ᠤᠬᠠᠭᠠᠷᠠᠵᠤ ᠠᠮᠢᠳᠤᠷᠠᠬᠤ ᠬᠣᠷᠸ᠎ᠠ - ᠨ ∙ ᠳᠠᠰᠢᠳᠡᠮᠪᠡᠷᠢᠯУхаарч амьдрах хорвоо - Н.Дашдэмбэрэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠬᠠᠭᠠᠷᠠᠵᠤ ᠠᠮᠢᠳᠤᠷᠠᠬᠤ ᠬᠣᠷᠸ᠎ᠠ - ᠨ ∙ ᠳᠠᠰᠢᠳᠡᠮᠪᠡᠷᠢᠯУхаарч амьдрах хорвоо - Н.Дашдэмбэрэл

ᠤᠬᠠᠭᠠᠷᠠᠵᠤ ᠠᠮᠢᠳᠤᠷᠠᠬᠤ ᠬᠣᠷᠸ᠎ᠠ - ᠨ ∙ ᠳᠠᠰᠢᠳᠡᠮᠪᠡᠷᠢᠯУхаарч амьдрах хорвоо - Н.Дашдэмбэрэл

ᠠᠩᠭᠢᠯᠠᠯ:ᠳᠠᠭᠤᠤ ᠬᠥᠭᠵᠢᠮ
2025-06-05

1167

ᠤᠬᠠᠭᠠᠷᠠᠵᠤ ᠠᠮᠢᠳᠤᠷᠠᠬᠤ ᠬᠣᠷᠸ᠎ᠠ

   ᠦᠭᠡ᠄ ᠯ᠂ ᠳᠠᠭᠸᠠᠳᠣᠷᠵᠢ 
   ᠠᠶ᠎ᠠ᠄ ᠯ᠂ ᠳᠠᠰᠢᠨᠢᠮ᠎ᠠ 
   ᠳᠠᠭᠤᠴᠢᠨ᠄ ᠳᠠᠰᠢᠳᠠᠮᠪᠠᠷᠠᠯ 

ᠪᠠᠭᠤᠵᠤ ᠮᠣᠷᠳᠠᠬᠤ ᠳ᠋ᠠᠭᠠᠨ ᠪᠤᠭᠤᠷᠤᠯ ᠠᠪᠤ ᠮᠢᠨᠢ 
ᠢᠨᠢᠶᠡᠵᠦ ᠶᠠᠪᠤᠳᠠᠭ ᠤ᠋ᠨ ᠤᠴᠢᠷ ᠢ᠋ ᠬᠡᠯᠡᠳᠡᠭ 
ᠳᠠᠭᠤᠯᠠᠵᠤ ᠰᠠᠭᠤᠬᠤ ᠳ᠋ᠠᠭᠠᠨ ᠪᠤᠶᠠᠨ ᠲᠠᠢ ᠡᠵᠢ ᠮᠢᠨᠢ 
ᠤᠬᠢᠯᠠᠵᠤ ᠪᠠᠢᠳᠠᠭ ᠤ᠋ᠨ ᠤᠬᠠᠭᠠᠨ ᠢ᠋ ᠣᠯᠤᠶ᠎ᠠ ᠳᠠ 
ᠤᠬᠠᠭᠠᠷᠠᠵᠤ ᠠᠮᠢᠳᠤᠷᠠᠬᠤ ᠬᠣᠷᠸ᠎ᠠ ᠭᠡᠵᠦ 
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳᠡ  
ᠬᠥᠯ ᠬᠦᠨᠳᠦ ᠲᠡᠢ ᠪᠦᠰᠡᠭᠦᠢ ᠶ᠋ᠢᠨ ᠡᠮᠦᠨᠡᠭᠦᠷ 
ᠬᠥᠨᠳᠡᠯᠡᠨ ᠭᠠᠷᠳᠠᠭ ᠦᠭᠡᠢ ᠶ᠋ᠢᠨ ᠤᠴᠢᠷ ᠢ᠋ ᠠᠰᠠᠭᠤ ᠳᠠ 
ᠨᠠᠰᠤᠲᠠᠢ ᠬᠥᠮᠦᠨ ᠦ᠌ ᠲᠣᠬᠣᠢ ᠶ᠋ᠢ ᠡᠷᠭᠦᠵᠦ
ᠮᠠᠨᠳᠤᠯᠠᠨ ᠵᠣᠯᠭᠠᠳᠠᠭ ᠤ᠋ᠨ ᠤᠴᠢᠷ ᠢ᠋ ᠮᠡᠳᠡᠳᠡᠭ
ᠤᠬᠠᠭᠠᠷᠠᠵᠤ ᠠᠮᠢᠳᠤᠷᠠᠬᠤ ᠬᠣᠷᠸ᠎ᠠ ᠭᠡᠵᠦ
ᠦᠷ᠎ᠡ ᠴᠢᠮ᠎ᠠ ᠳ᠋ᠠᠭᠠᠨ ᠬᠡᠯᠡᠭᠡᠳ ᠯᠡ ᠪᠠᠢᠭ᠎ᠠ ᠶᠤᠮ ᠰᠢᠦ ᠳᠡ

ᠥᠷᠥᠭᠡᠯ ᠢ᠋ ᠵᠢᠷᠭᠠᠭᠠᠵᠤ ᠳᠠᠭᠤᠯᠠᠵᠤ ᠶᠠᠪᠤᠪᠠᠯ
ᠥᠪᠡᠷ ᠢ᠋ᠶ᠋ᠡᠨ ᠵᠢᠷᠭᠠᠳᠠᠭ ᠰᠡᠳᠬᠢᠯ ᠢ᠋ ᠲᠠᠨᠢᠳᠠᠭ
ᠦᠢᠯᠡ ᠦᠢᠯᠡᠰ ᠦ᠋ᠨ ᠤᠴᠢᠭ ᠤ᠋ᠨ ᠲᠡᠭᠦᠰᠬᠡᠯ ᠢ᠋
ᠦᠷᠭᠦᠯᠵᠢᠯᠡᠭᠦᠯᠵᠦ ᠰᠦᠪᠡᠯᠡᠬᠦ ᠪᠡᠷ ᠣᠷᠬᠢᠳᠠᠭ ᠢ᠋ ᠪᠣᠳᠣᠳᠠᠭ
ᠤᠬᠠᠭᠠᠷᠠᠵᠤ ᠠᠮᠢᠳᠤᠷᠠᠬᠤ ᠬᠣᠷᠸ᠎ᠠ ᠭᠡᠵᠦ
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳᠡ
ᠥᠷᠯᠥᠭᠡ ᠪᠣᠰᠬᠤ ᠳ᠋ᠠᠭᠠᠨ ᠲᠩᠷᠢ ᠶ᠋ᠢ ᠠᠵᠢᠭᠯᠠᠨ
ᠳᠡᠯᠡᠬᠡᠢ ᠶ᠋ᠢᠨ ᠠᠷᠠᠨᠰᠢᠨ ᠢ᠋ ᠲᠠᠨᠢᠳᠠᠭ ᠢ᠋ ᠣᠯᠳᠠᠭ
ᠥᠭᠡᠳᠡ ᠨᠢ ᠤᠷᠢᠬᠤ ᠳ᠋ᠠᠭᠠᠨ ᠰᠡᠳᠬᠢᠯ ᠢ᠋ ᠨᠢ ᠲᠠᠨᠢᠵᠤ
ᠰᠦ ᠪᠡᠨ ᠡᠷᠭᠦᠳᠡᠭ ᠦ᠋ᠨ ᠰᠠᠨᠠᠭ᠎ᠠ ᠶ᠋ᠢ ᠬᠡᠯᠡ ᠳᠡ
ᠤᠬᠠᠭᠠᠷᠠᠵᠤ ᠠᠮᠢᠳᠤᠷᠠᠬᠤ ᠬᠣᠷᠸ᠎ᠠ ᠭᠡᠵᠦ
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳᠡ
ᠤᠬᠠᠭᠠᠷᠠᠵᠤ ᠠᠮᠢᠳᠤᠷᠠᠬᠤ ᠬᠣᠷᠸ᠎ᠠ ᠭᠡᠵᠦ
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳᠡ

  ᠦᠰᠦᠭ ᠠᠮᠢᠯᠠᠭᠤᠯᠤᠭᠴᠢ᠄ ᠰᠢᠵᠢᠷᠮᠠᠨᠳᠤᠯ᠎ᠠ
  ᠦᠰᠦᠭ ᠬᠠᠲᠠᠭᠴᠢ᠄ ᠰᠣᠳᠣ
  ᠬᠢᠨᠠᠭᠴᠢ᠄ ᠣᠳᠬᠠᠨᠰᠣ᠎ᠠ