ᠮᠣᠩᠭᠣᠯ ᠨᠤᠲᠤᠭ -ᠪᠠᠲᠤᠳᠡᠯᠭᠡᠷ Монгол нутаг-Батдэлгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠨᠤᠲᠤᠭ -ᠪᠠᠲᠤᠳᠡᠯᠭᠡᠷ Монгол нутаг-Батдэлгэр

ᠮᠣᠩᠭᠣᠯ ᠨᠤᠲᠤᠭ -ᠪᠠᠲᠤᠳᠡᠯᠭᠡᠷ Монгол нутаг-Батдэлгэр

ᠠᠩᠭᠢᠯᠠᠯ:ᠳᠠᠭᠤᠤ ᠬᠥᠭᠵᠢᠮ
2025-06-09

1270

ᠮᠣᠩᠭᠣᠯ ᠨᠤᠲᠤᠭ

   ᠦᠭᠡ ᠄ ᠣᠳᠬᠣᠨᠭᠡᠷᠡᠯ 
   ᠠᠶ᠎ᠠ᠄ ᠣᠳᠬᠣᠨᠭᠡᠷᠡᠯ 
   ᠳᠠᠭᠤᠴᠢᠨ᠄ ᠪᠠᠲᠤᠳᠡᠯᠭᠡᠷ 

ᠠᠯᠤᠰ ᠲᠤ᠌ ᠴᠡᠩᠬᠡᠷᠯᠡᠬᠦ ᠲᠩᠷᠢ ᠶ᠋ᠢᠨ ᠬᠠᠶᠠᠭᠠᠨ ᠳ᠋ᠤ᠌ ᠭᠡᠷ ᠮᠢᠨᠢ ᠪᠠᠢᠳᠠᠭ ᠰᠠᠨ 
ᠠᠳᠤᠭᠤ ᠮᠠᠯ ᠳᠠᠷᠬᠠᠨ ᠪᠡᠯᠴᠢᠭᠰᠡᠨ ᠳᠡᠯᠭᠡᠷ ᠨᠤᠲᠤᠭ ᠲᠠᠢ 
ᠠᠷᠭᠠᠯ ᠤ᠋ᠨ ᠴᠡᠩᠬᠡᠷ ᠤᠲᠤᠭ᠎ᠠ ᠪᠤᠷᠭᠢᠯᠤᠭᠰᠠᠨ ᠳᠤᠯᠠᠭᠠᠨ ᠥᠷᠭᠥᠭᠡ ᠲᠡᠢ 
ᠠᠭᠠᠷᠤᠤᠯ ᠰᠡᠪᠡᠷᠡᠭᠡᠵᠦ ᠠᠢᠷᠠᠭ ᠰᠡᠩᠭᠢᠨᠡᠭᠰᠡᠨ ᠲᠠᠩᠰᠤᠭ ᠠᠮᠢᠳᠤᠷᠠᠯ ᠲᠠᠢ 
ᠬᠠᠢ᠁ ᠠᠢ ᠬᠠᠢᠷ᠎ᠠ ᠰᠢᠩᠭᠡᠭᠰᠡᠨ ᠮᠣᠩᠭᠣᠯ ᠨᠤᠲᠤᠭ ᠮᠢᠨᠢ 
ᠬᠠᠢ᠁ ᠠᠢ ᠨᠤᠲᠤᠭ ᠮᠢᠨᠢ᠂ ᠬᠠᠢᠷᠠᠯᠠᠬᠤ ᠵᠢᠷᠦᠬᠡᠨ ᠦ᠌ ᠤᠶᠠᠩᠭ᠎ᠠ ᠪᠢᠯᠡ ᠬᠦ 

ᠠᠭᠢᠲᠤ ᠶ᠋ᠢᠨ ᠰᠢᠯᠢ ᠪᠡᠷ ᠠᠳᠤᠭᠤ ᠪᠠᠨ ᠬᠠᠷᠢᠭᠤᠯᠤᠭᠰᠠᠨ ᠠᠪᠤ ᠶ᠋ᠢᠨ ᠪᠠᠷ᠎ᠠ ᠲᠠᠢ
ᠰᠦᠮᠡᠢᠬᠦ ᠵᠡᠷᠭᠡᠯᠭᠡᠨ ᠳ᠋ᠦ᠍ ᠰᠦᠷᠦᠭ ᠢ᠋ᠶ᠋ᠡᠨ ᠪᠠᠷᠠᠯᠠᠭᠰᠠᠨ ᠡᠵᠢ ᠶ᠋ᠢᠨ ᠰᠠᠷᠠᠪᠴᠢᠯᠠᠭ᠎ᠠ ᠲᠠᠢ
ᠲᠤᠭᠤᠯ ᠢ᠋ᠶ᠋ᠠᠨ ᠳᠠᠭᠠᠭᠠᠳ ᠲᠣᠭᠯᠠᠨ ᠨᠠᠭᠠᠳᠤᠭᠰᠠᠨ ᠬᠡᠦᠬᠡᠳ ᠦ᠋ᠨ ᠪᠠᠶᠠᠰᠤᠯ ᠲᠠᠢ
ᠬᠣᠢᠮᠣᠷ ᠲᠤ᠌ ᠵᠠᠪᠢᠯᠠᠭᠠᠳ ᠬᠤᠭᠤᠷ ᠢ᠋ᠶ᠋ᠠᠨ ᠬᠥᠭᠯᠡᠭᠰᠡᠨ ᠡᠪᠦᠭᠡ ᠶ᠋ᠢᠨ ᠮᠠᠭᠲᠠᠭᠠᠯ ᠲᠠᠢ
ᠬᠠᠢ᠁ ᠠᠢ ᠬᠠᠢᠷ᠎ᠠ ᠰᠢᠩᠭᠡᠭᠰᠡᠨ ᠮᠣᠩᠭᠣᠯ ᠨᠤᠲᠤᠭ ᠮᠢᠨᠢ
ᠬᠠᠢ᠁ ᠨᠤᠲᠤᠭ ᠮᠢᠨᠢ ᠬᠠᠢᠷᠠᠯᠠᠬᠤ ᠵᠢᠷᠦᠬᠡᠨ ᠦ᠌ ᠤᠶᠠᠩᠭ᠎ᠠ ᠪᠢᠯᠡ ᠬᠦ

ᠠᠶᠠᠰ ᠠᠶᠠᠰᠬᠠᠨ ᠲᠠᠯ᠎ᠠ ᠶ᠋ᠢᠨ ᠰᠠᠯᠬᠢ ᠨᠢ ᠰᠦᠨ ᠦ᠌ ᠦᠨᠦᠷ ᠲᠡᠢ
ᠠᠶᠠᠷᠠᠨ ᠤᠷᠤᠰᠬᠤ ᠮᠥᠩᠭᠥᠨ ᠭᠣᠣᠯ ᠨᠢ ᠶᠠᠲᠤᠭ᠎ᠠ ᠶ᠋ᠢᠨ ᠠᠶᠠᠯᠭᠤ ᠲᠠᠢ
ᠠᠶᠠᠨ ᠤ᠋ ᠰᠢᠪᠠᠭᠤᠳ ᠬᠣᠷᠭᠣᠳᠠᠭᠠᠳ ᠢᠷᠡᠳᠡᠭ ᠠᠮᠤᠭᠤᠯᠠᠩ ᠨᠠᠭᠤᠷ ᠲᠠᠢ
ᠠᠷᠠᠳ ᠤ᠋ᠨ ᠳᠠᠭᠤᠤ ᠬᠠᠩᠭᠢᠨᠠᠭᠤᠯᠤᠨ ᠳᠠᠭᠤᠯᠠᠳᠠᠭ ᠮᠠᠯᠴᠢᠨ ᠲᠦᠮᠡᠨ ᠲᠡᠢ
ᠬᠠᠢ᠁ ᠠᠢ ᠬᠠᠢᠷ᠎ᠠ ᠰᠢᠩᠭᠡᠭᠰᠡᠨ ᠮᠣᠩᠭᠣᠯ ᠨᠤᠲᠤᠭ ᠮᠢᠨᠢ
ᠬᠠᠢ᠁ ᠨᠤᠲᠤᠭ ᠮᠢᠨᠢ ᠬᠠᠢᠷᠠᠯᠠᠬᠤ ᠵᠢᠷᠦᠬᠡᠨ ᠦ᠌ ᠤᠶᠠᠩᠭ᠎ᠠ ᠪᠢᠯᠡ ᠬᠦ
ᠬᠠᠢᠷᠠᠯᠠᠬᠤ ᠵᠢᠷᠦᠬᠡᠨ ᠦ᠌ ᠤᠶᠠᠩᠭ᠎ᠠ ᠪᠢᠯᠡ ᠬᠦ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ᠄ ᠤᠳᠬᠠᠨᠰᠣ᠎ᠠ