ᠡᠮᠴᠢ ᠶ᠋ᠢᠨ ᠠᠯᠳᠠᠷ-ᠳ᠋ᠠ ᠂ ᠪᠤᠷᠮ᠎ᠠЭмчийн алдар-Д ,Бурам
ᠡᠮᠴᠢ ᠶ᠋ᠢᠨ ᠠᠯᠳᠠᠷ
ᠦᠭᠡ ᠄ ᠣ᠂ ᠴᠡᠷᠢᠩᠳᠡᠨᠳᠣᠪ
ᠠᠶ᠎ᠠ ᠄ ᠵ ᠂ ᠪᠠᠲᠤᠰᠦ᠋ᠬᠡ
ᠳᠠᠭᠤᠴᠢᠨ ᠄ ᠳ᠋ᠠ ᠂ ᠪᠤᠷᠮ᠎ᠠ
ᠡᠨᠡᠷᠢᠯ ᠬᠠᠢᠷ᠎ᠠ ᠵᠢᠷᠦᠬᠡᠨ ᠡᠴᠡ ᠣᠷᠭᠢᠯᠤᠭᠰᠠᠨ
ᠡᠬᠡ ᠶ᠋ᠢᠨ ᠴᠠᠭᠠᠨ ᠰᠡᠳᠬᠢᠯ ᠡᠪᠦᠷᠯᠡᠭᠰᠡᠨ
ᠡᠷᠭᠦᠭᠰᠡᠨ ᠲᠠᠩᠭᠠᠷᠢᠭ ᠲᠤ᠌ ᠪᠠᠨ ᠡᠵᠡᠨ ᠨᠢ ᠪᠣᠯᠤᠭᠰᠠᠨ
ᠥᠷᠥᠰᠢᠶᠡᠯᠲᠦ ᠡᠮᠴᠢ ᠪᠡᠨ ᠪᠠᠬᠠᠷᠬᠠᠨ ᠳᠠᠭᠤᠯᠠᠶ᠎ᠠ
ᠡᠷᠭᠦᠭᠰᠡᠨ ᠲᠠᠩᠭᠠᠷᠢᠭ ᠲᠤ᠌ ᠪᠠᠨ ᠡᠵᠡᠨ ᠨᠢ ᠪᠣᠯᠤᠭᠰᠠᠨ
ᠥᠷᠥᠰᠢᠶᠡᠯᠲᠦ ᠡᠮᠴᠢ ᠪᠡᠨ ᠪᠠᠬᠠᠷᠬᠠᠨ ᠳᠠᠭᠤᠯᠠᠶ᠎ᠠ
ᠠᠨᠠᠭᠠᠬᠤ ᠡᠷᠳᠡᠮ ᠦ᠋ᠨ ᠰᠢᠮ᠎ᠡ ᠶ᠋ᠢ ᠬᠦᠷᠲᠡᠭᠰᠡᠨ
ᠠᠷᠠᠳ ᠪᠦᠬᠦᠨ ᠦ᠌ ᠪᠡᠨ ᠬᠠᠢᠷ᠎ᠠ ᠶ᠋ᠢ ᠪᠤᠯᠢᠶᠠᠭᠰᠠᠨ
ᠠᠮᠢᠳᠤ ᠶ᠋ᠢᠨ ᠵᠢᠷᠭᠠᠯ ᠤ᠋ᠨ ᠠᠪᠤᠷᠠᠭᠴᠢ ᠪᠣᠯᠤᠭᠰᠠᠨ
ᠠᠴᠢᠲᠠᠢ ᠡᠮᠴᠢ ᠪᠡᠨ ᠪᠠᠬᠠᠷᠬᠠᠨ ᠳᠠᠭᠤᠯᠠᠶ᠎ᠠ
ᠠᠮᠢᠳᠤ ᠶ᠋ᠢᠨ ᠵᠢᠷᠭᠠᠯ ᠤ᠋ᠨ ᠠᠪᠤᠷᠠᠭᠴᠢ ᠪᠣᠯᠤᠭᠰᠠᠨ
ᠠᠴᠢᠲᠠᠢ ᠡᠮᠴᠢ ᠪᠡᠨ ᠪᠠᠬᠠᠷᠬᠠᠨ ᠳᠠᠭᠤᠯᠠᠶ᠎ᠠ
ᠲᠥᠷᠥᠭᠰᠡᠨ ᠪᠡᠶ᠎ᠡ ᠪᠡᠨ ᠲᠦᠮᠡᠨ ᠳ᠋ᠦ᠍ ᠵᠣᠷᠢᠭᠤᠯᠤᠭᠰᠠᠨ
ᠲᠦᠮᠡᠨ ᠦ᠌ ᠰᠤᠳᠠᠰᠤ ᠪᠠᠷ ᠵᠢᠷᠦᠬᠡ ᠨᠢ ᠴᠣᠬᠢᠯᠠᠭᠰᠠᠨ
ᠬᠠᠮᠤᠭ ᠣᠯᠠᠨ ᠤ᠋ ᠪᠠᠨ ᠢᠲᠡᠭᠡᠯ ᠢ᠋ ᠬᠦᠯᠢᠶᠡᠭᠰᠡᠨ
ᠬᠠᠯᠠᠮᠵᠢᠲᠤ ᠡᠮᠴᠢ ᠪᠡᠨ ᠪᠠᠬᠠᠷᠬᠠᠨ ᠳᠠᠭᠤᠯᠠᠶ᠎ᠠ
ᠬᠠᠮᠤᠭ ᠣᠯᠠᠨ ᠤ᠋ ᠪᠠᠨ ᠢᠲᠡᠭᠡᠯ ᠢ᠋ ᠬᠦᠯᠢᠶᠡᠭᠰᠡᠨ
ᠬᠠᠯᠠᠮᠵᠢᠲᠤ ᠡᠮᠴᠢ ᠪᠡᠨ ᠪᠠᠬᠠᠷᠬᠠᠨ ᠳᠠᠭᠤᠯᠠᠶ᠎ᠠ
ᠠᠴᠢᠲᠠᠢ ᠡᠮᠴᠢ ᠪᠡᠨ ᠪᠠᠬᠠᠷᠬᠠᠨ ᠳᠠᠭᠤᠯᠠᠶ᠎ᠠ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠬᠢᠨᠠᠭᠴᠢ᠄ ᠢᠷᠡᠭᠡᠳᠦᠢ
