ᠰᠢᠯᠢ ᠶ᠋ᠢᠨ ᠭᠣᠣᠯ ᠮᠢᠨᠢ -ᠰ᠂ ᠠᠮᠤᠭᠤᠯᠠᠩ Шилийн гол минь-С,Амгалан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠯᠢ ᠶ᠋ᠢᠨ ᠭᠣᠣᠯ ᠮᠢᠨᠢ -ᠰ᠂ ᠠᠮᠤᠭᠤᠯᠠᠩ Шилийн гол минь-С,Амгалан

ᠰᠢᠯᠢ ᠶ᠋ᠢᠨ ᠭᠣᠣᠯ ᠮᠢᠨᠢ -ᠰ᠂ ᠠᠮᠤᠭᠤᠯᠠᠩ Шилийн гол минь-С,Амгалан

ᠠᠩᠭᠢᠯᠠᠯ:ᠳᠠᠭᠤᠤ ᠬᠥᠭᠵᠢᠮ
2025-06-06

2697

ᠰᠢᠯᠢ ᠶ᠋ᠢᠨ ᠭᠣᠣᠯ ᠮᠢᠨᠢ

    ᠦᠭᠡ᠄ ᠪ· ᠮᠠᠰᠢᠪᠠᠲᠤ 
 ᠠᠶ᠎ᠠ᠄ ᠨᠠᠷᠠᠨᠮᠠᠨᠳᠤᠯ᠎ᠠ 
 ᠳᠠᠭᠤᠴᠢᠨ᠄ ᠰ᠂ ᠠᠮᠤᠭᠤᠯᠠᠩ 

ᠪᠤᠭᠤᠷᠤᠯ ᠠᠪᠤ ᠰᠢᠭ᠋ ᠪᠤᠯᠠᠭᠠᠨ ᠠᠭᠤᠯᠠ ᠮᠢᠨᠢ 
ᠪᠤᠷᠭᠢᠯᠤᠨ ᠤᠨᠳᠤᠷᠬᠤ ᠪᠠᠶᠠᠨᠪᠤᠯᠠᠭ ᠮᠢᠨᠢ 
ᠪᠣᠭᠳᠠ ᠶ᠋ᠢᠨ ᠳᠦᠷᠢ ᠲᠡᠢ ᠴᠢᠩᠭᠢᠰ ᠬᠠᠢᠷᠬᠠᠨ ᠮᠢᠨᠢ 
ᠪᠤᠮᠠᠨ ᠬᠡᠰᠢᠭ ᠲᠡᠢ ᠡᠵᠢ ᠨᠠᠭᠤᠷ ᠮᠢᠨᠢ 
ᠪᠣᠭᠳᠠ ᠶ᠋ᠢᠨ ᠳᠦᠷᠢ ᠲᠡᠢ ᠴᠢᠩᠭᠢᠰ ᠬᠠᠢᠷᠬᠠᠨ ᠮᠢᠨᠢ 
ᠪᠤᠮᠠᠨ ᠬᠡᠰᠢᠭ ᠲᠡᠢ ᠡᠵᠢ ᠨᠠᠭᠤᠷ ᠮᠢᠨᠢ

ᠬᠠᠨᠠᠭᠠᠷ ᠠᠭᠤᠳᠠᠮ ᠲᠠᠮᠤᠴᠢ ᠶ᠋ᠢᠨ ᠲᠠᠯ᠎ᠠ ᠮᠢᠨᠢ
ᠬᠠᠨ ᠬᠠᠢᠷᠬᠠᠨ ᠨᠠᠢ᠍ᠮᠠ ᠶ᠋ᠢᠨ ᠠᠭᠤᠯᠠ ᠮᠢᠨᠢ
ᠬᠠᠮᠤᠭ ᠲᠤ᠌ ᠠᠯᠳᠠᠷᠲᠠᠢ ᠪᠠᠶᠠᠨᠲᠠᠯ᠎ᠠ ᠮᠢᠨᠢ
ᠬᠠᠯᠠᠮᠵᠢ ᠰᠢᠮᠡᠲᠡᠢ ᠪᠠᠯᠭᠠᠷ ᠭᠣᠣᠯ ᠮᠢᠨᠢ
ᠬᠠᠮᠤᠭ ᠲᠤ᠌ ᠠᠯᠳᠠᠷᠲᠠᠢ ᠪᠠᠶᠠᠨᠲᠠᠯ᠎ᠠ ᠮᠢᠨᠢ
ᠬᠠᠯᠠᠮᠵᠢ ᠰᠢᠮᠡᠲᠡᠢ ᠪᠠᠯᠭᠠᠷ ᠭᠣᠣᠯ ᠮᠢᠨᠢ

ᠤᠷᠢᠳᠤ ᠶ᠋ᠢᠨ ᠳᠣᠮᠣᠭ ᠲᠠᠢ ᠤᠯᠢᠶᠠᠰᠤᠲᠠᠢ ᠠᠭᠤᠯᠠ ᠮᠢᠨᠢ
ᠤᠨᠳᠤᠷᠤᠭᠠᠳ ᠪᠠᠷᠠᠰᠢ ᠦᠭᠡᠢ ᠭᠦᠨᠪᠣᠯᠠᠭ ᠮᠢᠨᠢ
ᠥᠨᠢᠷ ᠰᠥᠨᠢᠳ ᠦ᠋ᠨ ᠬᠠᠳᠠᠨ ᠵᠢᠷᠤᠭ ᠮᠢᠨᠢ
ᠦᠯᠦᠭ ᠬᠦᠷᠪᠡᠯ ᠦ᠋ᠨ ᠡᠷᠢᠶᠡᠨ ᠦ᠌ ᠬᠣᠲᠣᠭᠣᠷ ᠮᠢᠨᠢ
ᠥᠨᠢᠷ ᠰᠥᠨᠢᠳ ᠦ᠋ᠨ ᠬᠠᠳᠠᠨ ᠵᠢᠷᠤᠭ ᠮᠢᠨᠢ
ᠥᠯᠥᠭ ᠬᠦᠷᠪᠡᠯ ᠦ᠋ᠨ ᠡᠷᠢᠶᠡᠨ ᠦ᠌ ᠬᠣᠲᠣᠭᠣᠷ ᠮᠢᠨᠢ

ᠳᠡᠯᠭᠡᠷ ᠢᠪᠡᠭᠡᠯᠲᠦ ᠡᠷᠳᠡᠨᠢ ᠣᠪᠣᠭ᠎ᠠ ᠮᠢᠨᠢ
ᠳᠡᠩᠳᠡᠭᠦᠦ ᠪᠠᠶᠠᠯᠢᠭ ᠳᠣᠯᠣᠭᠠᠨ ᠨᠠᠭᠤᠷ ᠮᠢᠨᠢ
ᠳᠡᠭᠡᠳᠦ ᠶ᠋ᠢᠨ ᠨᠡᠢᠰᠯᠡᠯ ᠰᠢᠷ᠎ᠠ ᠲᠠᠯ᠎ᠠ ᠮᠢᠨᠢ
ᠳᠡᠯᠡᠬᠡᠢ ᠶ᠋ᠢᠨ ᠴᠢᠮᠡᠭ ᠰᠢᠯᠢ ᠶ᠋ᠢᠨ ᠭᠣᠣᠯ ᠮᠢᠨᠢ
ᠳᠡᠭᠡᠳᠦ ᠶ᠋ᠢᠨ ᠨᠡᠢᠰᠯᠡᠯ ᠰᠢᠷ᠎ᠠ ᠲᠠᠯ᠎ᠠ ᠮᠢᠨᠢ
ᠳᠡᠯᠡᠬᠡᠢ ᠶ᠋ᠢᠨ ᠴᠢᠮᠡᠭ ᠰᠢᠯᠢ ᠶ᠋ᠢᠨ ᠭᠣᠣᠯ ᠮᠢᠨᠢ
ᠳᠡᠭᠡᠳᠦ ᠶ᠋ᠢᠨ ᠨᠡᠢᠰᠯᠡᠯ ᠰᠢᠷ᠎ᠠ ᠲᠠᠯ᠎ᠠ ᠮᠢᠨᠢ
ᠳᠡᠯᠡᠬᠡᠢ ᠶ᠋ᠢᠨ ᠴᠢᠮᠡᠭ ᠰᠢᠯᠢ ᠶ᠋ᠢᠨ ᠭᠣᠣᠯ ᠮᠢᠨᠢ

  ᠦᠰᠦᠭ ᠠᠮᠢᠯᠠᠭᠤᠯᠤᠭᠴᠢ᠄ ᠰᠣᠳᠣ
  ᠦᠰᠦᠭ ᠬᠠᠲᠠᠭᠴᠢ᠄ ᠰᠣᠳᠣ
  ᠬᠢᠨᠠᠭᠴᠢ᠄ ᠣᠳᠬᠠᠨᠰᠣ᠎ᠠ