ᠮᠢᠨᠤ ᠡᠵᠢ ᠬᠥᠭᠡᠷᠦᠬᠦᠨ-ᠣ᠊ ∙ ᠭᠠᠩᠰᠤᠪᠤᠳ Миний ээж хөөрхөн-О.ГансувдGansuvd
ᠮᠢᠨᠤ ᠡᠵᠢ ᠬᠥᠭᠡᠷᠦᠬᠦᠨ
ᠦᠭᠡ᠄ ᠮ· ᠴᠡᠷᠢᠨᠳᠣᠷᠵᠢ
ᠠᠶ᠎ᠠ᠄ ᠣ· ᠡᠷᠳᠡᠨᠢ
ᠳᠠᠭᠤᠴᠢᠨ᠄ ᠣ· ᠭᠠᠩᠰᠤᠪᠤᠳ
ᠪᠦᠪᠡᠢ ᠶ᠋ᠢᠨ ᠳᠠᠭᠤᠤ ᠪᠠᠨ ᠠᠶᠠᠯᠤᠨ ᠠᠶᠠᠯᠤᠨ
ᠪᠦᠯᠲᠡᠭᠡᠷ ᠦᠷ᠎ᠡ ᠪᠡᠨ ᠥᠬᠥᠭᠡᠷᠳᠡᠬᠦ ᠨᠢ ᠬᠥᠭᠡᠷᠦᠬᠦᠨ
ᠪᠦᠯᠢᠶᠡᠨ ᠰᠦ ᠪᠡᠷ ᠢ᠋ᠶ᠋ᠡᠨ ᠤᠮᠳᠠᠯᠠᠭᠰᠠᠨ ᠢ᠋ᠶ᠋ᠠᠨ ᠪᠣᠳᠣᠬᠤ ᠳ᠋ᠤ᠌
ᠪᠦᠬᠦᠨ ᠡᠴᠡ ᠢᠯᠡᠭᠦᠦ ᠲᠠ ᠮᠢᠨᠢ ᠰᠠᠢᠬᠠᠨ
ᠮᠡᠯᠮᠡᠢ ᠳᠦᠭᠦᠷᠡᠩ ᠮᠠᠨᠳᠤᠭᠰᠠᠨ ᠨᠠᠷᠠ ᠰᠢᠭ᠋
ᠮᠢᠨᠦ ᠡᠵᠢ ᠨᠠᠳᠠ ᠳ᠋ᠠᠭᠠᠨ ᠭᠠᠭᠴᠠᠬᠠᠨ
ᠮᠢᠰᠢᠶᠡᠯ ᠳᠦᠭᠦᠷᠡᠩ ᠳᠡᠯᠭᠡᠷᠡᠭᠰᠡᠨ ᠴᠡᠴᠡᠭ ᠰᠢᠭ᠌
ᠮᠢᠨᠦ ᠡᠵᠢ ᠬᠠᠮᠤᠭ ᠤ᠋ᠨ ᠬᠥᠭᠡᠷᠦᠬᠦᠨ
ᠡᠪᠡᠢ ᠬᠦᠦ ᠪᠡᠨ ᠦᠨᠦᠷᠯᠡᠶᠡ ᠭᠡᠳ
ᠡᠩᠭᠡᠷ ᠥᠭᠡᠳᠡ ᠵᠢᠳᠬᠦᠬᠦ ᠨᠢ ᠬᠥᠭᠡᠷᠦᠬᠦᠨ
ᠡᠯᠪᠡᠷᠢᠯ ᠬᠠᠢᠷᠠᠨ ᠳ᠋ᠤ᠌ ᠨᠢ ᠥᠰᠦᠭᠰᠡᠨ ᠢ᠋ᠶ᠋ᠡᠨ ᠪᠣᠳᠣᠬᠤ ᠳ᠋ᠤ᠌
ᠡᠨᠡᠬᠡᠨ ᠬᠣᠷᠸ᠎ᠠ ᠳ᠋ᠤ᠌ ᠲᠠ ᠮᠢᠨᠢ ᠰᠠᠢᠬᠠᠨ
ᠮᠡᠯᠮᠡᠢ ᠳᠦᠭᠦᠷᠡᠩ ᠮᠠᠨᠳᠤᠭᠰᠠᠨ ᠨᠠᠷᠠ ᠰᠢᠭ᠋
ᠮᠢᠨᠦ ᠡᠵᠢ ᠨᠠᠳᠠ ᠳ᠋ᠠᠭᠠᠨ ᠭᠠᠭᠴᠠᠬᠠᠨ
ᠮᠢᠰᠢᠶᠡᠯ ᠳᠦᠭᠦᠷᠡᠩ ᠳᠡᠯᠭᠡᠷᠡᠭᠰᠡᠨ ᠴᠡᠴᠡᠭ ᠰᠢᠭ᠌
ᠮᠢᠨᠦ ᠡᠵᠢ ᠬᠠᠮᠤᠭ ᠤ᠋ᠨ ᠬᠥᠭᠡᠷᠦᠬᠦᠨ
ᠬᠦᠦ ᠮᠢᠨᠢ ᠮᠥᠳᠳᠥᠬᠡᠨ ᠢᠷᠡᠨ᠎ᠡ ᠭᠡᠳ
ᠬᠦᠯᠢᠶᠡᠨ ᠰᠠᠭᠤᠨ ᠭᠡᠭᠡᠯᠵᠡᠬᠦ ᠨᠢ ᠬᠥᠭᠡᠷᠦᠬᠦᠨ
ᠬᠥᠮᠦᠨ ᠦ᠌ ᠳᠠᠶ᠋ᠢᠲᠠᠢ ᠶᠠᠪᠤᠭ᠎ᠠ ᠪᠠᠨ ᠪᠣᠳᠣᠬᠤ ᠳ᠋ᠤ᠌
ᠬᠥᠭᠡᠷᠦᠬᠦᠨ ᠡᠵᠢ ᠪᠡᠨ ᠬᠠᠢᠷᠠᠯᠠᠨ ᠳᠠᠭᠤᠯᠠᠨ᠎ᠠ
ᠮᠡᠯᠮᠡᠢ ᠳᠦᠭᠦᠷᠡᠩ ᠮᠠᠨᠳᠤᠭᠰᠠᠨ ᠨᠠᠷᠠ ᠰᠢᠭ᠋
ᠮᠢᠨᠦ ᠡᠵᠢ ᠨᠠᠳᠠ ᠳ᠋ᠠᠭᠠᠨ ᠭᠠᠭᠴᠠᠬᠠᠨ
ᠮᠢᠰᠢᠶᠡᠯ ᠳᠦᠭᠦᠷᠡᠩ ᠳᠡᠯᠭᠡᠷᠡᠭᠰᠡᠨ ᠴᠡᠴᠡᠭ ᠰᠢᠭ᠌
ᠮᠢᠨᠦ ᠡᠵᠢ ᠬᠠᠮᠤᠭ ᠤ᠋ᠨ ᠬᠥᠭᠡᠷᠦᠬᠦᠨ
ᠮᠡᠯᠮᠡᠢ ᠳᠦᠭᠦᠷᠡᠩ ᠮᠠᠨᠳᠤᠭᠰᠠᠨ ᠨᠠᠷᠠ ᠰᠢᠭ᠋
ᠮᠢᠨᠦ ᠡᠵᠢ ᠨᠠᠳᠠ ᠳ᠋ᠠᠭᠠᠨ ᠭᠠᠭᠴᠠᠬᠠᠨ
ᠮᠢᠰᠢᠶᠡᠯ ᠳᠦᠭᠦᠷᠡᠩ ᠳᠡᠯᠭᠡᠷᠡᠭᠰᠡᠨ ᠴᠡᠴᠡᠭ ᠰᠢᠭ
ᠮᠢᠨᠦ ᠡᠵᠢ ᠬᠠᠮᠤᠭ ᠤ᠋ᠨ ᠬᠥᠭᠡᠷᠦᠬᠦᠨ
ᠬᠠᠮᠤᠭ ᠤ᠋ᠨ ᠬᠥᠭᠡᠷᠦᠬᠦᠨ
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠤᠤᠭᠠᠨᠵᠢᠳ
