ᠰᠠᠯᠵᠤ ᠶᠠᠳᠠᠮ᠎ᠠ ᠠᠯᠠᠱᠠ - ᠭᠡᠷᠡᠯᠡᠮ᠎ᠡСалж ядам алша-Гэрээлэм ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠯᠵᠤ ᠶᠠᠳᠠᠮ᠎ᠠ ᠠᠯᠠᠱᠠ - ᠭᠡᠷᠡᠯᠡᠮ᠎ᠡСалж ядам алша-Гэрээлэм

ᠰᠠᠯᠵᠤ ᠶᠠᠳᠠᠮ᠎ᠠ ᠠᠯᠠᠱᠠ - ᠭᠡᠷᠡᠯᠡᠮ᠎ᠡСалж ядам алша-Гэрээлэм

ᠠᠩᠭᠢᠯᠠᠯ:ᠳᠠᠭᠤᠤ ᠬᠥᠭᠵᠢᠮ
2025-05-21

948

ᠰᠠᠯᠵᠤ ᠶᠠᠳᠠᠮ᠎ᠠ ᠠᠯᠠᠱᠠ

       ᠦᠭᠡ᠄ ᠺᠧ ᠮᠢᠩ 
       ᠠᠶ᠎ᠠ᠄ ᠰ· ᠡᠩᠬᠡᠪᠠᠶᠠᠷ 
       ᠣᠷᠴᠢᠭᠤᠯᠤᠭᠰᠠᠨ ᠨᠢ᠄ ᠨᠠᠰᠤᠨ 
       ᠳᠠᠭᠤᠴᠢᠨ᠄ ᠭᠡᠷᠡᠯᠡᠮ᠎ᠡ 
ᠵᠡᠭᠦᠨ ᠪᠠᠷᠠᠭᠤᠨ ᠬᠣᠶᠠᠷ ᠬᠡᠢᠳ ᠨᠢ ᠬᠥ 
ᠵᠢᠷᠦᠬᠡᠨ ᠨᠣᠮ ᠤ᠋ᠨ ᠤᠩᠰᠢᠯᠭ᠎ᠠ ᠲᠠᠢ ᠳᠠ ᠬᠥ 
ᠰᠦᠮᠪᠦᠷ ᠰᠦᠮᠪᠦᠷ ᠠᠯᠠᠱᠠ ᠬᠠᠢᠷᠬᠠᠨ 
ᠵᠡᠭᠦᠳᠦᠨ ᠳ᠋ᠦ᠍ ᠲᠣᠳᠣᠷᠠᠭᠰᠠᠨ ᠦᠵᠡᠮᠵᠢ ᠲᠠᠢ ᠳᠠ ᠬᠥ 

ᠡᠵᠡᠨ᠎ᠡ ᠶ᠋ᠢᠨ ᠭᠣᠣᠯ ᠰᠢᠷᠭᠠᠯ ᠲᠣᠣᠷᠠᠢ ᠨᠢ ᠬᠥ 
ᠡᠷᠬᠢᠮᠰᠦᠭ ᠪᠦᠰᠡᠭᠦᠢ ᠶ᠋ᠢᠨ ᠬᠠᠢᠷ᠎ᠠ ᠶ᠋ᠢᠨ ᠡᠭᠡᠰᠢᠭ ᠲᠡᠢ 
ᠪᠠᠳᠠᠢ ᠵᠢᠷᠠᠨ ᠤ᠋ ᠲᠠᠮᠠᠬᠢᠨ ᠵᠢᠩ ᠨᠢ ᠬᠥ 
ᠪᠠᠯᠠᠷ ᠮᠠᠩᠬᠠᠨ ᠳ᠋ᠤ᠌ ᠪᠠᠨ ᠬᠣᠩᠬᠣᠨ ᠳᠠᠭᠤ ᠲᠠᠢ ᠬᠥ 
ᠡᠯᠢᠭᠡ ᠵᠢᠷᠦᠬᠡᠨ ᠡᠴᠡ ᠤᠶᠠᠭ᠎ᠠ ᠲᠠᠢ ᠪᠠᠢᠳᠠᠭ 
ᠡᠷᠭᠢᠨ ᠡᠷᠭᠢᠨ ᠰᠠᠨᠠᠭᠳᠠᠭᠠᠳ ᠪᠠᠢᠳᠠᠭ 
ᠰᠠᠨᠠᠭᠠᠳ ᠣᠴᠢᠮᠠᠷ ᠰᠠᠯᠵᠤ ᠶᠠᠳᠠᠮ᠎ᠠ
ᠰᠠᠢᠬᠠᠨ ᠠᠯᠠᠱᠠ ᠮᠢᠨᠢ ᠳᠡ ᠬᠥ

ᠲᠩᠷᠢ ᠳ᠋ᠦ᠍ ᠮᠡᠯᠮᠡᠷᠡᠬᠦ ᠶᠠᠭᠠᠨ ᠰᠠᠷᠠ ᠨᠢ ᠬᠥ
ᠳᠡᠷᠭᠡᠳᠡ ᠰᠤᠬᠠᠢ ᠳ᠋ᠤ᠌ ᠶ᠋ᠢᠨ ᠠᠭᠤᠯᠠᠨ ᠳ᠋ᠤ᠌ ᠴᠢᠮᠡᠭ ᠲᠡᠢ
ᠣᠯᠠᠨ ᠪᠤᠯᠠᠭ ᠤ᠋ᠨ ᠠᠭᠤᠳᠠᠮ ᠵᠢᠯᠭ᠎ᠠ ᠨᠢ ᠬᠥ
ᠣᠷᠴᠢᠯᠠᠩ ᠤ᠋ᠨ ᠰᠣᠨᠢᠨ ᠬᠣᠷᠸ᠎ᠠ ᠳ᠋ᠤ᠌  ᠳᠣᠮᠣᠭ ᠲᠠᠢ ᠳᠠ ᠬᠥ
ᠬᠠᠳᠠᠨ ᠵᠢᠷᠤᠭ ᠲᠠᠢ ᠮᠠᠨᠳᠤᠯ ᠤ᠋ᠨ ᠤᠷᠤᠢ ᠨᠢ ᠬᠥ
ᠬᠠᠷᠢᠬᠤ ᠰᠢᠪᠠᠭᠤᠳ ᠤ᠋ᠨ ᠬᠤᠷᠤᠭᠤᠳᠠᠬᠤ ᠶ᠋ᠢᠨ ᠤᠶᠠᠩᠭ᠎ᠠ ᠲᠠᠢ
ᠬᠠᠷ᠎ᠠ ᠬᠣᠲᠠ ᠶ᠋ᠢᠨ ᠪᠤᠭᠤᠷᠤᠯ ᠲᠣᠣᠷᠠᠢ ᠨᠢ ᠬᠥ
ᠤᠷᠭᠤᠬᠤ ᠨᠠᠷᠠᠨ ᠵᠢᠷᠭᠠᠬᠤ ᠶ᠋ᠢᠨ ᠢᠷᠥᠭᠡᠯ ᠲᠡᠢ ᠬᠥ
ᠡᠯᠢᠭᠡ ᠵᠢᠷᠦᠬᠡᠨ ᠡᠴᠡ ᠤᠶᠠᠭ᠎ᠠ ᠲᠠᠢ ᠪᠠᠢᠳᠠᠭ
ᠡᠷᠭᠢᠨ ᠡᠷᠭᠢᠨ ᠰᠠᠨᠠᠭᠳᠠᠭᠠᠳ ᠪᠠᠢᠳᠠᠭ
ᠰᠠᠨᠠᠭᠠᠳ ᠣᠴᠢᠮᠠᠷ ᠰᠠᠯᠵᠤ ᠶᠠᠳᠠᠮ᠎ᠠ
ᠰᠠᠢᠬᠠᠨ ᠠᠯᠠᠱᠠ ᠮᠢᠨᠢ ᠳᠡ ᠬᠥ
ᠡᠯᠢᠭᠡ  ᠵᠢᠷᠦᠬᠡᠨ ᠡᠴᠡ ᠤᠶᠠᠭ᠎ᠠ ᠲᠠᠢ ᠪᠠᠢᠳᠠᠭ
ᠡᠷᠭᠢᠨ ᠡᠷᠭᠢᠨ ᠰᠠᠨᠠᠭᠳᠠᠭᠠᠳ ᠪᠠᠢᠳᠠᠭ
ᠰᠠᠨᠠᠭᠠᠳ ᠣᠴᠢᠮᠠᠷ ᠰᠠᠯᠵᠤ ᠶᠠᠳᠠᠮ᠎ᠠ
ᠰᠠᠢᠬᠠᠨ ᠠᠯᠠᠱᠠ ᠮᠢᠨᠢ ᠳᠡ ᠬᠥ
ᠰᠠᠢᠬᠠᠨ ᠠᠯᠠᠱᠠ ᠮᠢᠨᠢ ᠳᠡ ᠬᠥ
ᠮᠢᠨᠢ ᠰᠠᠢᠬᠠᠨ ᠠᠯᠠᠱᠠ 

         ᠦᠰᠦᠭ  ᠠᠮᠢᠯᠠᠭᠤᠯᠤᠭᠴᠢ᠄ ᠰᠠᠴᠠᠡᠭᠡᠷᠠᠯ
         ᠬᠢᠨᠠᠭᠴᠢ ᠪᠠᠭᠰᠢ᠄  ᠥᠨᠢᠮᠥ᠋ᠩᠬᠡ