1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠮᠴᠢ ᠰᠤᠪᠢᠯᠠᠭᠴᠢ ᠬᠣᠶᠠᠷ-ᠲᠦᠮᠡᠨᠭᠡᠷᠡᠯЭмч сувилагч хоёр-Түмэнгэрэл

ᠡᠮᠴᠢ ᠰᠤᠪᠢᠯᠠᠭᠴᠢ ᠬᠣᠶᠠᠷ-ᠲᠦᠮᠡᠨᠭᠡᠷᠡᠯЭмч сувилагч хоёр-Түмэнгэрэл

ᠠᠩᠭᠢᠯᠠᠯ:ᠳᠠᠭᠤᠤ
2025-05-12

1195

ᠡᠮᠴᠢ ᠰᠤᠪᠢᠯᠠᠭᠴᠢ ᠬᠣᠶᠠᠷ

 ᠦᠭᠡ ᠄ ᠪᠠᠶᠠᠨᠲᠠᠯ᠎ᠠ 
 ᠠᠶᠠᠯᠭᠤ ᠄  ᠵᠢ᠊ ᠂ ᠪᠠᠶᠠᠨᠮᠥ᠋ᠩᠬᠡ 
 ᠳᠠᠭᠤᠴᠢᠨ ᠄ ᠲᠦᠮᠡᠨᠭᠡᠷᠡᠯ  

ᠪᠤᠭᠤᠷᠤᠯ ᠬᠣᠷᠸ᠎ᠠ ᠶ᠋ᠢᠨ ᠲᠣᠭᠣᠰᠣᠨ ᠳ᠋ᠤ᠌ 
ᠪᠤᠷᠬᠠᠨ ᠠ᠋ᠴᠠ ᠢᠯᠡᠭᠡᠭᠰᠡᠨ ᠡᠯᠴᠢ ᠤᠤ ᠳᠠ 
ᠪᠤᠶᠠᠨ ᠨᠢᠭᠦᠯ ᠬᠣᠶᠠᠷ ᠤ᠋ᠨ 
ᠵᠠᠭᠠᠭ ᠢ᠋ ᠰᠠᠬᠢᠭᠰᠠᠨ ᠬᠢᠯᠢᠴᠢ ᠤᠤ ᠳᠠ 
ᠡᠩ ᠦᠭᠡᠢ ᠶᠡᠬᠡ ᠬᠠᠢᠷ᠎ᠠ ᠶ᠋ᠢᠨ ᠪᠦᠷᠢᠯᠸ᠎ᠠ 
ᠡᠮᠴᠢ ᠰᠤᠪᠢᠯᠠᠭᠴᠢ ᠬᠣᠶᠠᠷ ᠮᠢᠨᠢ ᠳᠡ 
ᠬᠡᠨ ᠦ᠌ ᠴᠦ᠍ ᠡᠮᠦᠨ᠎ᠡ ᠡᠴᠡ ᠵᠢᠳᠬᠦᠭᠰᠡᠨ 
ᠭᠡᠨᠡᠨ ᠦᠭᠡᠢ ᠠᠷᠢᠭᠤᠨ ᠰᠡᠳᠬᠢᠯ ᠳᠡ 
ᠬᠡᠴᠡᠭᠦᠬᠡᠨ ᠪᠦᠬᠦᠨ ᠳ᠋ᠦ᠍ ᠮᠠᠩᠯᠠᠢᠯᠠᠭᠰᠠᠨ 
ᠬᠡᠳᠦ ᠦᠨᠡᠨᠴᠢᠬᠡᠨ ᠠᠮᠠᠯᠠᠯ ᠤᠤ ᠳᠠ
ᠡᠩ ᠦᠭᠡᠢ ᠶᠡᠬᠡ ᠬᠠᠢᠷ᠎ᠠ ᠶ᠋ᠢᠨ ᠪᠦᠷᠢᠯᠸ᠎ᠠ
ᠡᠮᠴᠢ ᠰᠤᠪᠢᠯᠠᠭᠴᠢ ᠬᠣᠶᠠᠷ ᠮᠢᠨᠢ ᠳᠡ
ᠡᠭᠦᠷᠢᠳᠡ ᠶ᠋ᠢᠨ ᠡᠷᠡᠭᠦᠯ ᠠᠮᠢᠳᠤᠷᠠᠯ ᠢ᠋
ᠥᠨᠢᠳᠡ ᠢᠪᠡᠭᠡᠭᠰᠡᠨ ᠠᠴᠢᠲᠠᠨ ᠤᠤ ᠳᠠ
ᠦᠯᠡᠮᠵᠢ ᠬᠠᠲᠠᠭᠤᠬᠠᠨ ᠬᠣᠷᠸ᠎ᠠ ᠶ᠋ᠢᠨ
ᠥᠩᠭᠡᠷᠡᠦ ᠴᠠᠢᠯᠭᠠᠨ ᠰᠡᠳᠬᠢᠯᠲᠡᠨ ᠤᠤ ᠳᠠ
ᠡᠩ ᠦᠭᠡᠢ ᠶᠡᠬᠡ ᠬᠠᠢᠷ᠎ᠠ ᠶ᠋ᠢᠨ ᠪᠦᠷᠢᠯᠸ᠎ᠠ
ᠡᠮᠴᠢ ᠰᠤᠪᠢᠯᠠᠭᠴᠢ ᠬᠣᠶᠠᠷ ᠮᠢᠨᠢ ᠳᠡ
ᠡᠩ ᠦᠭᠡᠢ ᠶᠡᠬᠡ ᠬᠠᠢᠷ᠎ᠠ ᠶ᠋ᠢᠨ ᠪᠦᠷᠢᠯᠸ᠎ᠠ
ᠡᠮᠴᠢ ᠰᠤᠪᠢᠯᠠᠭᠴᠢ ᠬᠣᠶᠠᠷ ᠮᠢᠨᠢ ᠳᠡ
ᠡᠮᠴᠢ ᠰᠤᠪᠢᠯᠠᠭᠴᠢ ᠬᠣᠶᠠᠷ ᠮᠢᠨᠢ ᠳᠡ

 2025-5 -12 ᠰᠤᠪᠢᠯᠠᠭᠴᠢ ᠶ᠋ᠢᠨ ᠪᠠᠶᠠᠷ ᠤ᠋ᠨ ᠡᠳᠦᠷ ᠦ᠋ᠨ ᠮᠡᠨᠳᠦᠴᠢᠯᠡᠯ ᠳᠡᠪᠰᠢᠭᠦᠯᠦᠶ᠎ᠡ 

 ᠦᠰᠦᠭ ᠬᠠᠳᠠᠭᠴᠢ᠄ ᠭᠠᠸᠠ  
 ᠬᠢᠨᠠᠭᠴᠢ᠄ ᠢᠷᠡᠭᠡᠳᠦᠢ