ᠬᠣᠣᠰ ᠵᠢᠷᠭᠠᠯ -ᠪᠠᠶᠠᠨᠨᠠᠮᠤᠷХос жаргал-Баяннэмр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠣᠰ ᠵᠢᠷᠭᠠᠯ -ᠪᠠᠶᠠᠨᠨᠠᠮᠤᠷХос жаргал-Баяннэмр

ᠬᠣᠣᠰ ᠵᠢᠷᠭᠠᠯ -ᠪᠠᠶᠠᠨᠨᠠᠮᠤᠷХос жаргал-Баяннэмр

ᠠᠩᠭᠢᠯᠠᠯ:ᠳᠠᠭᠤᠤ ᠬᠥᠭᠵᠢᠮ
2025-06-08

1683

ᠬᠣᠣᠰ ᠵᠢᠷᠭᠠᠯ

  ᠦᠭᠡ ᠠᠶ᠎ᠠ᠄ ᠰᠢᠯᠢᠨᠪᠤᠯᠤᠷ 
  ᠳᠠᠭᠤᠴᠢᠨ᠄ ᠪᠠᠶᠠᠨᠨᠠᠮᠤᠷ 
ᠭᠠᠷᠠᠬᠠᠨ ᠮᠥᠩᠭᠥᠨ ᠬᠠᠵᠠᠭᠠᠷ ᠤ᠋ᠨ ᠠᠮᠠᠭᠠᠢ ᠵᠠᠯᠠᠭᠰᠠᠨ ᠵᠦᠭ 
ᠭᠠᠭᠴᠠᠬᠠᠨ ᠬᠠᠢᠷᠠᠲᠠᠢ ᠴᠢᠮ᠎ᠠ ᠤᠷᠤᠭᠤ ᠪᠠᠨ ᠣᠴᠢᠵᠤ ᠶᠠᠪᠤᠨ᠎ᠠ ᠬᠦ 
ᠭᠠᠯᠪᠢᠷ ᠲᠥᠷᠥᠭᠰᠡᠨ ᠳᠠᠭᠢᠨᠢᠬᠠᠨ ᠳᠠᠭᠢᠨᠢᠬᠠᠨ ᠴᠢ ᠮᠢᠨᠢ 
ᠭᠠᠳᠠᠨ᠎ᠠ ᠪᠠᠨ ᠭᠠᠷᠤᠭᠠᠳ ᠬᠦᠯᠢᠶᠡᠵᠦ ᠪᠠᠢᠪᠠᠯ ᠵᠢᠷᠭᠠᠯ ᠲᠡᠷᠡ ᠰᠢᠦ ᠳᠧ 
ᠠ ᠠ ᠠ᠁ ᠠ ᠠ ᠠ 
ᠭᠠᠳᠠᠨ᠎ᠠ ᠪᠠᠨ ᠭᠠᠷᠤᠭᠠᠳ ᠬᠦᠯᠢᠶᠡᠵᠦ ᠪᠠᠢᠪᠠᠯ ᠵᠢᠷᠭᠠᠯ ᠲᠡᠷᠡ ᠰᠢᠦ ᠳᠧ 
ᠰᠠᠢᠬᠠᠨ ᠬᠠᠷ᠎ᠠ ᠶ᠋ᠢᠨ ᠴᠢᠮᠡᠭᠡ ᠪᠡᠷ ᠣᠢᠷᠠᠲᠤᠵᠤ ᠢᠷᠡᠭᠰᠡᠨ ᠵᠦᠭ 
ᠰᠡᠳᠬᠢᠯ ᠦ᠋ᠨ ᠬᠠᠢᠷᠠᠲᠠᠢ ᠴᠢ ᠯᠡ ᠮᠢᠨᠢ ᠲᠣᠳᠣᠷᠠᠵᠤ ᠶᠠᠪᠤᠨ᠎ᠠ ᠬᠦ 
ᠰᠡᠪ ᠦᠭᠡᠢ ᠲᠥᠷᠥᠭᠰᠡᠨ ᠲᠦᠰᠢᠭᠬᠡᠨ ᠲᠦᠰᠢᠭᠬᠡᠨ ᠴᠢ ᠮᠢᠨᠢ 
ᠰᠡᠢᠭᠦᠯᠵᠤ ᠢᠷᠡᠭᠡᠳ ᠪᠠᠭᠤᠵᠤ ᠯᠠ ᠪᠠᠢᠪᠠᠯ ᠵᠢᠷᠭᠠᠯ ᠲᠡᠷᠡ ᠰᠢᠦ ᠳᠧ
ᠠ ᠠ ᠠ᠁ ᠠ ᠠ ᠠ
ᠰᠡᠢᠭᠦᠯᠵᠦ ᠢᠷᠡᠭᠡᠳ ᠪᠠᠭᠤᠵᠤ ᠯᠠ ᠪᠠᠢᠪᠠᠯ ᠵᠢᠷᠭᠠᠯ ᠲᠡᠷᠡ ᠰᠢᠦ ᠳᠧ
ᠠᠭᠠᠷᠤ ᠽᠠᠨᠳᠠᠨ ᠡᠮᠡᠭᠡᠯ ᠦ᠋ᠨ ᠳᠥᠷᠥᠭᠡ ᠵᠢᠭᠢᠭᠰᠡᠨ ᠵᠦᠭ
ᠠᠮᠠᠷᠠᠭ ᠬᠠᠢᠷᠠᠲᠠᠢ ᠴᠢᠮ᠎ᠠ ᠤᠷᠤᠭᠤ ᠪᠠᠨ ᠣᠴᠢᠵᠤ ᠶᠠᠪᠤᠨ᠎ᠠ ᠬᠦ
ᠠᠷᠢᠭᠤᠬᠠᠨ ᠲᠥᠷᠥᠭᠰᠡᠨ ᠴᠡᠴᠡᠭᠬᠡᠨ ᠴᠡᠴᠡᠭᠬᠡᠨ ᠴᠢ ᠮᠢᠨᠢ
ᠠᠮᠠᠳᠠᠵᠤ ᠭᠠᠷᠤᠭᠠᠳ ᠬᠦᠯᠢᠶᠡᠵᠦ ᠪᠠᠢᠪᠠᠯ ᠵᠢᠷᠭᠠᠯ ᠲᠡᠷᠡ ᠰᠢᠦ ᠳᠧ
ᠠ ᠠ ᠠ᠁ ᠠ ᠠ ᠠ
ᠠᠮᠠᠳᠠᠵᠤ ᠭᠠᠷᠤᠭᠠᠳ ᠬᠦᠯᠢᠶᠡᠵᠦ ᠪᠠᠢᠪᠠᠯ ᠵᠢᠷᠭᠠᠯ ᠲᠡᠷᠡ ᠰᠢᠦ ᠳᠧ
ᠳᠠᠰᠤᠯ ᠬᠠᠷ᠎ᠠ ᠶ᠋ᠢᠨ ᠴᠢᠮᠡᠭᠡ ᠪᠡᠷ ᠣᠢᠷᠠᠲᠤᠵᠤ ᠢᠷᠡᠭᠰᠡᠨ ᠵᠦᠭ
ᠳᠠᠩᠴᠤ ᠯᠠ ᠬᠠᠢᠷᠠᠲᠠᠢ ᠴᠢ ᠯᠡ ᠮᠢᠨᠢ ᠲᠣᠳᠣᠷᠠᠵᠤ ᠶᠠᠪᠤᠨ᠎ᠠ ᠬᠦ
ᠲᠠᠵᠢ ᠦᠭᠡᠢ ᠲᠥᠷᠥᠭᠰᠡᠨ ᠢᠨᠠᠭᠬᠠᠨ ᠢᠨᠠᠭᠬᠠᠨ ᠴᠢ ᠮᠢᠨᠢ
ᠳᠠᠪᠬᠢᠵᠤ ᠢᠷᠡᠭᠡᠳ ᠪᠠᠭᠤᠵᠤ ᠯᠠ ᠪᠠᠢᠪᠠᠯ ᠵᠢᠷᠭᠠᠯ ᠲᠡᠷᠡ ᠰᠢᠦ ᠳᠧ
ᠠ ᠠ ᠠ᠁ ᠠ ᠠ ᠠ
ᠳᠠᠪᠬᠢᠵᠤ ᠢᠷᠡᠭᠡᠳ ᠪᠠᠭᠤᠵᠤ ᠯᠠ ᠪᠠᠢᠪᠠᠯ ᠵᠢᠷᠭᠠᠯ ᠲᠡᠷᠡ ᠰᠢᠦ ᠳᠧ
ᠠ ᠠ ᠠ᠁ ᠠ ᠠ ᠠ
ᠰᠡᠳᠬᠢᠯ ᠢᠲᠡᠭᠡᠯ ᠦ᠋ᠨ ᠳᠠᠭᠤᠤ ᠲᠠᠢ ᠬᠣᠣᠰ ᠤ᠋ᠨ ᠵᠢᠷᠭᠠᠯ ᠲᠡᠷᠡ ᠰᠢᠦ ᠳᠧ
ᠵᠢᠷᠭᠠᠯ ᠲᠡᠷᠡ ᠰᠢᠦ ᠳᠧ

   ᠦᠰᠦᠭ ᠬᠠᠲᠠᠵᠤ ᠠᠮᠢᠯᠠᠭᠤᠯᠤᠨ ᠹᠢᠯᠢᠮ ᠦᠢᠯᠡᠳᠦᠭᠴᠢ᠄ ᠬᠠᠷᠬᠠᠳᠠᠨ ᠷ᠂ ᠴᠢᠷᠮᠠᠢᠯᠳᠣ
   ᠬᠢᠨᠠᠭᠴᠢ᠄ ᠲᠠᠩᠭᠤᠳ ᠲᠠᠯᠠᠨᠮᠠᠨᠳᠣᠬᠣ᠂ ᠨᠤᠮᠤᠴᠢᠨ ᠲᠡᠭᠥᠰᠠᠠᠯᠳᠠᠷ