ᠬᠡᠢᠮᠣᠷᠢ ᠮᠠᠨᠳᠤᠭᠰᠠᠨ ᠬᠥᠪᠡᠭᠡᠲᠦ ᠰᠢᠷ᠎ᠠ -ᠨᠠᠴᠢᠨᠱᠣᠩᠬᠣᠷ·ᠤᠷᠢᠬᠠᠨХийморь мандсан гүвээт шар-Начиншонхор·Урьхан
ᠬᠡᠢᠮᠣᠷᠢ ᠮᠠᠨᠳᠤᠭᠰᠠᠨ ᠬᠥᠪᠡᠭᠡᠲᠦ ᠰᠢᠷ᠎ᠠ
ᠦᠭᠡ᠄ ᠭᠥᠩᠭᠠ
ᠠᠶ᠎ᠠ᠄ ᠦᠨᠡᠨᠴᠢ
ᠳᠠᠭᠤᠴᠢᠨ᠄ ᠨᠠᠴᠢᠨᠱᠣᠩᠬᠣᠷ·ᠤᠷᠢᠬᠠᠨ
ᠠᠭᠤᠯᠠ ᠤᠰᠤ ᠨᠢ ᠬᠥᠬᠡᠷᠡᠨ ᠤᠨᠢᠶᠠᠷᠲᠤᠭᠠᠳ
ᠠᠭᠤᠳᠠᠮ ᠴᠡᠭᠡᠯ ᠨᠢ ᠰᠦᠷᠦᠭ ᠦ᠋ᠨ ᠳᠠᠯᠠᠢ
ᠤᠶᠠᠩᠭ᠎ᠠ ᠳᠠᠭᠤᠤ ᠨᠢ ᠬᠠᠩᠭᠢᠨᠠᠨ ᠳᠠᠭᠤᠷᠢᠰᠤᠭᠠᠳ
ᠤᠷᠮ᠎ᠠ ᠰᠡᠷᠭᠦᠭᠰᠡᠨ ᠰᠠᠢᠬᠠᠨ ᠨᠤᠲᠤᠭ ᠠ᠋
ᠬᠡᠢᠮᠣᠷᠢ ᠮᠠᠨᠳᠤᠭᠰᠠᠨ ᠬᠥᠪᠡᠭᠡᠲᠦ ᠰᠢᠷ᠎ᠠ ᠮᠢᠨᠢ
ᠬᠠᠮᠤᠭ ᠪᠦᠭᠦᠳᠡ ᠶ᠋ᠢᠨ ᠣᠮᠣᠭᠰᠢᠯ ᠠ᠋
ᠬᠡᠢᠮᠣᠷᠢ ᠮᠠᠨᠳᠤᠭᠰᠠᠨ ᠬᠥᠪᠡᠭᠡᠲᠦ ᠰᠢᠷ᠎ᠠ ᠮᠢᠨᠢ
ᠬᠠᠮᠤᠭ ᠪᠦᠭᠦᠳᠡ ᠶ᠋ᠢᠨ ᠣᠮᠣᠭᠰᠢᠯ ᠠ᠋
ᠥᠷᠭᠥᠭᠡ ᠭᠡᠷ ᠦ᠋ᠨ ᠬᠣᠢᠮᠣᠷ ᠰᠠᠭᠠᠳᠠᠭᠠᠳ
ᠡᠪᠦᠭᠡᠳ ᠨᠠᠰᠤᠲᠠᠳ ᠨᠢ ᠪᠤᠶᠠᠨ ᠵᠢᠷᠭᠠᠯ ᠲᠠᠢ
ᠥᠨᠢᠷ ᠦᠢᠯᠡᠰ ᠦ᠋ᠨ ᠬᠠᠷᠭᠤᠢ ᠶ᠋ᠢ ᠵᠣᠷᠢᠭᠠᠳ
ᠦᠷ᠎ᠡ ᠬᠡᠦᠬᠡᠳ ᠨᠢ ᠰᠣᠳᠣᠨ ᠡᠷᠳᠡᠮ ᠲᠡᠢ
ᠬᠡᠢᠮᠣᠷᠢ ᠮᠠᠨᠳᠤᠭᠰᠠᠨ ᠬᠥᠪᠡᠭᠡᠲᠦ ᠰᠢᠷ᠎ᠠ ᠮᠢᠨᠢ
ᠬᠠᠮᠤᠭ ᠪᠦᠭᠦᠳᠡ ᠶ᠋ᠢᠨ ᠣᠮᠣᠭᠰᠢᠯ ᠠ᠋
ᠬᠡᠢᠮᠣᠷᠢ ᠮᠠᠨᠳᠤᠭᠰᠠᠨ ᠬᠥᠪᠡᠭᠡᠲᠦ ᠰᠢᠷ᠎ᠠ ᠮᠢᠨᠢ
ᠬᠠᠮᠤᠭ ᠪᠦᠭᠦᠳᠡ ᠶ᠋ᠢᠨ ᠣᠮᠣᠭᠰᠢᠯ ᠠ᠋
ᠬᠦᠯᠦᠭ ᠦ᠋ᠨ ᠵᠢᠯᠣᠭᠣ ᠰᠣᠩᠭᠣᠨ ᠳᠠᠪᠬᠢᠭᠠᠳ
ᠬᠦᠰᠡᠯ ᠵᠣᠷᠢᠭ ᠨᠢ ᠡᠷᠴᠢ ᠪᠠᠳᠠᠷᠠᠭᠤᠨ
ᠬᠥᠭᠵᠢᠯ ᠮᠠᠨᠳᠤᠯ ᠨᠢ ᠥᠭᠡᠳᠡ ᠪᠡᠨ ᠳᠡᠪᠰᠢᠭᠡᠳ
ᠬᠥᠮᠦᠨ ᠠᠷᠠᠳ ᠨᠢ ᠮᠠᠩᠨᠠᠢ ᠲᠡᠨᠢᠭᠦᠨ
ᠬᠡᠢᠮᠣᠷᠢ ᠮᠠᠨᠳᠤᠭᠰᠠᠨ ᠬᠥᠪᠡᠭᠡᠲᠦ ᠰᠢᠷ᠎ᠠ ᠮᠢᠨᠢ
ᠬᠠᠮᠤᠭ ᠪᠦᠭᠦᠳᠡ ᠶ᠋ᠢᠨ ᠣᠮᠣᠭᠰᠢᠯ ᠠ᠋
ᠬᠡᠢᠮᠣᠷᠢ ᠮᠠᠨᠳᠤᠭᠰᠠᠨ ᠬᠥᠪᠡᠭᠡᠲᠦ ᠰᠢᠷ᠎ᠠ ᠮᠢᠨᠢ
ᠬᠠᠮᠤᠭ ᠪᠦᠭᠦᠳᠡ ᠶ᠋ᠢᠨ ᠣᠮᠣᠭᠰᠢᠯ ᠠ᠋
ᠬᠠᠮᠤᠭ ᠪᠦᠭᠦᠳᠡ ᠶ᠋ᠢᠨ ᠣᠮᠣᠭᠰᠢᠯ ᠠ᠋
ᠦᠰᠦᠭ ᠠᠮᠢᠯᠠᠭᠤᠯᠵᠤ ᠬᠠᠲᠠᠭᠰᠠᠨ ᠨᠢ᠄ ᠮᠥᠩᠭᠥᠨ
ᠬᠢᠨᠠᠭᠴᠢ᠄ ᠲᠣᠳᠣᠭᠡᠷᠡᠯ ᠂ ᠪᠢᠮᠪᠠ᠃
