ᠡᠷᠲᠡᠴᠢ ᠡᠵᠢ-ᠪᠣᠷᠤᠬᠦᠦ ᠶ᠋ᠢᠨ ᠠᠨᠠᠷЭртэч ээж-Борхүүгийн Анар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠲᠡᠴᠢ ᠡᠵᠢ-ᠪᠣᠷᠤᠬᠦᠦ ᠶ᠋ᠢᠨ ᠠᠨᠠᠷЭртэч ээж-Борхүүгийн Анар

ᠡᠷᠲᠡᠴᠢ ᠡᠵᠢ-ᠪᠣᠷᠤᠬᠦᠦ ᠶ᠋ᠢᠨ ᠠᠨᠠᠷЭртэч ээж-Борхүүгийн Анар

ᠠᠩᠭᠢᠯᠠᠯ:ᠳᠠᠭᠤᠤ ᠬᠥᠭᠵᠢᠮ
2025-06-11

1853

ᠡᠷᠲᠡᠴᠢ ᠡᠵᠢ

   ᠦᠭᠡ᠄ ᠯ· ᠮᠥᠩᠬᠡᠲᠣᠷᠥ 
   ᠠᠶ᠎ᠠ᠄ ᠴᠠᠪᠴᠢᠨ ᠪᠣᠯᠣᠳ 
   ᠳᠠᠭᠤᠴᠢᠨ᠄ ᠪᠣᠷᠤᠬᠦᠦ ᠶ᠋ᠢᠨ ᠠᠨᠠᠷ 

ᠮᠠᠨᠳᠤᠬᠤ ᠨᠠᠷᠠᠨ ᠢ᠋ᠶ᠋ᠠᠷ ᠡᠵᠢ ᠪᠡᠨ ᠰᠠᠨᠠᠳᠠᠭ 
ᠮᠢᠨᠦ ᠡᠵᠢ ᠨᠠᠷᠠᠨ ᠠ᠋ᠴᠠ ᠡᠷᠲᠡ ᠮᠠᠨᠳᠤᠳᠠᠭ 
ᠦᠨᠢᠶᠡᠨ ᠵᠠᠯᠠᠨ ᠳᠡᠭᠡᠷ᠎ᠡ ᠥᠥᠪᠯᠡᠵᠦ ᠤᠭᠲᠤᠳᠠᠭ 
ᠡᠭᠦᠯᠡ ᠲᠡᠢ ᠲᠡᠭᠷᠢ ᠳ᠋ᠦ᠍ ᠰᠠᠴᠤᠯᠢ ᠪᠠᠨ ᠡᠷᠭᠦᠳᠡᠭ 
ᠡᠨᠡᠬᠡᠨ ᠳᠡᠯᠡᠬᠡᠢ ᠶ᠋ᠢ ᠤᠶᠠᠷᠠᠭᠠᠵᠤ ᠳᠠᠭᠤᠯᠠᠳᠠᠭ 
ᠡᠷᠲᠡᠴᠢ ᠵᠠᠩ ᠲᠠᠢ ᠡᠵᠢ ᠬᠥᠮᠦᠨ ᠰᠢᠦ ᠳᠧ 
ᠡᠨᠡᠬᠡᠨ ᠳᠡᠯᠡᠬᠡᠢ ᠶ᠋ᠢ ᠤᠶᠠᠷᠠᠭᠠᠵᠤ ᠳᠠᠭᠤᠯᠠᠳᠠᠭ 
ᠡᠷᠲᠡᠴᠢ ᠵᠠᠩ ᠲᠠᠢ ᠡᠵᠢ ᠬᠥᠮᠦᠨ ᠰᠢᠦ ᠳᠧ 

ᠨᠠᠷᠠᠨ ᠦᠳᠡᠯᠡᠬᠦ ᠪᠡᠷ ᠡᠵᠢ ᠪᠡᠨ ᠰᠠᠨᠠᠳᠠᠭ
ᠨᠠᠰᠤ ᠪᠤᠶᠠᠨ ᠢ᠋ᠶ᠋ᠠᠨ ᠳᠡᠭᠡᠳᠦᠯᠡᠵᠦ ᠥᠭᠡᠳᠡᠯᠡᠳᠡᠭ
ᠠᠭᠠᠷᠤᠤᠯ ᠬᠤᠷᠤᠳ ᠢ᠋ᠶ᠋ᠠᠨ ᠳᠡᠯᠭᠡᠵᠦ ᠬᠠᠲᠠᠭᠠᠳᠠᠭ
ᠠᠯᠤᠰ ᠤ᠋ᠨ ᠬᠠᠷᠭᠤᠢ ᠶ᠋ᠢ ᠰᠢᠷᠲᠡᠵᠦ ᠬᠦᠯᠢᠶᠡᠳᠡᠭ ᠳᠧ
ᠡᠨᠡᠬᠡᠨ ᠳᠡᠯᠡᠬᠡᠢ ᠶ᠋ᠢ ᠤᠶᠠᠷᠠᠭᠠᠵᠤ ᠳᠠᠭᠤᠯᠠᠳᠠᠭ
ᠡᠷᠲᠡᠴᠢ ᠵᠠᠩ ᠲᠠᠢ ᠡᠵᠢ ᠬᠥᠮᠦᠨ ᠰᠢᠦ ᠳᠧ
ᠡᠨᠡᠬᠡᠨ ᠳᠡᠯᠡᠬᠡᠢ ᠶ᠋ᠢ ᠤᠶᠠᠷᠠᠭᠠᠵᠤ ᠳᠠᠭᠤᠯᠠᠳᠠᠭ
ᠡᠷᠲᠡᠴᠢ ᠵᠠᠩ ᠲᠠᠢ ᠡᠵᠢ ᠬᠥᠮᠦᠨ ᠰᠢᠦ ᠳᠧ

ᠵᠢᠷᠭᠠᠬᠤ ᠨᠠᠷᠠᠨ ᠢ᠋ᠶ᠋ᠠᠷ ᠡᠵᠢ ᠪᠡᠨ ᠰᠠᠨᠠᠳᠠᠭ
ᠵᠠᠮ ᠤ᠋ᠨ ᠬᠣᠷᠸ᠎ᠠ ᠠ᠋ᠴᠠ ᠲᠠᠨ ᠢ᠋ ᠪᠡᠨ ᠬᠠᠷᠠᠮᠨᠠᠳᠠᠭ
ᠰᠢᠩᠭᠡᠬᠦ ᠨᠠᠷᠠ ᠶ᠋ᠢ ᠠᠷᠭᠠᠮᠵᠢᠵᠤ ᠵᠣᠭᠰᠣᠳᠠᠭ
ᠰᠢᠵᠢᠷ ᠲᠤᠶᠠᠭ᠎ᠠ ᠶ᠋ᠢ ᠨᠢ ᠠᠯᠠᠭᠠᠨ ᠳ᠋ᠠᠭᠠᠨ ᠳᠡᠭᠡᠵᠢᠯᠡᠳᠡᠭ
ᠡᠨᠡᠬᠡᠨ ᠳᠡᠯᠡᠬᠡᠢ ᠶ᠋ᠢ ᠤᠶᠠᠷᠠᠭᠠᠵᠤ ᠳᠠᠭᠤᠯᠠᠳᠠᠭ
ᠡᠷᠲᠡᠴᠢ ᠵᠠᠩ ᠲᠠᠢ ᠬᠥᠮᠦᠨ ᠰᠢᠦ ᠳᠧ
ᠡᠨᠡᠬᠡᠨ ᠳᠡᠯᠡᠬᠡᠢ ᠶ᠋ᠢ ᠤᠶᠠᠷᠠᠭᠠᠵᠤ ᠳᠠᠭᠤᠯᠠᠳᠠᠭ
ᠡᠷᠲᠡᠴᠢ ᠵᠠᠩ ᠲᠠᠢ ᠡᠵᠢ ᠬᠥᠮᠦᠨ ᠰᠢᠦ ᠳᠧ
ᠡᠨᠡᠬᠡᠨ ᠳᠡᠯᠡᠬᠡᠢ ᠶ᠋ᠢ ᠤᠶᠠᠷᠠᠭᠠᠵᠤ ᠳᠠᠭᠤᠯᠠᠳᠠᠭ
ᠡᠷᠲᠡᠴᠢ ᠵᠠᠩ ᠲᠠᠢ ᠡᠵᠢ ᠬᠥᠮᠦᠨ ᠰᠢᠦ ᠳᠧ
ᠡᠨᠡᠬᠡᠨ ᠳᠡᠯᠡᠬᠡᠢ ᠶ᠋ᠢ ᠤᠶᠠᠷᠠᠭᠠᠵᠤ ᠳᠠᠭᠤᠯᠠᠳᠠᠭ
ᠡᠷᠲᠡᠴᠢ ᠵᠠᠩ ᠲᠠᠢ ᠡᠵᠢ ᠬᠥᠮᠦᠨ ᠰᠢᠦ ᠳᠧ
ᠡᠷᠲᠡᠴᠢ ᠵᠠᠩ ᠲᠠᠢ ᠡᠵᠢ ᠬᠥᠮᠦᠨ ᠰᠢᠦ ᠳᠧ

   ᠦᠰᠦᠭ ᠬᠠᠳᠠᠭᠴᠢ᠄ ᠠᠯᠲᠠᠨᠴᠢᠮᠡᠭ
   ᠦᠰᠦᠭ ᠠᠮᠢᠯᠠᠭᠤᠯᠤᠭᠴᠢ᠄ ᠠᠯᠲᠠᠨᠴᠢᠮᠡᠭ
   ᠬᠢᠨᠠᠭᠴᠢ᠄ ᠤᠤᠭᠠᠨᠵᠢᠳ