ᠣᠲᠠᠴᠢ ᠪᠤᠷᠬᠠᠨ-ᠡᠩᠬᠡᠮᠡᠨᠳᠦ Оточ бурхан-Энхмэнд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠲᠠᠴᠢ ᠪᠤᠷᠬᠠᠨ-ᠡᠩᠬᠡᠮᠡᠨᠳᠦ Оточ бурхан-Энхмэнд

ᠣᠲᠠᠴᠢ ᠪᠤᠷᠬᠠᠨ-ᠡᠩᠬᠡᠮᠡᠨᠳᠦ Оточ бурхан-Энхмэнд

ᠠᠩᠭᠢᠯᠠᠯ:ᠳᠠᠭᠤᠤ ᠬᠥᠭᠵᠢᠮ
2025-05-24

2298

ᠣᠲᠠᠴᠢ ᠪᠤᠷᠬᠠᠨ

   ᠦᠭᠡ ᠄ ᠴᠤᠭᠵᠢᠯᠲᠤ 
   ᠠᠶ᠎ᠠ ᠄  ( ᠮᠣᠩᠭᠣᠯ )    
   ᠳᠠᠭᠤᠴᠢᠨ᠄ ᠡᠩᠬᠡᠮᠡᠨᠳᠦ  
ᠠᠭᠠᠷ ᠲᠡᠭᠷᠢ ᠶ᠋ᠢᠨ ᠬᠦᠴᠦ ᠪᠡᠷ 
ᠠᠰᠢᠳᠠ ᠶ᠋ᠢᠨ ᠵᠢᠷᠭᠠᠯ ᠢ᠋ ᠰᠢᠵᠢᠮᠯᠡᠭᠰᠡᠨ 
ᠠᠮᠢᠲᠠᠨ ᠤᠷᠭᠤᠮᠠᠯ ᠤ᠋ᠨ ᠰᠢᠮ᠎ᠡ ᠪᠡᠷ 
ᠠᠯᠲᠠᠨ ᠦᠷᠢᠯ ᠢ᠋ᠶ᠋ᠡᠨᠵᠣᠷᠯᠠᠭᠰᠠᠨ 
ᠵᠠᠭᠤᠨ ᠵᠠᠭᠤᠨ ᠢ᠋ᠶ᠋ᠠᠷ ᠥᠪᠯᠡᠭᠰᠡᠨ 
ᠤᠳᠤᠮᠲᠤ ᠮᠣᠩᠭᠣᠯ ᠤ᠋ᠨ ᠵᠠᠰᠠᠯ ᠮᠢᠨᠦ ᠵᠠ 
ᠵᠢᠷᠠᠨ ᠵᠢᠷᠠᠨ ᠢ᠋ᠶ᠋ᠠᠷ ᠦᠶᠡᠯᠡᠭᠰᠡᠨ 
ᠣᠲᠠᠴᠢ ᠪᠤᠷᠬᠠᠨ ᠡᠮᠴᠢ ᠮᠢᠨᠦ ᠵᠠ 

ᠰᠠᠷᠠᠨ ᠨᠠᠷᠠᠨ ᠤ᠋ ᠭᠡᠷᠡᠯ ᠢ᠋ᠶ᠋ᠡᠷ
ᠰᠠᠶ᠎ᠠ ᠠᠷᠠᠳ ᠢ᠋ᠶ᠋ᠠᠨ ᠪᠥᠭᠡᠰᠢᠭᠦᠯᠦᠭᠰᠡᠨ
ᠨᠠᠪᠴᠢ ᠴᠡᠴᠡᠭ ᠦ᠋ᠨ ᠬᠠᠨᠳᠠ ᠪᠠᠷ
ᠨᠠᠰᠤᠨ ᠬᠤᠲᠤᠭ ᠢ᠋ ᠤᠷᠲᠤᠰᠬᠠᠭᠰᠠᠨ
ᠵᠠᠭᠤᠨ ᠵᠠᠭᠤᠨ ᠢ᠋ᠶ᠋ᠠᠷ ᠥᠪᠯᠡᠭᠰᠡᠨ
ᠤᠳᠤᠮᠲᠤ ᠮᠣᠩᠭᠣᠯ ᠤ᠋ᠨ ᠵᠠᠰᠠᠯ ᠮᠢᠨᠦ ᠵᠠ
ᠵᠢᠷᠠᠨ ᠵᠢᠷᠠᠨ ᠢ᠋ᠶ᠋ᠠᠷ ᠦᠶᠡᠯᠡᠭᠰᠡᠨ
ᠣᠲᠠᠴᠢ ᠪᠤᠷᠬᠠᠨ ᠡᠮᠴᠢ ᠮᠢᠨᠦ  ᠵᠠ

ᠰᠠᠨᠠᠭᠠᠨ ᠤ᠋ ᠮᠣᠩᠭᠣᠯ ᠤᠬᠠᠭᠠᠨ ᠢ᠋ᠶ᠋ᠠᠷ
ᠰᠡᠳᠬᠢᠯ ᠦ᠋ᠨ ᠲᠠᠮᠢᠷ ᠢ᠋ ᠰᠡᠷᠭᠦᠭᠡᠭᠰᠡᠨ
ᠬᠣᠣᠰ ᠦᠭᠡᠢ ᠠᠨᠠᠭᠠᠬᠤ ᠡᠷᠳᠡᠮ ᠢ᠋ᠶ᠋ᠡᠷ
ᠬᠣᠲᠠᠯᠠ ᠲᠦᠮᠡᠨ ᠢ᠋ᠶ᠋ᠡᠨ ᠵᠢᠷᠭᠠᠭᠠᠭᠰᠠᠨ
ᠵᠠᠭᠤᠨ ᠵᠠᠭᠤᠨ ᠢ᠋ᠶ᠋ᠠᠷ ᠥᠪᠯᠡᠭᠰᠡᠨ
ᠤᠳᠤᠮᠲᠤ ᠮᠣᠩᠭᠣᠯ ᠤ᠋ᠨ ᠵᠠᠰᠠᠯ ᠮᠢᠨᠦ  ᠵᠠ
ᠵᠢᠷᠠᠨ ᠵᠢᠷᠠᠨ ᠢ᠋ᠶ᠋ᠠᠷ ᠦᠶᠡᠯᠡᠭᠰᠡᠨ
ᠣᠲᠠᠴᠢ ᠪᠤᠷᠬᠠᠨ ᠡᠮᠴᠢ ᠮᠢᠨᠦ ᠵᠠ

ᠵᠠᠭᠤᠨ ᠵᠠᠭᠤᠨ ᠢ᠋ᠶ᠋ᠠᠷ ᠥᠪᠯᠡᠭᠰᠡᠨ
ᠤᠳᠤᠮᠲᠤ ᠮᠣᠩᠭᠣᠯ ᠤ᠋ᠨ ᠵᠠᠰᠠᠯ ᠮᠢᠨᠦ  ᠵᠠ
ᠵᠢᠷᠠᠨ ᠵᠢᠷᠠᠨ ᠢ᠋ᠶ᠋ᠠᠷ ᠦᠶᠡᠯᠡᠭᠰᠡᠨ
ᠣᠲᠠᠴᠢ ᠪᠤᠷᠬᠠᠨ ᠡᠮᠴᠢ ᠮᠢᠨᠦ ᠵᠠ
ᠵᠢᠷᠠᠨ ᠵᠢᠷᠠᠨ ᠢ᠋ᠶ᠋ᠠᠷ ᠦᠶᠡᠯᠡᠭᠰᠡᠨ
ᠣᠲᠠᠴᠢ ᠪᠤᠷᠬᠠᠨ ᠡᠮᠴᠢ ᠮᠢᠨᠦ ᠵᠠ

ᠦᠰᠦᠭ ᠠᠮᠢᠯᠠᠭᠤᠯᠵᠤ ᠬᠠᠲᠠᠭᠰᠠᠨ  ᠨᠢ ᠄ ᠭᠠᠸᠠ
ᠬᠢᠨᠠᠭᠴᠢ᠄ ᠢᠷᠡᠭᠡᠳᠦᠢ