠤ᠋ᠨ ᠣᠷᠭᠢᠯ ᠳ᠋ᠤ᠌ ᠰᠠᠨᠠᠭ᠎ᠠ ᠮᠢᠨᠢ ᠵᠦᠭᠡᠴᠢᠬᠦ ᠠᠪᠠᠢ
ᠬᠤᠭᠤᠷ ᠤ᠋ᠨ ᠤᠶᠠᠩᠭ᠎ᠠ ᠲᠠᠢ ᠬᠤᠷᠰᠢᠨᠠᠮ ᠬᠠᠨ ᠬᠥᠭ ᠢ᠋ᠶ᠋ᠡᠷ᠁
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠤᠤᠭᠠᠨᠵᠢᠳ
