ᠮᠣᠩᠭᠣᠯ ᠡᠮ ᠡᠮᠨᠡᠯᠭᠡ – (ᠶᠢᠰᠦ) Монгол эм эмнэлэг (9)
ᠶᠠᠮᠠᠷ ᠬᠥᠮᠦᠨ ᠡᠯᠢᠭᠡᠨ ᠡᠪᠡᠳᠴᠢᠨ ᠳ᠋ᠦ᠍ ᠬᠢᠯᠪᠠᠷ ᠨᠡᠷᠪᠡᠭᠳᠡᠳᠡᠭ ᠲᠤᠬᠠᠢ ᠥᠭᠦᠯᠡᠬᠦ ᠨᠢ
ᠡᠷᠳᠡᠨᠢᠴᠤᠭᠲᠣ ᠂ ᠵᠢᠷᠭᠠᠯ
【ᠠᠭᠤᠯᠭ᠎ᠠ ᠶ᠋ᠢᠨ ᠲᠣᠪᠴᠢ】 ᠡᠯᠢᠭᠡᠨ ᠡᠪᠡᠳᠴᠢᠨ᠂ ᠣᠨᠴᠠᠭᠠᠢᠯᠠᠨ ᠬᠥᠬᠡᠭᠴᠢᠨ ᠬᠡᠯᠪᠡᠷᠢ ᠶ᠋ᠢᠨ ᠡᠯᠢᠭᠡᠨ ᠦᠷᠪᠢᠰᠦᠯ ᠨᠢ ᠬᠥᠮᠦᠨ ᠲᠥᠷᠥᠯᠬᠢᠲᠡᠨ ᠳ᠋ᠦ᠍ ᠮᠠᠰᠢ ᠬᠥᠨᠥᠭᠡᠯ ᠲᠡᠢ ᠳᠠᠢᠰᠤᠨ ᠪᠣᠯᠵᠠᠢ ᠃ ᠳᠤᠮᠳᠠᠳᠤ ᠤᠯᠤᠰ ᠤ᠋ᠨ ᠵᠠᠰᠠᠭ ᠤ᠋ᠨ ᠣᠷᠳᠣᠨ ᠠ᠋ᠴᠠ ᠮᠠᠰᠢ ᠬᠦᠨᠳᠤᠴᠢᠯᠠᠨ᠂ ᠡᠷᠡᠭᠦᠯ ᠬᠠᠮᠠᠭᠠᠯᠠᠯ ᠤ᠋ᠨ ᠶᠠᠮᠤᠨ ᠤ᠋ ᠬᠢᠨᠢ ᠮᠢᠩᠭᠠᠨ ᠨᠡᠷᠡᠰ ᠠᠯᠳᠠᠷᠲᠤ ᠡᠮᠴᠢ —ᠡᠯᠢᠭᠡᠨ ᠡᠪᠡᠳᠴᠢᠨ ᠦ᠌ ᠮᠡᠷᠭᠡᠵᠢᠯᠲᠡᠨ ᠢ᠋ ᠲᠣᠮᠢᠯᠠᠨ᠂ ᠡᠯ᠎ᠡ ᠭᠠᠵᠠᠷ ᠣᠷᠣᠨ ᠤ᠋ ᠡᠯᠢᠭᠡᠨ ᠡᠪᠡᠳᠴᠢᠨ ᠦ᠌ ᠡᠮᠨᠡᠯᠭᠡ ᠶ᠋ᠢᠨ ᠬᠣᠷᠢᠶ᠎ᠠ ᠪᠠᠷ ᠲᠣᠭᠣᠷᠢᠭᠤᠯᠤᠨ᠂ ᠶᠠᠷᠢᠶ᠎ᠠ ᠲᠠᠯᠪᠢᠭᠤᠯᠤᠨ ᠬᠢᠴᠢᠶᠡᠯᠡᠭᠦᠯᠵᠤ᠂ ᠡᠷᠲᠡ ᠡᠳᠦᠷ ᠨᠣᠮᠣᠬᠠᠳᠬᠠᠬᠤ ᠪᠠᠷ ᠮᠡᠷᠡᠢᠵᠦ ᠪᠣᠢ᠃ ᠳᠤᠮᠳᠠᠳᠤ ᠤᠯᠤᠰ ᠪᠣᠯ ᠡᠯᠢᠭᠡᠨ ᠡᠪᠡᠳᠴᠢᠨ ᠦ᠌ ᠶᠡᠬᠡ ᠤᠯᠤᠰ ᠶᠤᠮ᠃ ᠡᠷᠡᠭᠦᠯ ᠬᠠᠮᠠᠭᠠᠯᠠᠯ ᠤ᠋ᠨ ᠶᠠᠮᠤᠨ ᠤ᠋ ᠪᠦᠷᠢᠳᠬᠡᠭᠰᠡᠨ ᠢ᠋ᠶ᠋ᠡᠷ ᠡᠭᠦᠰᠦᠯᠲᠡ ᠶ᠋ᠢᠨ ᠨᠣᠷᠮ᠎ᠠ ᠨᠢ 10% ᠠ᠋ᠴᠠ ᠳᠡᠭᠡᠭᠰᠢ ᠪᠠᠢᠳᠠᠭ᠃ ᠰᠢᠨᠵᠢᠯᠡᠬᠦ ᠤᠬᠠᠭᠠᠨ ᠤ᠋ ᠰᠤᠳᠤᠯᠤᠯᠲᠠ ᠪᠠᠷ ᠡᠯᠢᠭᠡᠨ ᠦᠷᠪᠢᠰᠦᠯ ᠢ᠋ ᠨᠢᠭᠡᠨᠲᠡ ᠮᠡᠳᠡᠭᠰᠡᠨ ᠢ᠋ ᠳᠣᠯᠣᠭᠠᠨ ᠵᠦᠢᠯ ᠬᠤᠪᠢᠶᠠᠵᠤ ᠪᠣᠢ᠃ ᠭᠡᠪᠡᠴᠦ ᠪᠠᠰᠠ 20%— 30% ᠤ᠋ ᠡᠯᠢᠭᠡᠨ ᠡᠪᠡᠳᠴᠢᠨ ᠦ᠌ ᠰᠢᠯᠲᠠᠭᠠᠨ ᠢ᠋ ᠬᠠᠷᠠᠬᠠᠨ ᠮᠡᠳᠡᠭᠡᠳᠦᠢ᠃ ᠡᠮᠨᠡᠯᠭᠡ ᠶ᠋ᠢᠨ ᠤᠬᠠᠭᠠᠨᠲᠠᠳ ᠤ᠋ᠨ ᠦᠵᠡᠬᠦ ᠪᠡᠷ ᠡᠯᠢᠭᠡᠨ ᠡᠰ ᠲᠦ᠍ ᠰᠢᠨᠤᠯᠲᠠᠢDNAᠸᠢᠷᠦ᠋ᠰ ᠪᠣᠯᠤᠨ RNAᠸᠢᠷᠦ᠋ᠰ ᠪᠣᠯ ᠡᠪᠡᠳᠴᠢᠨ ᠦ᠌ ᠭᠣᠯᠣᠮᠲᠠ ᠪᠣᠯᠤᠨ᠎ᠠ᠃ ᠡᠨᠡ ᠸᠢᠷᠦ᠋ᠰ ᠨᠢ ᠶᠠᠭ ᠪᠡᠴᠢᠨ ᠪᠠᠭᠰᠢ ᠮᠡᠲᠦ᠂ ᠬᠤᠪᠢᠯᠵᠤ ᠤᠯᠠᠷᠢᠬᠤ ᠴᠢᠳᠠᠪᠤᠷᠢ ᠲᠠᠢ ᠠ᠋ᠴᠠ ᠪᠣᠯᠵᠤ ᠵᠠᠰᠠᠯᠭ᠎ᠠ ᠠᠪᠬᠤ ᠨᠢ ᠮᠠᠭᠤ᠂ ᠡᠮ ᠨᠢ ᠦᠨᠡᠲᠡᠢ᠂ ᠬᠠᠯᠳᠠᠪᠤᠷᠢᠯᠠᠯ ᠶᠡᠬᠡᠲᠡᠢ᠂ ᠭᠡᠷ ᠪᠦᠯᠢ ᠳ᠋ᠦ᠍ ᠬᠤᠷᠠᠨ ᠴᠤᠭᠯᠠᠷᠠᠬᠤ ᠦᠵᠡᠭᠳᠡᠯ ᠲᠡᠢ ᠪᠠᠢᠳᠠᠭ᠃ ᠪᠠᠰᠠ ᠤᠷᠰᠢᠭᠲᠤ ᠬᠤᠪᠢᠷᠠᠯᠲᠠ ᠶ᠋ᠢᠨ ᠭᠤᠷᠪᠠᠨ ᠠᠶᠠᠯᠭᠤ ᠭᠡᠵᠦ ᠪᠠᠢᠳᠠᠭ᠃ ᠳᠠᠷᠤᠢ ᠡᠯᠢᠭᠡᠨ ᠦᠷᠪᠢᠰᠦᠯ— ᠡᠯᠢᠭᠡᠨ ᠬᠠᠲᠠᠭᠤᠷᠠᠯ —ᠡᠯᠢᠭᠡᠨ ᠥᠮᠡᠨ ᠵᠡᠷᠭᠡ ᠪᠠᠢᠳᠠᠭ᠃ ᠲᠤᠰ ᠬᠥᠮᠦᠨ᠂ ᠡᠯᠢᠭᠡᠨ ᠡᠪᠡᠳᠴᠢᠨ ᠦ᠌ ᠡᠮᠨᠡᠯᠭᠡ ᠶ᠋ᠢᠨ ᠬᠣᠷᠢᠶ᠎ᠠ ᠳ᠋ᠤ᠌ ᠠᠵᠢᠯᠯᠠᠵᠤ ᠰᠤᠷᠤᠯᠴᠠᠵᠤ ᠪᠠᠢᠬᠤ ᠦᠶ᠎ᠡ ᠳ᠋ᠦ᠍᠂ ᠨᠡᠯᠢᠶᠡᠳ ᠣᠯᠠᠨ ᠡᠪᠡᠳᠴᠢᠲᠡᠨ ᠳ᠋ᠦ᠍ ᠵᠣᠷᠢᠯᠭ᠎ᠠ ᠲᠠᠢ ᠪᠦᠷᠢᠳᠬᠡᠯ ᠬᠢᠵᠦ᠂ ᠮᠣᠩᠭᠣᠯ ᠠᠨᠠᠭᠠᠬᠤ ᠤᠬᠠᠭᠠᠨ ᠤ᠋ ᠬᠠᠷ᠎ᠠ ᠵᠢᠷᠤᠬᠠᠢ ᠶ᠋ᠢᠨ ᠤᠬᠠᠭᠠᠨ ᠢ᠋ᠶ᠋ᠠᠷ《ᠨᠢᠭᠤᠴᠠ》 ᠶ᠋ᠢ ᠲᠠᠢᠯᠪᠤᠷᠢᠯᠠᠬᠤ ᠶ᠋ᠢ ᠵᠣᠷᠢᠪᠠ ᠃ ᠡᠭᠦᠨ ᠦ᠌ ᠳ᠋ᠦᠩ ᠳ᠋ᠦ᠍᠄
1 .ᠡᠯᠢᠭᠡᠨ ᠡᠪᠡᠳᠴᠢᠲᠡᠨ ᠨᠢᠭᠡᠪᠦᠷᠢ ᠶ᠋ᠢᠨ ᠲᠥᠷᠥᠭᠰᠡᠨ ᠡᠳᠦᠷ ᠲᠦ᠍ 《ᠡᠯᠢᠭᠡᠨ ᠡᠪᠡᠳᠴᠢᠨ ᠦ᠌ ᠲᠡᠮᠳᠡᠭ》 ᠪᠠᠢᠬᠤ ᠶ᠋ᠢ ᠢᠯᠡᠷᠡᠭᠦᠯᠪᠡ᠃
2. ᠲᠠᠪᠤᠨ ᠮᠠᠬᠠᠪᠣᠳ ᠤ᠋ᠨ ᠠᠷᠪᠢᠳᠴᠤ ᠪᠠᠷᠠᠭᠳᠠᠬᠤ ᠵᠢᠮ᠎ᠡ ᠶᠣᠰᠣ ᠶ᠋ᠢ ᠮᠥᠷᠳᠡᠵᠦ᠂ ᠤᠷᠢᠳᠴᠢᠯᠠᠨ ᠰᠡᠷᠭᠡᠢᠯᠡᠬᠦ᠂ ᠡᠮᠴᠢᠯᠡᠭᠡᠨ ᠳ᠋ᠦ᠍ ᠦᠢᠯᠡᠴᠢᠯᠡᠭᠦᠯᠪᠡ᠃
3. ᠮᠣᠩᠭᠣᠯ ᠡᠮᠴᠢ ᠶ᠋ᠢᠨ ᠬᠠᠷ᠎ᠠ ᠵᠢᠷᠤᠬᠠᠢ ᠶ᠋ᠢᠨ ᠤᠬᠠᠭᠠᠨ ᠤ᠋ ᠰᠠᠭᠤᠷᠢ ᠮᠡᠳᠡᠯᠭᠡ ᠲᠡᠢ ᠬᠥᠮᠦᠰ᠂ ᠡᠵᠡᠮᠰᠢᠬᠦ ᠳ᠋ᠦ᠍ ᠮᠠᠰᠢ ᠲᠦᠷᠭᠡᠨ ᠪᠥᠭᠡᠳ ᠬᠡᠷᠪᠡ ᠳᠡᠯᠭᠡᠷᠡᠭᠦᠯᠦᠨ ᠬᠡᠷᠡᠭᠯᠡᠪᠡᠯ᠂ ᠬᠥᠳᠡᠭᠡ ᠮᠠᠯᠵᠢᠬᠤ ᠣᠷᠣᠨ ᠤ᠋ ᠪᠠᠭᠠᠵᠢ ᠲᠣᠨᠣᠭᠯᠠᠯ ᠳᠤᠲᠠᠭᠤ ᠡᠮᠵᠢᠭ ᠢ᠋ ᠢᠯᠠᠨ ᠳᠠᠪᠠᠵᠤ᠂ ᠡᠷᠲᠡ ᠡᠳᠦᠷ ᠣᠨᠣᠰᠢᠯᠠᠵᠤ ᠡᠮᠴᠢᠯᠡᠵᠦ ᠴᠢᠳᠠᠨ᠎ᠠ ᠃
1. ᠪᠣᠳᠠᠲᠤ ᠠᠷᠭ᠎ᠠ ( ᠬᠢᠳᠡᠯ )
ᠮᠣᠩᠭᠣᠯ ᠠᠨᠠᠭᠠᠬᠤ ᠤᠬᠠᠭᠠᠨ ᠤ᠋ ᠬᠠᠷ᠎ᠠ ᠵᠢᠷᠤᠬᠠᠢ ᠶ᠋ᠢᠨ ᠤᠬᠠᠭᠠᠨ ᠳ᠋ᠤ᠌ ᠂ ᠮᠣᠳᠣ ᠂ ᠭᠠᠯ ᠂ ᠰᠢᠷᠣᠢ ᠂ ᠲᠡᠮᠦᠷ ᠂ ᠤᠰᠤ ᠨᠢ ᠳᠠᠷᠠᠭᠠᠴᠢᠯᠠᠨ ᠬᠠᠷᠢᠯᠴᠠᠨ ᠲᠥᠯᠵᠢᠭᠦᠯᠵᠦ ᠪᠠᠢᠳᠠᠭ᠃ ᠲᠡᠭᠡᠪᠡᠯ ᠲᠥᠯᠵᠢᠭᠦᠯᠵᠦ ᠯᠡ ᠪᠠᠢᠪᠠᠯ ᠰᠠᠢᠨ ᠂ ᠬᠣᠣᠷᠯᠠᠵᠤ ᠯᠠ ᠪᠠᠢᠪᠠᠯ ᠮᠠᠭᠤ ᠭᠡᠵᠦ ᠤᠤ ? ᠪᠣᠳᠠᠲᠤ ᠡᠮᠴᠢᠯᠡᠭᠡ ᠦᠢᠯᠡᠳᠦᠯᠭᠡ ᠪᠡᠷ ᠳᠠᠮᠵᠢᠭᠠᠳ᠂ ᠲᠥᠯᠵᠢᠭᠦᠯᠬᠦ ᠪᠠ ᠬᠣᠣᠷᠯᠠᠬᠤ ᠳ᠋ᠤ᠌ ᠬᠡᠮᠵᠢᠶ᠎ᠡ ᠭᠡᠵᠦ ᠪᠠᠢᠳᠠᠭ ᠢ᠋ ᠮᠡᠳᠡᠵᠡᠢ᠃ ᠬᠡᠮᠵᠢᠶ᠎ᠡ ᠡᠴᠡ ᠬᠡᠲᠦᠷᠡᠭᠰᠡᠨ ᠦᠶ᠎ᠡ ᠳ᠋ᠦ᠍ ᠳᠠᠷᠤᠢ ᠡᠪᠡᠳᠴᠢᠯᠡᠳᠡᠭ ᠶᠦ᠍ᠮ᠃ ᠡᠯᠢᠭᠡ ᠪᠣᠯ ᠮᠣᠳᠣᠨ ᠮᠠᠬᠠᠪᠣᠳ ᠲᠠᠢ ᠶᠤᠮ᠃ ᠤᠰᠤ ᠨᠢ ᠮᠣᠳᠣ ᠶ᠋ᠢ ᠲᠥᠯᠵᠢᠭᠦᠯᠳᠡᠭ᠃ ᠭᠡᠪᠡᠴᠦ ᠤᠰᠤ ᠬᠡᠲᠦᠷᠡᠪᠡᠯ ᠮᠣᠳᠣ ᠨᠢ ᠬᠥᠪᠳᠡᠭ ᠶᠦ᠍ᠮ᠃ ᠤᠰᠤ ᠨᠢ ᠪᠠᠭᠠᠳᠠᠪᠠᠯ ᠰᠢᠷᠭᠢᠳᠡᠭ ᠶᠦ᠍ᠮ᠃ ᠮᠣᠳᠣ ᠨᠢ ᠰᠢᠷᠣᠢ ᠶ᠋ᠢ ᠬᠣᠣᠷᠯᠠᠳᠠᠭ ᠶᠤᠮ᠃ ᠰᠢᠷᠣᠢ ᠵᠤᠵᠠᠭᠠᠷᠠᠪᠠᠯ᠂ ᠮᠣᠳᠣ ᠨᠢ ᠪᠤᠯᠠᠭᠳᠠᠳᠠᠭ ᠶᠤᠮ᠃ ᠡᠭᠦᠨ ᠳ᠋ᠦ᠍ ᠬᠥᠪᠬᠦ᠂ ᠰᠢᠷᠭᠢᠬᠦ᠂ ᠪᠤᠯᠠᠭᠳᠠᠬᠤ ᠵᠡᠷᠭᠡ ᠨᠢ ᠪᠦᠷ ᠮᠣᠳᠣ ᠬᠣᠣᠷᠯᠠᠭᠳᠠᠬᠤ ᠶ᠋ᠢᠨ ᠪᠠᠰᠠ ᠨᠢᠭᠡᠨ ᠢᠯᠡᠷᠡᠯ ᠪᠣᠯᠤᠨ᠎ᠠ᠃ ᠪᠠᠰᠠ ᠨᠢᠭᠡᠨ ᠮᠡᠳᠡᠬᠦ ᠴᠢᠬᠤᠯᠠᠲᠠᠢ ᠮᠡᠳᠡᠯᠭᠡ ᠭᠡᠪᠡᠯ᠄ ᠲᠡᠭᠷᠢ ᠶ᠋ᠢᠨ ᠡᠰᠢ᠂ ᠭᠠᠵᠠᠷ ᠤ᠋ᠨ ᠡᠷᠬᠡᠲᠡᠨ ᠢ᠋ ᠮᠣᠳᠣ᠂ ᠭᠠᠯ᠂ ᠰᠢᠷᠣᠢ᠂ ᠲᠡᠮᠦᠷ᠂ ᠤᠰᠤ ᠪᠠᠷ ᠠᠩᠭᠢᠯᠠᠵᠤ ᠬᠡᠷᠡᠭᠯᠡᠨ᠎ᠡ᠃ ᠳᠠᠷᠤᠢ᠂ ᠬᠥᠬᠡ ᠬᠥᠬᠡᠭᠴᠢᠨ ᠪᠠᠷᠰ ᠲᠠᠤᠯᠠᠢ ᠨᠢ ᠮᠣᠳᠣ᠃ ᠤᠯᠠᠭᠠᠨ ᠮᠣᠷᠢ᠂ ᠤᠯᠠᠭᠴᠢᠨ ᠮᠣᠭᠠᠢ (ᠵᠢᠷᠦᠬᠡ ᠭᠡᠳᠡᠰᠦ) ᠨᠢ ᠭᠠᠯ ᠮᠠᠬᠠᠪᠣᠳ᠂ ᠰᠢᠷ᠎ᠠ ᠰᠢᠷᠬᠠᠴᠢᠨ᠂ ᠯᠤᠤ᠂ ᠨᠣᠬᠠᠢ᠂ ᠦᠬᠡᠷ᠂ ᠬᠣᠨᠢ ᠨᠢ ᠰᠢᠷᠣᠢ ᠮᠠᠬᠠᠪᠣᠳᠢ᠋ ᠴᠠᠭᠠᠨ ᠪᠡᠴᠢ᠂ ᠴᠠᠭᠠᠭᠴᠢᠨ ᠲᠠᠬᠢᠶ᠎ᠠ (ᠠᠭᠤᠰᠬᠢ᠂ ᠣᠯᠣᠭᠠᠢ) ᠨᠢ ᠲᠡᠮᠦᠷ ᠂ ᠬᠠᠷ᠎ᠠ ᠬᠠᠷᠠᠭᠴᠢᠨ᠂ ᠬᠤᠯᠤᠭᠠᠨ᠎ᠠ᠂ ᠭᠠᠬᠠᠢ ᠨᠢ ᠤᠰᠤᠨ ᠮᠠᠬᠠᠪᠣᠳ ᠲᠤ᠌ ᠬᠠᠷᠢᠶᠠᠯᠠᠭᠳᠠᠨ᠎ᠠ᠃ ᠲᠡᠭᠡᠪᠡᠯ ᠡᠪᠡᠳᠴᠢᠨ ᠢ᠋ ᠣᠨᠣᠰᠢᠯᠯᠠᠬᠤ ᠪᠠᠷᠢᠮᠵᠢᠶ᠎ᠠ ᠨᠢ᠄ ᠮᠣᠳᠣᠨ ᠮᠠᠬᠠᠪᠣᠳ ᠨᠢ ᠲᠡᠮᠦᠷ ᠲᠦ᠍ ᠬᠡᠳᠦ ᠬᠣᠣᠷᠯᠠᠭᠳᠠᠵᠤ᠂ ᠮᠣᠳᠣ ᠨᠢ ᠲᠠᠮᠢᠷ ᠪᠠᠷᠠᠭᠲᠠᠢ(ᠭᠠᠯ ᠢ᠋ ᠲᠥᠯᠵᠢᠭᠦᠯᠬᠦ ᠬᠡᠲᠦᠷᠡᠬᠦ) ᠂ ᠮᠣᠳᠣᠨ ᠤ᠋ ᠰᠢᠮᠡᠵᠢᠯ ᠪᠠᠭᠤᠷᠠᠬᠤ ᠵᠡᠷᠭᠡ ᠪᠡᠷ ᠰᠢᠨᠵᠢᠯᠡᠨ᠎ᠡ᠃
2. ᠵᠢᠱ᠌ᠢᠶ᠎ᠡ
(1) ᠸᠠᠩ ** ᠂ ᠡᠷᠡᠭᠲᠡᠢ᠂ 27 ᠨᠠᠰᠤᠲᠠᠢ᠃ ᠲᠥᠷᠥᠭᠰᠡᠨ ᠰᠠᠷ᠎ᠠ ᠡᠳᠦᠷ ᠴᠠᠭ (ᠳᠣᠣᠷ᠎ᠠ ᠡᠭᠦᠨ ᠢ᠋ ᠳᠥᠭᠥᠮᠴᠢᠯᠡᠨᠡ ) ᠂ ᠤᠯᠠᠭᠠᠨ ᠯᠤᠤ᠂ ᠬᠠᠷᠠᠭᠴᠢᠨ ᠰᠠᠷ᠎ᠠ ᠮᠣᠭᠠᠢ᠂ ᠴᠠᠭᠠᠭᠴᠢᠨ ᠡᠳᠦᠷ ᠬᠣᠨᠢ ᠂ ᠬᠥᠬᠡᠭᠴᠢᠨ ᠴᠠᠭ ᠬᠣᠨᠢ᠃ ᠴᠠᠭᠠᠭᠴᠢᠨ (ᠲᠡᠮᠦᠷ) ᠨᠢ ᠰᠢᠭᠤᠳ ᠢ᠋ᠶ᠋ᠠᠷ ᠬᠥᠬᠡᠭᠴᠢᠨ (ᠮᠣᠳᠣ) ᠶ᠋ᠢ ᠬᠣᠣᠷᠯᠠᠬᠤ ᠲᠤᠯᠠ᠂ ᠡᠯᠢᠭᠡᠨ ᠡᠪᠡᠳᠴᠢᠨ ᠦ᠌ ᠲᠡᠮᠳᠡᠭ ᠲᠡᠢ᠃ ᠬᠠᠷ᠎ᠠ ᠮᠣᠷᠢᠨ ᠵᠢᠯ (2002 ᠣᠨ) ᠤ᠋ ᠲᠠᠪᠤᠳᠤᠭᠠᠷ ᠰᠠᠷ᠎ᠠ ᠶ᠋ᠢᠨ ᠡᠯᠢᠭᠡᠨ ᠬᠠᠲᠠᠭᠤᠷᠠᠯ (ᠡᠯᠢᠭᠡᠨ ᠡᠴᠡ ᠴᠤᠪᠤᠷᠢᠭᠰᠠᠨ ᠤᠰᠤᠨ ᠬᠠᠪᠤᠩ) —ᠤᠰᠤᠨ ᠬᠠᠪᠤᠩ ᠢ᠋ᠶ᠋ᠠᠷ ᠡᠮᠨᠡᠯᠭᠡ ᠳ᠋ᠦ᠍ ᠭᠠᠷᠪᠠ᠃
(2) ᠸᠠᠩ **᠂ ᠡᠷᠡᠭᠲᠡᠢ᠂ 10 ᠨᠠᠰᠤᠲᠠᠢ᠃ ᠬᠠᠷᠷᠠᠭᠴᠢᠨ ᠲᠠᠬᠢᠶ᠎ᠠ ᠵᠢᠯ ᠦ᠋ᠨ ᠬᠠᠷ᠎ᠠ ᠨᠣᠬᠠᠢ ᠰᠠᠷ᠎ᠠ ᠶ᠋ᠢᠨ ᠴᠠᠭᠠᠨ ᠪᠡᠴᠢ ᠡᠳᠦᠷ ᠦ᠋ᠨ ᠤᠯᠠᠭᠠᠨ ᠬᠤᠯᠤᠭᠠᠨ᠎ᠠ ᠴᠠᠭ ᠲᠤ᠌ ᠲᠥᠷᠥᠵᠡᠢ᠃ ᠲᠡᠮᠦᠷ ᠪᠠᠳᠠᠷᠠᠩᠭᠤᠢ ᠮᠣᠳᠣ ᠶ᠋ᠢ ᠬᠣᠣᠷᠯᠠᠬᠤ ᠠ᠋ᠴᠠ ᠡᠯᠢᠭᠡᠨ ᠡᠪᠡᠳᠴᠢᠨ ᠦ᠌ ᠲᠡᠮᠳᠡᠭ ᠪᠣᠢ᠃ 2002 ᠣᠨ ᠤ᠋ ᠲᠠᠪᠤᠳᠤᠭᠠᠷ ᠰᠠᠷ᠎ᠠ ᠳ᠋ᠤ᠌ ᠡᠯᠢᠭᠡᠨ ᠡᠪᠡᠳᠴᠢᠨ ᠦ᠌ (ᠬᠦᠨᠳᠦ ᠬᠡᠯᠪᠡᠷᠢ) ᠪᠡᠷ ᠡᠮᠨᠡᠯᠭᠡ ᠳ᠋ᠦ᠍ ᠭᠠᠷᠪᠠ᠃
(3) ᠵᠣᠣ** ᠡᠷᠡᠭᠲᠡᠢ᠂ 16 ᠨᠠᠰᠤᠲᠠᠢ᠃ ᠤᠯᠠᠭᠴᠢᠨ ᠲᠠᠤᠯᠠᠢ ᠵᠢᠯ ᠦ᠋ᠨ ᠴᠠᠭᠠᠨ ᠨᠣᠬᠠᠢ ᠰᠠᠷᠠᠢᠨ ᠬᠥᠬᠡ ᠪᠠᠷᠰ ᠡᠳᠦᠷ ᠦ᠋ᠨ ᠬᠥᠬᠡ ᠨᠣᠬᠠᠢ ᠴᠠᠭ ᠲᠤ᠌ ᠲᠥᠷᠥᠭᠰᠡᠨ᠃ ᠴᠠᠭᠠᠨ (ᠲᠡᠮᠦᠷ) ᠨᠢ ᠬᠥᠬᠡ ᠮᠣᠳᠣ ) ᠶ᠋ᠢ ᠬᠣᠣᠷᠯᠠᠬᠤ ᠠ᠋ᠴᠠ᠂ ᠡᠯᠢᠭᠡᠨ ᠡᠪᠡᠳᠴᠢᠨ ᠦ᠌ ᠲᠡᠮᠳᠡᠭ ᠪᠣᠢ᠃ 2002 ᠣᠨ ᠳ᠋ᠤ᠌᠂ ᠪᠠᠷᠰ ᠮᠣᠷᠢ ᠨᠣᠬᠠᠢ ᠭᠠᠯ ᠤ᠋ᠨ ᠨᠡᠢᠯᠡᠯ ᠡᠭᠦᠰᠴᠦ ᠂ ᠮᠣᠳᠣ ᠶ᠋ᠢ ᠲᠦᠯᠡᠬᠦ ᠤᠴᠢᠷ ᠠ᠋ᠴᠠ 《 ᠬᠥᠬᠡᠭᠴᠢᠨ ᠬᠡᠯᠪᠡᠷᠢ ᠶ᠋ᠢᠨ ᠡᠯᠢᠭᠡᠨ ᠦᠷᠪᠢᠰᠦᠯ ᠦ᠋ᠨ ᠶᠡᠬᠡ ᠭᠤᠷᠪᠠᠨ ᠠᠷᠭ᠎ᠠ ᠲᠡᠮᠳᠡᠭ 》 ᠢ᠋ᠶ᠋ᠡᠷ ᠡᠮᠨᠡᠯᠭᠡ ᠳ᠋ᠦ᠍ ᠰᠠᠭᠤᠪᠠ᠃
(4) ᠯᠢ **ᠡᠮᠡᠭᠲᠡᠢ ᠂ 40 ᠨᠠᠰᠤᠲᠠᠢ ᠃ ᠬᠠᠷ᠎ᠠ ᠪᠠᠷᠰ ᠵᠢᠯ᠂ ᠬᠠᠷᠠᠭᠴᠢᠨ ᠦᠬᠡᠷ ᠰᠠᠷᠠᠢᠨ ᠬᠥᠬᠡ ᠨᠣᠬᠠᠢ ᠡᠳᠦᠷ ᠦ᠋ᠨ ᠰᠢᠷᠬᠠᠭᠴᠢᠨ ᠮᠣᠭᠠᠢ ᠴᠠᠭ ᠲᠤ᠌ ᠲᠥᠷᠥᠭᠰᠡᠨ᠃ ᠰᠢᠷᠣᠢ ᠵᠤᠵᠠᠭᠠᠨ ᠮᠣᠳᠣ ᠪᠤᠯᠠᠭᠳᠠᠬᠤ ᠲᠤᠯᠠ᠂ ᠡᠯᠢᠭᠡᠨ ᠡᠪᠡᠳᠴᠢᠨ ᠦ᠌ ᠲᠡᠮᠳᠡᠭ ᠲᠡᠢ᠃ ᠬᠠᠷ᠎ᠠ ᠮᠣᠷᠢᠨ ᠵᠢᠯ ᠦ᠋ᠨ ᠤᠯᠠᠭᠴᠢᠨ ᠬᠣᠨᠢᠨ ᠰᠠᠷ᠎ᠠ ᠳ᠋ᠤ᠌᠂ ᠡᠯᠢᠭᠡᠨ ᠦ᠌ ᠮᠡᠨᠡᠷᠡᠯ ᠢ᠋ᠶ᠋ᠡᠷ ᠡᠮᠨᠡᠯᠭᠡ ᠳ᠋ᠦ᠍ ᠰᠠᠭᠤᠪᠠ᠃
(5) ᠵᠠᠩ ** ᠂ ᠡᠷᠡᠭᠲᠡᠢ ᠂ 40 ᠨᠠᠰᠤᠲᠠᠢ᠃ ᠬᠠᠷᠠᠭᠴᠢᠨ ᠲᠠᠤᠯᠠᠢ ᠵᠢᠯ ᠦ᠋ᠨ ᠴᠠᠭᠠᠭᠴᠢᠨ ᠲᠠᠬᠢᠶ᠎ᠠ ᠰᠠᠷᠠᠢᠨ ᠬᠠᠷ᠎ᠠ ᠮᠣᠷᠢᠨ ᠡᠳᠦᠷ ᠦ᠋ᠨ ᠬᠥᠬᠡ ᠮᠣᠭᠠᠢ ᠴᠠᠭ ᠲᠤ᠌ ᠲᠥᠷᠥᠭᠰᠡᠨ᠃ ᠲᠠᠤᠯᠠᠢ ᠮᠣᠳᠣ ᠨᠢ᠂ ᠴᠠᠭᠠᠭᠴᠢᠨ ᠲᠠᠬᠢᠶ᠎ᠠ ᠲᠡᠮᠦᠷ ᠦ᠋ᠨ ᠬᠣᠣᠷᠯᠠᠯ ᠢ᠋ ᠬᠦᠷᠲᠡᠬᠦ ᠲᠤᠯᠠ ᠂ ᠡᠯᠢᠭᠡᠨ ᠡᠪᠡᠳᠴᠢᠨ ᠦ᠌ ᠲᠡᠮᠳᠡᠭ ᠪᠣᠢ ᠃ ᠬᠠᠷ᠎ᠠ ᠮᠣᠷᠢᠨ ᠵᠢᠯ ᠦ᠋ᠨ ᠲᠠᠪᠤᠳᠤᠭᠠᠷ ᠰᠠᠷ᠎ᠠ ᠳ᠋ᠤ᠌ ᠪᠠᠳᠠᠷᠠᠩᠭᠤᠢ ᠭᠠᠯ ᠨᠢ ᠮᠣᠳᠣ ᠶ᠋ᠢ ᠲᠦᠯᠡᠬᠦ ᠤᠴᠢᠷ ᠠ᠋ᠴᠠ᠂ ᠡᠯᠢᠭᠡᠨ ᠮᠡᠨᠡᠷᠡᠯ ᠢ᠋ᠶ᠋ᠡᠷ ᠡᠮᠨᠡᠯᠭᠡ ᠳ᠋ᠦ᠍ ᠰᠠᠭᠤᠪᠠ᠃
(6) ᠯᠢᠶᠣᠣ** ᠂ ᠡᠷᠡᠭᠲᠡᠢ ᠂ 46 ᠨᠠᠰᠤᠲᠠᠢ ᠃ ᠤᠯᠠᠭᠴᠢᠨ ᠲᠠᠬᠢᠶ᠎ᠠ ᠵᠢᠯ ᠦ᠋ᠨ ᠴᠠᠭᠠᠨ ᠨᠣᠬᠠᠢ ᠰᠠᠷᠠᠢᠨ ᠴᠠᠭᠠᠨ ᠮᠣᠷᠢ ᠡᠳᠦᠷ ᠦ᠋ᠨ ᠰᠢᠷ᠎ᠠ ᠪᠠᠷᠰ ᠴᠠᠭ ᠲᠤ᠌ ᠲᠥᠷᠥᠭᠰᠡᠨ᠃ ᠲᠡᠮᠦᠷ ᠪᠠᠳᠠᠷᠠᠩᠭᠤᠢ ᠮᠣᠳᠣ ᠶ᠋ᠢ ᠬᠣᠣᠷᠯᠠᠬᠤ ᠪᠥᠭᠡᠳ ᠪᠠᠷᠰ ᠮᠣᠷᠢ ᠨᠣᠬᠠᠢ ᠶ᠋ᠢᠨ ᠨᠡᠢᠯᠡᠯ ᠨᠢ ᠭᠠᠯ ᠪᠣᠯᠵᠤ ᠲᠦᠯᠡᠬᠦ ᠤᠴᠢᠷ ᠠ᠋ᠴᠠ ᠡᠪᠡᠳᠴᠢᠨ ᠦ᠌ ᠤᠭᠤᠲᠠ ᠭᠡᠪᠡᠯ ᠨᠢᠭᠡ ᠯᠡ ᠦᠭᠡ᠃ ᠬᠠᠷ᠎ᠠ ᠮᠣᠷᠢᠨ ᠵᠢᠯ ᠦ᠋ᠨ ᠤᠯᠠᠭᠴᠢᠨ ᠬᠣᠨᠢᠨ ᠰᠠᠷᠠᠢᠨ ᠴᠠᠭᠠᠭᠴᠢᠨ ᠮᠣᠭᠠᠢ ᠡᠳᠦᠷ ᠲᠦ᠍᠂ ᠵᠢᠷᠦᠬᠡᠨ ᠦ᠌ ᠴᠢᠰᠤ ᠳᠤᠲᠠᠬᠤ᠂ ᠴᠢᠰᠤᠨ ᠳᠠᠷᠤᠯᠲᠠ ᠥᠨᠳᠥᠷ ᠡᠪᠡᠳᠴᠢᠨ᠂ ᠡᠯᠢᠭᠡᠨ ᠦ᠌ ᠤᠰᠤᠨ ᠬᠠᠪᠤᠩ ᠢ᠋ᠶ᠋ᠠᠷ ᠡᠮᠨᠡᠯᠭᠡ ᠳ᠋ᠦ᠍ ᠰᠠᠭᠤᠪᠠ᠃
(7) ᠵᠠᠩ ** ᠡᠷᠡᠭᠲᠡᠢ ᠂ 65 ᠨᠠᠰᠤᠲᠠᠢ᠃ ᠰᠢᠷ᠎ᠠ ᠪᠠᠷᠰ ᠵᠢᠯ ᠦ᠋ᠨ ᠴᠠᠭᠠᠨ ᠪᠡᠴᠢ ᠰᠠᠷᠠᠢᠨ ᠬᠠᠷ᠎ᠠ ᠪᠡᠴᠢ ᠡᠳᠦᠷ ᠦ᠋ᠨ ᠬᠠᠷᠠᠭᠴᠢᠨ ᠲᠠᠤᠯᠠᠢ ᠴᠠᠭ ᠲᠤ᠌ ᠲᠥᠷᠥᠭᠰᠡᠨ᠃ ᠴᠠᠭᠠᠨ ᠪᠡᠴᠢ ᠲᠡᠮᠦᠷ ᠨᠢ ᠰᠢᠭᠤᠳ ᠢ᠋ᠶ᠋ᠠᠷ ᠪᠠᠷᠰ ᠲᠠᠤᠯᠠᠢ ᠮᠣᠳᠣ ᠶ᠋ᠢ ᠬᠣᠣᠷᠯᠠᠬᠤ ᠤᠴᠢᠷ᠂ ᠡᠯᠢᠭᠡᠨ ᠡᠪᠡᠳᠴᠢᠨ ᠦ᠌ ᠲᠡᠮᠳᠡᠭ ᠪᠣᠢ᠃ 2002 ᠣᠨ ᠳ᠋ᠤ᠌ ᠂ ᠤᠯᠠᠭᠴᠢᠨ ᠬᠣᠨᠢᠨ ᠰᠠᠷ᠎ᠠ ᠳ᠋ᠤ᠌ ᠂ ᠡᠯᠢᠭᠡᠨ ᠡᠴᠡ ᠴᠤᠪᠤᠷᠢᠭᠰᠠᠨ ᠤᠰᠤᠨ ᠬᠠᠪᠤᠩ ᠢ᠋ᠶ᠋ᠠᠷ ᠡᠮᠨᠡᠯᠭᠡ ᠳ᠋ᠦ᠍ ᠰᠠᠭᠤᠪᠠ᠃
(8) ᠯᠢᠩ ** ᠂ ᠡᠮᠡᠭᠲᠡᠢ ᠂ 38 ᠨᠠᠰᠤᠲᠠᠢ᠃ ᠬᠥᠬᠡ ᠵᠢᠯ ᠦ᠋ᠨ ᠬᠠᠷ᠎ᠠ ᠪᠡᠴᠢ ᠰᠠᠷᠠᠢᠨ ᠰᠢᠷᠠᠭᠴᠢᠨ ᠲᠠᠬᠢᠶ᠎ᠠ ᠡᠳᠦᠷ ᠦ᠋ᠨ ᠤᠯᠠᠭᠴᠢᠨ ᠲᠠᠤᠯᠠᠢ ᠴᠠᠭ ᠲᠤ᠌ ᠲᠥᠷᠥᠭᠰᠡᠨ ᠬᠥᠮᠦᠨ᠃ ᠪᠠᠴᠢ ᠲᠠᠬᠢᠶ᠎ᠠ ᠲᠡᠮᠦᠷ ᠪᠠᠳᠠᠷᠠᠩᠭᠤᠢ ᠤᠴᠢᠷ ᠠ᠋ᠴᠠ ᠲᠠᠤᠯᠠᠢ ᠮᠣᠳᠣ ᠶ᠋ᠢ ᠬᠣᠣᠤᠷᠯᠠᠬᠤ ᠬᠡᠴᠡᠭᠦᠦ᠃ ᠡᠯᠢᠭᠡᠨ ᠡᠪᠡᠳᠴᠢᠨ ᠦ᠌ ᠲᠡᠮᠳᠡᠭ ᠪᠣᠢ᠃ ᠬᠠᠷ᠎ᠠ ᠮᠣᠷᠢᠨ ᠵᠢᠯ ᠦ᠋ᠨ ᠤᠯᠠᠭᠴᠢᠨ ᠬᠣᠨᠢ ᠰᠠᠷ᠎ᠠ ᠳ᠋ᠤ᠌ 《 ᠡᠯᠢᠭᠡᠨ ᠡᠴᠡ ᠴᠤᠪᠤᠷᠠᠭᠰᠠᠨ ᠤᠰᠤᠨ ᠬᠠᠪᠤᠩ 》 ᠢ᠋ᠶ᠋ᠠᠷ ᠰᠠᠭᠤᠪᠠ᠃
(9) ᠰᠢᠶᠠᠩ ** ᠂ ᠡᠮᠡᠭᠲᠡᠢ ᠂ 12 ᠨᠠᠰᠤᠲᠠᠢ᠃ ᠴᠠᠭᠠᠭᠴᠢᠨ ᠬᠣᠨᠢᠨ ᠵᠢᠯ ᠦ᠋ᠨ ᠤᠯᠠᠭᠴᠢᠨ ᠲᠠᠬᠢᠶ᠎ᠠ ᠰᠠᠷᠠᠢᠨ ᠬᠠᠷ᠎ᠠ ᠪᠠᠷᠰ ᠡᠳᠦᠷ ᠦ᠋ᠨ ᠤᠯᠠᠭᠴᠢᠨ ᠬᠣᠨᠢ ᠴᠠᠭ ᠤ᠋ᠨ ᠲᠥᠷᠥᠭᠰᠡᠨ ᠬᠥᠮᠦᠨ᠃ ᠲᠠᠬᠢᠶ᠎ᠠ ᠲᠡᠮᠦᠷ ᠪᠠᠳᠠᠷᠠᠩᠭᠤᠢ ᠪᠥᠭᠡᠳ ᠪᠠᠷᠰ ᠮᠣᠳᠣ ᠶ᠋ᠢ ᠬᠣᠣᠷᠯᠠᠬᠤ ᠠ᠋ᠴᠠ ᠡᠯᠢᠭᠡᠨ ᠡᠪᠡᠳᠴᠢᠨ ᠦ᠌ ᠲᠡᠮᠳᠡᠭ ᠪᠣᠢ᠃ ᠬᠠᠷ᠎ᠠ ᠮᠣᠷᠢ ᠵᠢᠯ ᠦ᠋ᠨ ᠬᠥᠬᠡ ᠯᠤᠤ ᠰᠠᠷ᠎ᠠ ᠳ᠋ᠤ᠌᠂ ᠪᠡᠶ᠎ᠡ ᠪᠠᠢᠴᠠᠭᠠᠬᠤ ᠳ᠋ᠤ᠌ 《 ᠬᠥᠬᠡᠭᠴᠢᠨ ᠬᠡᠯᠪᠡᠷᠢ ᠶ᠋ᠢᠨ ᠡᠯᠢᠭᠡᠨ ᠦᠷᠪᠢᠰᠦᠯ ᠦ᠋ᠨ ᠭᠤᠷᠪᠠᠨ ᠶᠡᠬᠡ ᠠᠷᠭ᠎ᠠ 》 ᠪᠠᠷ ᠣᠨᠣᠰᠢᠯᠠᠵᠤ ᠡᠮᠨᠡᠯᠭᠡ ᠳ᠋ᠦ᠍ ᠰᠠᠭᠤᠪᠠ᠃
(10) ᠯᠢ **᠂ ᠡᠷᠡᠭᠲᠡᠢ ᠂ 10 ᠨᠠᠰᠤᠲᠠᠢ᠃ ᠬᠠᠷᠠᠭᠴᠢᠨ ᠲᠠᠬᠢᠶ᠎ᠠ ᠵᠢᠯ ᠦ᠋ᠨ ᠰᠢᠷ᠎ᠠ ᠮᠣᠷᠢᠨ ᠰᠠᠷᠠᠢᠨ ᠬᠠᠷᠠᠭᠴᠢᠨ ᠬᠣᠨᠢᠨ ᠡᠳᠦᠷ ᠦ᠋ᠨ ᠤᠯᠠᠭᠴᠢᠨ ᠮᠣᠭᠠᠢ ᠴᠠᠭ ᠲᠤ᠌ ᠲᠥᠷᠥᠭᠰᠡᠨ ᠬᠥᠮᠦᠨ᠃ ᠮᠣᠷᠢ ᠬᠣᠨᠢ ᠮᠣᠭᠠᠢ ᠶ᠋ᠢᠨ ᠭᠠᠯ ᠤ᠋ᠨ ᠬᠡᠯᠬᠢᠶ᠎ᠡ ᠪᠠᠳᠠᠷᠠᠵᠤ᠂ ᠮᠣᠳᠣ ᠶ᠋ᠢ ᠲᠦᠯᠡᠬᠦ ᠲᠤᠯᠠ᠂ ᠡᠯᠢᠭᠡᠨ ᠡᠪᠡᠳᠴᠢᠨ ᠦ᠌ ᠲᠡᠮᠳᠡᠭ ᠲᠡᠢ ᠶᠦᠮ᠃ ᠬᠠᠷ᠎ᠠ ᠮᠣᠷᠢᠨ ᠵᠢᠯ ᠦ᠋ᠨ ᠬᠥᠬᠡᠭᠴᠢᠨ ᠮᠣᠭᠠᠢ ᠰᠠᠷ᠎ᠠ ᠳ᠋ᠤ᠌᠂ ᠡᠯᠢᠭᠡᠨ ᠡᠪᠡᠳᠴᠢᠨ ᠢ᠋ᠶ᠋ᠡᠷ ᠰᠠᠭᠤᠵᠤ ᠡᠮᠴᠢᠯᠡᠪᠡ᠃
(11) ᠳ᠋ᠦ᠍ ** ᠂ ᠡᠷᠡᠭᠲᠡᠢ 25 ᠨᠠᠰᠤᠲᠠᠢ᠃ ᠰᠢᠷ᠎ᠠ ᠮᠣᠷᠢᠨ ᠵᠢᠯ ᠦ᠋ᠨ ᠬᠥᠬᠡᠭᠴᠢᠨ ᠲᠠᠤᠯᠠᠢ ᠰᠠᠷᠠᠢᠨ ᠤᠯᠠᠭᠴᠢᠨ ᠲᠠᠬᠢᠶ᠎ᠠ ᠡᠳᠦᠷ ᠦ᠋ᠨ ᠬᠥᠬᠡᠭᠴᠢᠨ ᠮᠣᠭᠠᠢ ᠴᠠᠭ ᠲᠤ᠌ ᠲᠥᠷᠥᠭᠰᠡᠨ ᠭᠠᠯ ᠪᠠᠳᠠᠷᠠᠩᠭᠤᠢ ᠮᠣᠳᠣ ᠶ᠋ᠢ ᠲᠦᠯᠡᠬᠦ ᠲᠤᠯᠠ᠂ ᠡᠯᠢᠭᠡᠨ ᠡᠪᠡᠳᠴᠢᠨ ᠦ᠌ ᠲᠡᠮᠳᠡᠭ ᠪᠣᠢ᠃ ᠬᠠᠷᠠᠭᠴᠢᠨ ᠮᠣᠷᠢᠨ ᠵᠢᠯ ᠦ᠋ᠨ ᠬᠥᠬᠡᠭᠴᠢᠨ ᠮᠣᠭᠠᠢ ᠰᠠᠷ᠎ᠠ ᠳ᠋ᠤ᠌ ᠮᠣᠳᠣ ᠰᠢᠲᠠᠬᠤ ᠨᠢ ᠬᠡᠴᠡᠭᠦᠦ ᠪᠣᠯᠵᠤ᠂ 《 ᠡᠯᠢᠭᠡᠨ ᠡᠪᠡᠳᠴᠢᠨ 》 ᠢ᠋ᠶ᠋ᠡᠷ ᠡᠮᠨᠡᠯᠭᠡ ᠳ᠋ᠦ᠍ ᠰᠠᠭᠤᠪᠠ᠃
(12) ᠯᠠᠨ ** ᠂ ᠡᠷᠡᠭᠲᠡᠢ᠂ 45 ᠨᠠᠰᠤᠲᠠᠢ᠃ ᠰᠢᠷ᠎ᠠ ᠨᠣᠬᠠᠢ ᠵᠢᠯ ᠦ᠋ᠨ ᠬᠥᠬᠡᠭᠴᠢᠨ ᠦᠬᠡᠷ ᠰᠠᠷᠠᠢᠨ ᠬᠥᠬᠡᠭᠴᠢᠨ ᠬᠣᠨᠢᠨ ᠡᠳᠦᠷ ᠦ᠋ᠨ ᠰᠢᠷ᠎ᠠ ᠪᠠᠷᠰ ᠴᠠᠭ ᠲᠤ᠌ ᠲᠥᠷᠥᠭᠡᠨ᠃ ᠰᠢᠷᠣᠢ ᠵᠤᠵᠠᠭᠠᠨ᠂ ᠮᠣᠳᠣ ᠶ᠋ᠢ ᠪᠣᠯᠬᠤ ᠲᠤᠯᠠ᠂ ᠡᠯᠢᠭᠡᠨ ᠡᠪᠡᠳᠴᠢᠨ ᠦ᠌ ᠲᠡᠮᠳᠡᠭ ᠪᠣᠢ᠃ ᠬᠠᠷ᠎ᠠ ᠮᠣᠷᠢᠨ ᠵᠢᠯ ᠦ᠋ᠨ ᠬᠥᠬᠡᠭᠴᠢᠨ ᠮᠣᠭᠠᠢ ᠰᠠᠷ᠎ᠠ ᠳ᠋ᠤ᠌᠂ ᠰᠢᠷᠣᠢ ᠶ᠋ᠢᠨ ᠬᠦᠴᠦᠨ ᠤᠯᠠᠮ ᠪᠠᠳᠠᠷᠠᠵᠤ᠂ ᠮᠣᠳᠣ ᠶ᠋ᠢ ᠪᠤᠯᠠᠰᠢᠯᠠᠬᠤ ᠬᠡᠴᠡᠭᠦᠦ ᠪᠣᠯᠬᠣᠷ᠂ 《ᠬᠦᠨᠳᠦ ᠬᠡᠯᠪᠡᠷᠢ ᠶ᠋ᠢᠨ ᠡᠯᠢᠭᠡᠨ ᠡᠪᠡᠳᠴᠢᠨ᠂ ᠡᠯᠢᠭᠡᠨ ᠦ᠌ ᠮᠡᠨᠡᠷᠡᠯ》 ᠢ᠋ᠶ᠋ᠡᠷ ᠡᠮᠨᠡᠯᠭᠡ ᠳ᠋ᠦ᠍ ᠰᠠᠭᠤᠵᠤ ᠡᠮᠴᠢᠯᠡᠪᠡ᠃
(13) ᠱᠣᠣ **᠂ ᠡᠷᠡᠭᠲᠡᠢ 21 ᠨᠠᠰᠤᠲᠠᠢ᠃ ᠬᠠᠷ᠎ᠠ ᠨᠣᠬᠠᠢ ᠵᠢᠯ ᠦ᠋ᠨ ᠬᠠᠷᠠᠭᠴᠢᠨ ᠲᠠᠤᠯᠠᠢ ᠰᠠᠷᠠᠢᠨ ᠴᠠᠭᠠᠨ ᠨᠣᠬᠠᠢ ᠡᠳᠦᠷ ᠦ᠋ᠨ ᠴᠠᠭᠠᠨ ᠯᠤᠤ ᠴᠠᠭ ᠤ᠋ᠨ ᠲᠥᠷᠥᠭᠰᠡᠨ ᠬᠥᠮᠦᠨ᠃ ᠬᠣᠶᠠᠷ ᠴᠠᠭᠠᠨ ᠲᠡᠮᠦᠷ ᠨᠢ ᠨᠢᠭᠡ ᠲᠠᠤᠯᠠᠢ ᠮᠣᠳᠣ ᠶ᠋ᠢ ᠬᠣᠣᠷᠯᠠᠬᠤ ᠪᠥᠭᠡᠳ᠃ ᠰᠢᠷᠣᠢ ᠵᠤᠵᠠᠭᠠᠨ ᠮᠣᠳᠣ ᠶ᠋ᠢ ᠪᠤᠯᠠᠰᠢᠯᠠᠬᠤ ᠲᠤᠯᠠ᠂ ᠡᠯᠢᠭᠡᠨ ᠡᠪᠡᠳᠴᠢᠨ ᠦ᠌ ᠲᠡᠮᠳᠡᠭ ᠪᠣᠢ᠃ ᠬᠠᠷ᠎ᠠ ᠮᠣᠷᠢᠨ ᠵᠢᠯ ᠦ᠋ᠨ ᠬᠥᠬᠡᠭᠴᠢᠨ ᠮᠣᠭᠠᠢ ᠰᠠᠷ᠎ᠠ ᠳ᠋ᠤ᠌᠂ ᠰᠢᠷᠣᠢ ᠤᠯᠠᠮ ᠵᠤᠵᠠᠭᠠᠷᠠᠨ᠂ ᠲᠡᠮᠦᠷ ᠢ᠋ ᠲᠥᠯᠵᠢᠭᠦᠯᠦᠨ᠂ ᠮᠣᠳᠣ ᠶ᠋ᠢ ᠪᠤᠯᠠᠰᠢᠯᠠᠬᠤ ᠲᠤᠯᠠ 《ᠡᠯᠢᠭᠡᠨ ᠡᠪᠡᠳᠴᠢᠨ ᠦ᠌ ᠭᠤᠷᠪᠠᠨ ᠠᠷᠭ᠎ᠠ ᠲᠡᠮᠳᠡᠭᠲᠡᠢ᠂ DNA ᠨᠢ ᠬᠥᠳᠡᠯᠭᠡᠭᠡᠨ ᠬᠢᠵᠦ ᠪᠠᠢᠭ᠎ᠠ ᠬᠤᠭᠤᠴᠠᠭ᠎ᠠ》 ᠭᠡᠵᠦ ᠡᠮᠨᠡᠯᠭᠡ ᠳ᠋ᠦ᠍ ᠰᠠᠭᠤᠵᠤ ᠡᠮᠴᠢᠯᠡᠪᠡ᠃
ᠳᠡᠭᠡᠷᠡᠬᠢ ᠵᠢᠱ᠌ᠢᠶ᠎ᠡ ᠨᠤᠬᠦᠳ ᠪᠣᠯ᠂ ᠮᠢᠨᠦ ᠡᠮᠴᠢᠯᠡᠨ ᠵᠠᠰᠠᠭᠰᠠᠨ ᠡᠯᠢᠭᠡᠨ ᠡᠪᠡᠳᠴᠢᠨ ᠦ᠌ ᠳᠣᠲᠣᠷᠠᠬᠢ ᠵᠢᠵᠢᠭ ᠬᠡᠰᠡᠭ ᠲᠡᠳᠦᠢ ᠶᠦ᠍ᠮ᠃ ᠡᠷᠡᠨ ᠴᠠᠭ ᠤ᠋ᠨ ᠰᠢᠨᠵᠢᠯᠡᠬᠦ ᠤᠬᠠᠭᠠᠨ ᠨᠡᠯᠢᠶᠡᠳ ᠬᠥᠭᠵᠢᠭᠰᠡᠨ ᠪᠣᠯᠪᠠᠴᠤ᠂ ᠡᠯᠢᠭᠡᠨ ᠡᠪᠡᠳᠴᠢᠨ ᠦ᠌ ᠡᠮᠦᠨ᠎ᠡ᠂ ᠠᠷᠭ᠎ᠠ ᠪᠠᠷᠠᠭᠳᠠᠵᠤ ᠪᠠᠢᠨ᠎ᠠ ᠃ ᠬᠠᠷᠢᠨ ᠳᠡᠭᠡᠳᠦᠰ ᠦ᠋ᠨ ᠦᠯᠡᠳᠡᠭᠡᠭᠰᠡᠨ ᠤᠯᠠᠮᠵᠢᠯᠠᠯᠲᠤ ᠠᠨᠠᠭᠠᠬᠤ ᠤᠬᠠᠭᠠᠨ ᠤ᠋ ᠬᠠᠷ᠎ᠠ ᠵᠢᠷᠤᠬᠠᠢ ᠶ᠋ᠢᠨ ᠠᠷᠭ᠎ᠠ ᠪᠢᠯᠢᠭ᠂ ᠲᠠᠪᠤᠨ ᠮᠠᠬᠠᠪᠣᠳ ᠤ᠋ᠨ ᠰᠤᠷᠭᠠᠯ ᠨᠢ ᠡᠭᠦᠨ 《ᠨᠢᠭᠡ ᠪᠡᠶ᠎ᠡ ᠴᠣᠭᠴᠠ ᠲᠦᠷᠦᠮᠡᠭᠴᠡ ᠳᠠᠷᠤᠢ ᠲᠡᠭᠦᠨ ᠢ᠋ ᠤᠷᠢᠳᠴᠢᠯᠠᠨ ᠰᠤᠪᠢᠯᠠᠵᠤ ᠴᠢᠳᠠᠳᠠᠭ》 ᠭᠠᠢᠬᠠᠮᠰᠢᠭᠲᠠᠢ ᠪᠠᠢᠬᠤ ᠶ᠋ᠢ ᠦᠢᠯᠡᠳᠦᠯᠭᠡ ᠭᠡᠷᠡᠴᠢᠯᠡᠪᠡ᠃ ᠬᠡᠳᠦᠢᠪᠡᠷ ᠡᠨᠡ ᠲᠤᠬᠠᠢ ᠥᠭᠦᠯᠡᠭᠰᠡᠨ ᠲᠤᠯᠭᠤᠷ ᠨᠣᠮ ᠴᠥᠭᠡᠨ ᠪᠥᠭᠡᠳ ᠳᠡᠭᠡᠳᠦᠰ ᠦ᠋ᠨ ᠦᠯᠡᠳᠡᠭᠡᠭᠰᠡᠨ ᠰᠤᠷᠭᠠᠯ ᠬᠣᠪᠣᠷ ᠴᠤ᠌᠂ ᠪᠢᠳᠡ ᠪᠦᠭᠦᠳᠡᠭᠡᠷ ᠣᠨᠣᠯ ᠦᠢᠯᠡᠳᠦᠯᠭᠡ ᠶ᠋ᠢ ᠨᠢᠭᠲᠠ ᠤᠶᠠᠯᠳᠤᠭᠤᠯᠵᠤ᠂ ᠲᠠᠰᠤᠷᠠᠯᠲᠠ ᠦᠭᠡᠢ ᠮᠡᠷᠡᠢᠪᠡᠯ ᠡᠯᠢᠭᠡᠨ ᠡᠪᠡᠳᠴᠢᠨ ᠦ᠌ ᠬᠦᠨᠳᠦ ᠪᠣᠭᠣᠮᠲᠠ ᠶ᠋ᠢ ᠰᠢᠪᠲᠤᠯᠵᠤ ᠴᠢᠳᠠᠨ᠎ᠠ ᠭᠡᠵᠦ ᠪᠠᠲᠤ ᠢᠲᠡᠭᠡᠵᠦ ᠪᠣᠢ᠃ ᠨᠡᠩ ᠴᠢᠬᠤᠯᠠ ᠨᠢ ᠭᠡᠪᠡᠯ᠂ ᠪᠣᠢᠳᠠ ᠪᠥᠭᠯᠡᠭᠦᠦ ᠣᠷᠣᠨ ᠳ᠋ᠤ᠌ ᠲᠣᠨᠣᠭ ᠲᠥᠬᠥᠭᠡᠷᠦᠮᠵᠢ ᠳᠤᠲᠠᠭᠤ᠂ ᠶᠠᠳᠠᠭᠤ ᠶ᠋ᠢ ᠲᠡᠳᠬᠦᠬᠦ ᠮᠠᠶᠢᠭ ᠢ᠋ᠶ᠋ᠠᠷ ᠡᠮᠴᠢᠯᠡᠵᠦ ᠪᠠᠢᠭ᠎ᠠ ᠥᠷᠭᠡᠨ ᠣᠯᠠᠨ ᠮᠣᠩᠭᠣᠯ ᠡᠮᠴᠢ ᠨᠠᠷ ᠲᠤ᠌᠂ ᠪᠠᠰᠠ ᠨᠢᠭᠡᠨ ᠰᠢᠨᠵᠢᠯᠡᠨ ᠣᠨᠣᠰᠢᠯᠠᠬᠤ ᠠᠷᠭ᠎ᠠ ᠪᠠᠷᠢᠯ ᠪᠣᠯᠵᠤ᠂ ᠬᠥᠮᠦᠨ ᠲᠥᠷᠥᠯᠬᠢᠲᠡᠨ ᠦ᠌ ᠨᠡᠢᠭᠡᠮ ᠦ᠋ᠨ ᠬᠥᠭᠵᠢᠯ ᠳ᠋ᠦ᠍᠂ ᠮᠣᠩᠭᠣᠯ ᠰᠣᠶᠣᠯ ᠤ᠋ᠨ ᠨᠡᠮᠡᠷᠢ ᠬᠠᠨᠳᠢᠪ ᠢ᠋ ᠡᠷᠭᠦᠬᠦ ᠨᠢ ᠯᠠᠪᠲᠠᠢ ᠭᠡᠵᠦ ᠢᠲᠡᠭᠡᠬᠦ ᠳ᠋ᠡᠭᠡᠨ᠂ ᠳᠡᠯᠭᠡᠷᠡᠭᠦᠯᠦᠨ ᠲᠦᠭᠡᠮᠡᠯᠵᠢᠭᠦᠯᠬᠦ ᠪᠡᠷ ᠵᠢᠳᠬᠦᠵᠦ ᠶᠠᠪᠤᠭ᠎ᠠ ᠶ᠋ᠢ ᠨᠢ ᠲᠠᠭᠠᠰᠢᠶᠠᠯ ᠳ᠋ᠠᠭᠠᠨ ᠠᠪᠬᠤ ᠶ᠋ᠢ ᠮᠥᠷᠥᠭᠡᠳᠦᠭᠰᠡᠭᠡᠷ ᠪᠠᠢᠨ᠎ᠠ᠃
ᠢᠷᠡᠯᠲᠡ᠄ 2003- 11-30 ᠮᠣᠩᠭᠣᠯ ᠡᠮ ᠡᠮᠨᠡᠯᠭᠡ ᠰᠡᠳᠬᠦᠯ - 17 ᠪᠣᠳᠢ
ᠦᠰᠦᠭ ᠠᠮᠢᠯᠠᠭᠤᠯᠤᠭᠴᠢ᠄ ᠭᠠᠸᠠ
ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃