ᠲᠥᠷᠥᠭᠰᠡᠨ ᠨᠤᠲᠤᠭ ᠵᠠᠯᠠᠢᠳ ᠮᠢᠨᠢ -ᠴᠧᠨ ᠰᠢᠶᠣᠤ ᠬᠤ᠌Түрсэн нутаг залайд минь-Чен шяо хуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠷᠥᠭᠰᠡᠨ ᠨᠤᠲᠤᠭ ᠵᠠᠯᠠᠢᠳ ᠮᠢᠨᠢ -ᠴᠧᠨ ᠰᠢᠶᠣᠤ ᠬᠤ᠌Түрсэн нутаг залайд минь-Чен шяо хуу

ᠲᠥᠷᠥᠭᠰᠡᠨ ᠨᠤᠲᠤᠭ ᠵᠠᠯᠠᠢᠳ ᠮᠢᠨᠢ -ᠴᠧᠨ ᠰᠢᠶᠣᠤ ᠬᠤ᠌Түрсэн нутаг залайд минь-Чен шяо хуу

ᠠᠩᠭᠢᠯᠠᠯ:ᠳᠠᠭᠤᠤ ᠬᠥᠭᠵᠢᠮ
2025-06-13

632

ᠲᠥᠷᠥᠭᠰᠡᠨ ᠨᠤᠲᠤᠭ ᠵᠠᠯᠠᠢᠳ ᠮᠢᠨᠢ

  ᠦᠭᠡ ᠂ᠠᠶ᠎ᠠ᠄ ᠾᠧ ᠴᠠᠩ ᠴᠢᠩ 
  ᠳᠠᠭᠤᠴᠢᠨ᠄ ᠴᠧᠨ ᠰᠢᠶᠣᠤ ᠬᠤ᠌ 
  ᠬᠥᠭᠵᠢᠮ ᠨᠠᠢᠷᠠᠭᠤᠯᠤᠭᠴᠢ᠄ ᠶᠢᠨ ᠱᠠᠨ 

ᠴᠤᠭᠤᠷ ᠤ᠋ᠨ ᠢᠷᠠᠭᠤᠬᠠᠨ ᠡᠭᠡᠰᠢᠭ ᠲᠦ᠍ ᠨᠢ ᠬᠦ 
ᠴᠡᠴᠡᠭᠲᠦ ᠲᠠᠯ᠎ᠠ ᠨᠢ ᠮᠦᠰᠢᠶᠡᠵᠦ ᠪᠠᠢᠨ᠎ᠠ 
ᠴᠣᠣᠯ ᠤ᠋ᠨ ᠭᠣᠣᠯ ᠤ᠋ᠨ ᠤᠷᠤᠰᠬᠠᠯ ᠳ᠋ᠤ᠌ ᠨᠢ 
ᠴᠡᠩᠭᠡᠯᠲᠦ ᠠᠮᠢᠳᠤᠷᠠᠯ ᠢ᠋ ᠳᠠᠯᠠᠯᠤᠭᠠᠳ ᠪᠠᠢᠨ᠎ᠠ 

ᠠᠷᠠᠳ ᠤ᠋ᠨ ᠳᠠᠭᠤᠨ ᠤ᠋ ᠤᠶᠠᠩᠭᠠᠨ ᠳ᠋ᠤ᠌ ᠨᠢ
ᠠᠭᠲᠠ ᠶ᠋ᠢᠨ ᠲᠦᠪᠡᠷᠭᠡᠨ ᠦ᠌ ᠴᠣᠬᠢᠯᠭ᠎ᠠ ᠲᠠᠢ
ᠠᠨᠳᠠᠢ ᠪᠥᠵᠢᠭ ᠦ᠋ᠨ ᠬᠥᠪᠦᠯᠵᠡᠭᠡᠨ ᠳ᠋ᠦ᠍ ᠨᠢ
ᠠᠯᠲᠠᠨ ᠭᠤᠷᠭᠤᠤᠯᠳᠠᠢ ᠶ᠋ᠢᠨ ᠳᠣᠩᠭᠣᠳᠤᠭᠠᠨ ᠲᠠᠢ 
ᠠ ᠬᠠ ᠬᠦ᠂ ᠠ ᠬᠠ ᠬᠦ 
ᠲᠥᠷᠥᠭᠰᠡᠨ ᠨᠤᠲᠤᠭ ᠵᠠᠯᠠᠢᠳ ᠮᠢᠨᠢ 
ᠲᠡᠦᠬᠡ ᠰᠣᠶᠣᠯ ᠤ᠋ᠨ ᠳᠠᠷᠬᠠᠨ ᠥᠯᠥᠭᠡᠢ 

ᠪᠣᠰᠤᠭ᠎ᠠ ᠰᠣᠶᠣᠯ ᠢ᠋ᠶ᠋ᠠᠨ ᠳᠡᠭᠡᠵᠢᠯᠡᠭᠰᠡᠨ
ᠪᠤᠶᠠᠨᠲᠤ ᠮᠣᠩᠭᠣᠯ ᠤ᠋ᠨ ᠣᠷᠣᠨ ᠪᠠᠢᠨ᠎ᠠ
ᠪᠣᠭᠳᠠ ᠣᠪᠣᠭ᠎ᠠ ᠶ᠋ᠢᠨ ᠲᠠᠬᠢᠯᠭ᠎ᠠ ᠲᠠᠢ
ᠪᠤᠮᠠᠨ ᠠᠷᠠᠳ ᠨᠢ ᠠᠮᠤᠭᠤᠯᠠᠩ ᠪᠠᠢᠨ᠎ᠠ
ᠠ ᠬᠠ ᠬᠦ᠂ ᠠ ᠬᠠ ᠬᠦ
ᠲᠥᠷᠥᠭᠰᠡᠨ ᠨᠤᠲᠤᠭ ᠵᠠᠯᠠᠢᠳ ᠮᠢᠨᠢ
ᠲᠦᠮᠡᠨ ᠦᠶ᠎ᠡ ᠶ᠋ᠢᠨ ᠵᠢᠷᠭᠠᠯ ᠤ᠋ᠨ ᠥᠯᠥᠭᠡᠢ
ᠠ ᠬᠠ ᠬᠦ᠂ ᠠ ᠬᠠ ᠬᠦ
ᠲᠥᠷᠥᠭᠰᠡᠨ ᠨᠤᠲᠤᠭ ᠵᠠᠯᠠᠢᠳ ᠮᠢᠨᠢ
ᠲᠦᠮᠡᠨ ᠦᠶ᠎ᠡ ᠶ᠋ᠢᠨ ᠵᠢᠷᠭᠠᠯ ᠤ᠋ᠨ ᠥᠯᠥᠭᠡᠢ
ᠲᠦᠮᠡᠨ ᠦᠶ᠎ᠡ ᠶ᠋ᠢᠨ ᠵᠢᠷᠭᠠᠯ ᠤ᠋ᠨ ᠥᠯᠥᠭᠡᠢ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ᠄ ᠣᠳᠬᠠᠨᠰᠣ᠎ᠠ