ᠡᠷᠪᠡᠬᠡᠢ ᠦᠷ᠎ᠡ ᠮᠢᠨᠢ-ᠰᠡᠴᠡᠨЭрвээхий үр минь-Сэцэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠪᠡᠬᠡᠢ ᠦᠷ᠎ᠡ ᠮᠢᠨᠢ-ᠰᠡᠴᠡᠨЭрвээхий үр минь-Сэцэн

ᠡᠷᠪᠡᠬᠡᠢ ᠦᠷ᠎ᠡ ᠮᠢᠨᠢ-ᠰᠡᠴᠡᠨЭрвээхий үр минь-Сэцэн

ᠠᠩᠭᠢᠯᠠᠯ:ᠳᠠᠭᠤᠤ ᠬᠥᠭᠵᠢᠮ
2025-05-28

1270

ᠡᠷᠪᠡᠬᠡᠢ ᠦᠷ᠎ᠡ ᠮᠢᠨᠢ

     ᠦᠭᠡ᠄ ᠳ᠋· ᠪᠠᠭᠠᠲᠤᠷ
     ᠠᠶ᠎ᠠ᠄ ᠲᠦ᠊· ᠤᠯᠠᠭᠠᠨᠪᠠᠭᠠᠲᠤᠷ
     ᠳᠠᠭᠤᠴᠢᠨ᠄ ᠰᠡᠴᠡᠨ
ᠡᠩᠬᠦᠷᠡᠢ ᠦᠷ᠎ᠡ ᠮᠢᠨᠢ ᠴᠢ ᠭᠡᠷᠡᠯ ᠶᠤᠮ ᠰᠢᠦ
ᠡᠩᠭᠡᠷ ᠡᠴᠡ ᠮᠢᠨᠢ ᠤᠷᠭᠤᠭᠰᠠᠨ ᠴᠡᠴᠡᠭ ᠶᠤᠮ ᠰᠢᠦ
ᠡᠨᠡᠬᠡᠨ ᠪᠡᠶ᠎ᠡ ᠶ᠋ᠢ ᠮᠢᠨᠢ ᠬᠣᠶᠠᠷ ᠬᠤᠪᠢᠶᠠᠭᠰᠠᠨ
ᠡᠯᠢᠭᠡ ᠵᠢᠷᠦᠬᠡᠨ ᠦ᠌ ᠲᠠᠰᠤᠷᠬᠠᠢ ᠶᠤᠮ ᠰᠢᠦ
ᠠᠮᠠᠨ ᠳ᠋ᠤ᠌ ᠪᠠᠨ ᠬᠢᠪᠡᠯ ᠬᠠᠢᠯᠴᠢᠬᠠᠬᠤ ᠪᠣᠢ ᠪᠦᠪᠡᠢ
ᠠᠯᠠᠭᠠᠨ ᠳᠡᠭᠡᠷ᠎ᠡ ᠪᠡᠨ ᠲᠠᠯᠪᠢᠪᠠᠯ ᠪᠥᠮᠪᠥᠷᠢᠴᠢᠬᠡᠬᠦ ᠪᠣᠢ ᠪᠦᠪᠡᠢ
ᠡᠪᠡᠢ ᠳᠡ ᠡᠪᠡᠢ
ᠡᠷᠪᠡᠬᠡᠢ ᠦᠷ᠎ᠡ ᠮᠢᠨᠢ ᠠ᠋
ᠬᠠᠢᠷᠠᠲᠠᠢ ᠦᠷ᠎ᠡ ᠮᠢᠨᠢ ᠴᠢ ᠲᠤᠶᠠᠭ᠎ᠠ ᠶᠤᠮ ᠰᠢᠦ
ᠬᠠᠷᠠᠬᠠᠨ ᠨᠢᠳᠦᠨ ᠦ᠌ ᠮᠢᠨᠢ ᠴᠡᠴᠡᠭᠡᠢ ᠶᠤᠮ ᠰᠢᠦ
ᠬᠠᠯᠠᠭᠤᠨ ᠴᠡᠭᠡᠵᠢᠨ ᠳ᠋ᠦ᠍ ᠮᠢᠨᠢ ᠰᠦ ᠢᠪᠢᠯᠦᠭᠦᠯᠦᠭᠰᠡᠨ
ᠬᠠᠢᠯᠭᠠᠨ ᠵᠠᠶᠠᠭᠠᠨ ᠤ᠋ ᠱᠠᠩᠨᠠᠯ ᠶᠤᠮ ᠰᠢᠦ
ᠠᠮᠠᠨ ᠳ᠋ᠤ᠌ ᠪᠠᠨ ᠬᠢᠪᠡᠯ ᠬᠠᠢᠯᠴᠢᠬᠠᠬᠤ ᠪᠣᠢ ᠪᠦᠪᠡᠢ
ᠠᠯᠠᠭᠠᠨ ᠳᠡᠭᠡᠷ᠎ᠡ ᠪᠡᠨ ᠲᠠᠯᠪᠢᠪᠠᠯ ᠪᠥᠮᠪᠥᠷᠢᠴᠢᠬᠡᠬᠦ ᠪᠣᠢ ᠪᠦᠪᠡᠢ
ᠡᠪᠡᠢ ᠳᠡ ᠡᠪᠡᠢ
ᠡᠷᠪᠡᠬᠡᠢ ᠦᠷ᠎ᠡ ᠮᠢᠨᠢ ᠠ᠋
ᠠᠮᠠᠷᠠᠭ ᠦᠷ᠎ᠡ ᠮᠢᠨᠢ ᠴᠢ ᠡᠷᠳᠡᠨᠢ ᠶᠤᠮ ᠰᠢᠦ
ᠠᠮᠢᠳᠤᠷᠠᠯ ᠢ᠋ ᠮᠢᠨᠢ ᠴᠢᠮᠡᠭᠰᠡᠨ ᠰᠣᠯᠣᠩᠭ᠎ᠠ ᠶᠤᠮ ᠰᠢᠦ
ᠠᠯᠠᠭᠬᠠᠨ ᠪᠠᠷᠢᠨᠲᠠᠭ ᠢ᠋ᠶ᠋ᠠᠷ ᠢ᠋ᠶ᠋ᠠᠨ ᠨᠠᠮ᠎ᠠ ᠶ᠋ᠢ ᠠᠷᠭᠠᠮᠵᠢᠭᠰᠠᠨ
ᠠᠮᠢᠨ ᠬᠠᠢᠷ᠎ᠠ ᠶ᠋ᠢᠨ ᠤᠶᠠᠭ᠎ᠠ ᠶᠤᠮ ᠰᠢᠦ
ᠠᠮᠠᠨ ᠳ᠋ᠤ᠌ ᠪᠠᠨ ᠬᠢᠪᠡᠯ ᠬᠠᠢᠯᠴᠢᠬᠠᠬᠤ ᠪᠣᠢ ᠪᠦᠪᠡᠢ
ᠠᠯᠠᠭᠠᠨ ᠳᠡᠭᠡᠷ᠎ᠡ ᠪᠡᠨ ᠲᠠᠯᠪᠢᠪᠠᠯ ᠪᠥᠮᠪᠥᠷᠢᠴᠢᠬᠡᠬᠦ ᠪᠣᠢ ᠪᠦᠪᠡᠢ
ᠡᠪᠡᠢ ᠳᠡ ᠡᠪᠡᠢ
ᠡᠷᠪᠡᠬᠡᠢ ᠦᠷ᠎ᠡ ᠮᠢᠨᠢ ᠠ᠋

  ᠦᠰᠦᠭ ᠠᠮᠢᠯᠠᠭᠤᠯᠤᠭᠰᠠᠨ ᠨᠢ᠄ ᠪᠦᠷᠢᠨᠵᠢᠷᠭᠠᠯ
  ᠦᠰᠦᠭ ᠬᠠᠲᠠᠭᠰᠠᠨ ᠨᠢ᠄ ᠪᠦᠷᠢᠨᠵᠢᠷᠭᠠᠯ
  ᠬᠢᠨᠠᠭᠴᠢ ᠪᠠᠭᠰᠢ᠄ ᠢᠷᠡᠭᠡᠳᠦᠢ