ᠡᠵᠢ ᠮᠢᠨᠢ-ᠣᠶᠤᠨᠪᠢᠯᠢᠭ᠌Ээж минь-Оюунбилэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠮᠢᠨᠢ-ᠣᠶᠤᠨᠪᠢᠯᠢᠭ᠌Ээж минь-Оюунбилэг

ᠡᠵᠢ ᠮᠢᠨᠢ-ᠣᠶᠤᠨᠪᠢᠯᠢᠭ᠌Ээж минь-Оюунбилэг

ᠠᠩᠭᠢᠯᠠᠯ:ᠳᠠᠭᠤᠤ ᠬᠥᠭᠵᠢᠮ
2025-05-11

2226

ᠡᠵᠢ ᠮᠢᠨᠢ

  ᠦᠭᠡ ᠄ ᠨ᠂ ᠪᠠᠶᠠᠨᠴᠣᠭᠲᠤ 
  ᠠᠶ᠎ᠠ : ᠰᠠᠷᠭᠠᠢ 
  ᠳᠠᠭᠤᠴᠢᠨ ᠄ ᠣᠶᠤᠨᠪᠢᠯᠢᠭ᠌ 

ᠠᠷᠪᠠᠨ ᠰᠠᠷ᠎ᠠ ᠠᠮᠢ ᠲᠠᠢ ᠪᠠᠨ ᠬᠣᠯᠪᠣᠭᠰᠠᠨ 
ᠠᠮᠢᠯᠠᠭᠤᠯᠵᠤ ᠡᠨᠡᠷᠢᠨ ᠬᠣᠨᠣᠭ ᠲᠣᠭᠠᠯᠠᠭᠰᠠᠨ 
ᠠᠯᠲᠠᠨ ᠶᠠᠰᠤ ᠪᠠᠨ ᠵᠠᠳᠠᠷᠠᠲᠠᠯ᠎ᠠ ᠪᠠᠨ ᠰᠢᠨᠠᠯᠤᠭᠠᠳ 
ᠴᠢᠮᠥᠭᠡ ᠶ᠋ᠢᠨ ᠲᠠᠮᠢᠷ ᠢ᠋ᠶ᠋ᠠᠷ ᠢ᠋ᠶ᠋ᠠᠨ ᠨᠠᠮ᠎ᠠ ᠶ᠋ᠢ ᠪᠡᠨ ᠵᠠᠶᠠᠭᠠᠭᠰᠠᠨ 
ᠥᠷᠥᠴᠡᠨ ᠦ᠌ ᠨᠠᠷᠠ ᠡᠵᠢ ᠮᠢᠨᠢ 
ᠦᠷ᠎ᠡ ᠴᠢᠨᠢ ᠲᠠᠨ ᠢ᠋ ᠪᠡᠨ ᠦᠭᠡᠢᠯᠡᠨ᠎ᠡ ᠬᠦ 
ᠨᠠᠮᠤᠷᠰᠢᠬᠤ ᠲᠣᠰᠤᠮ ᠢ᠋ᠶ᠋ᠠᠨ ᠰᠢᠷᠭᠠᠯᠲᠤᠬᠤ ᠬᠣᠷᠸ᠎ᠠ ᠳ᠋ᠤ᠌ ᠪᠠᠨ 
ᠨᠢᠯᠬᠠᠷᠠᠵᠤ ᠲᠠᠨ ᠢ᠋ ᠪᠡᠨ ᠳᠠᠭᠤᠯᠠᠨ᠎ᠠ 
ᠰᠠᠷᠠ ᠤᠶᠠᠷᠠᠲᠠᠯ᠎ᠠ ᠰᠢᠮ᠎ᠡ ᠪᠡᠨ ᠤᠨᠳᠤᠷᠤᠭᠤᠯᠤᠭᠠᠳ
ᠬᠡᠴᠢᠨᠡᠭᠡᠨ ᠴᠦ᠍ ᠰᠥᠨᠢ ᠶ᠋ᠢᠨ ᠣᠳᠣ ᠶ᠋ᠢ ᠲᠣᠭᠠᠯᠠᠯ᠎ᠠ
ᠨᠠᠷᠠ ᠶ᠋ᠢ ᠤᠭᠲᠤᠨ ᠰᠠᠨᠴᠢᠭ ᠢ᠋ᠶ᠋ᠠᠨ ᠪᠤᠭᠤᠷᠤᠯᠲᠤᠭᠤᠯᠤᠭᠠᠳ
ᠬᠡᠴᠢᠨᠡᠭᠡᠨ ᠴᠦ᠍ ᠡᠳᠦᠷ ᠦ᠋ᠨ ᠦᠷ ᠢ᠋ ᠤᠭᠲᠤᠯ᠎ᠠ
ᠥᠷᠥᠴᠡᠨ ᠦ᠌ ᠨᠠᠷᠠ ᠡᠵᠢ ᠮᠢᠨᠢ
ᠦᠷ᠎ᠡ ᠴᠢᠨᠢ ᠲᠠᠨ ᠢ᠋ ᠪᠡᠨ ᠦᠭᠡᠢᠯᠡᠨ᠎ᠡ ᠬᠦ
ᠨᠠᠮᠤᠷᠰᠢᠬᠤ ᠲᠣᠰᠤᠮ ᠢ᠋ᠶ᠋ᠠᠨ ᠰᠢᠷᠭᠠᠯᠲᠤᠬᠤ ᠬᠣᠷᠸ᠎ᠠ ᠳ᠋ᠤ᠌ ᠪᠠᠨ
ᠨᠢᠯᠬᠠᠷᠠᠵᠤ ᠲᠠᠨ ᠢ᠋ ᠪᠡᠨ ᠳᠠᠭᠤᠯᠠᠨ᠎ᠠ
ᠦᠢᠯᠡᠰ ᠢ᠋ ᠵᠣᠷᠢᠵᠤ ᠠᠯᠤᠰ ᠲᠤ᠌ ᠮᠣᠷᠳᠠᠬᠤ ᠳ᠋ᠤ᠌
ᠨᠢᠯᠪᠤᠰᠤᠨ ᠳ᠋ᠤ᠌ ᠪᠦᠷᠦᠯᠵᠡᠬᠦ ᠪᠠᠷ᠎ᠠ ᠨᠢ ᠰᠠᠴᠤᠯᠢ ᠶᠤᠮ
ᠥᠨᠢᠳᠡ ᠶ᠋ᠢᠨ ᠲᠦᠰᠢᠭ ᠲᠡᠢ ᠠᠮᠢᠳᠤᠷᠠᠯ ᠢ᠋ ᠡᠳ᠋ᠯᠡᠬᠦ ᠳ᠋ᠦ᠍ ᠪᠡᠨ
ᠵᠢᠷᠭᠠᠯ ᠢ᠋ᠶ᠋ᠠᠷ ᠮᠦᠰᠢᠶᠡᠬᠦ ᠮᠡᠯᠮᠡᠢ ᠨᠢ ᠬᠠᠢᠷ᠎ᠠ ᠶᠤᠮ ᠠ᠋
ᠥᠷᠥᠴᠡᠨ ᠦ᠌ ᠨᠠᠷᠠ ᠡᠵᠢ ᠮᠢᠨᠢ
ᠦᠷ᠎ᠡ ᠴᠢᠨᠢ ᠲᠠᠨ ᠢ᠋ ᠪᠡᠨ ᠦᠭᠡᠢᠯᠡᠨ᠎ᠡ ᠬᠦ
ᠨᠠᠮᠤᠷᠰᠢᠬᠤ ᠲᠣᠰᠤᠮ ᠢ᠋ᠶ᠋ᠠᠨ ᠰᠢᠷᠭᠠᠯᠲᠤᠬᠤ ᠬᠣᠷᠸ᠎ᠠ ᠳ᠋ᠤ᠌ ᠪᠠᠨ
ᠨᠢᠯᠬᠠᠷᠠᠵᠤ ᠲᠠᠨ ᠢ᠋ ᠪᠡᠨ ᠳᠠᠭᠤᠯᠠᠨ᠎ᠠ
ᠡᠵᠢ ᠶ᠋ᠢ ᠪᠡᠨ ᠳᠠᠭᠤᠯᠠᠨ᠎ᠠ


 2025-5 -11 ᠡᠭᠡᠴᠦᠦᠯ ᠦ᠋ᠨ ᠪᠠᠶᠠᠷ ᠤ᠋ᠨ ᠡᠳᠦᠷ ᠦ᠋ᠨ ᠮᠡᠨᠳᠦᠴᠢᠯᠡᠯ  ᠳᠡᠪᠰᠢᠭᠦᠯᠦᠶ᠎ᠡ᠂ ᠡᠵᠢ ᠶ᠋ᠢ ᠪᠡᠨ ᠪᠠᠶᠠᠷᠯᠠᠭᠤᠯᠤᠶ᠎ᠠ᠂

  ᠦᠰᠦᠭ ᠬᠠᠲᠠᠭᠴᠢ᠄ ᠭᠠᠸᠠ
  ᠬᠢᠨᠠᠭᠴᠢ᠄ ᠢᠷᠡᠭᠡᠳᠦᠢ