ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠳᠦᠷᠪᠡ᠂ ᠡᠭᠦᠯᠡ ᠪᠣᠷᠣᠭᠠᠨ ᠤ ᠶᠠᠪᠤᠳᠠᠯ ᠪᠤᠶᠤ ᠡᠩᠭᠡᠷ ᠵᠥᠷᠢᠭᠦᠯᠬᠦ - ᠮᠣᠩᠭᠣᠯ ᠡᠷᠬᠢᠮ ᠶᠣᠰᠣ Эр эмийн ёсон – Д᠂ Болдцэрэн <Нэгдүгээр бүлэг>– дөрөв᠂ Үүл
ᠳᠦᠷᠪᠡ᠂ ᠡᠭᠦᠯᠡ ᠪᠣᠷᠣᠭᠠᠨ ᠤ ᠶᠠᠪᠤᠳᠠᠯ ᠪᠤᠶᠤ ᠡᠩᠭᠡᠷ ᠵᠥᠷᠢᠭᠦᠯᠬᠦ - ᠮᠣᠩᠭᠣᠯ ᠡᠷᠬᠢᠮ ᠶᠣᠰᠣ
ᠬᠤᠷᠢᠴᠠᠯ ᠪᠣᠯ ᠬᠠᠨᠢᠯᠠᠭᠰᠠᠨ ᠬᠣᠶᠠᠷ ᠤ᠋ᠨ ᠬᠠᠮᠤᠭ ᠤ᠋ᠨ ᠡᠷᠬᠢᠮ ᠨᠢᠭᠤᠴᠠ ᠲᠡᠳᠦᠢ ᠦᠭᠡᠢ ᠲᠡᠳᠡᠨ ᠦ᠌ ᠪᠠᠶᠠᠷ ᠪᠠᠶᠠᠰᠬᠤᠯᠠᠩ ᠶᠤᠮ᠃ ᠲᠡᠭᠦᠨ ᠦ᠌ ᠥᠷᠨᠢᠬᠦ ᠦᠢᠯᠡ ᠶᠠᠪᠤᠴᠠ ᠶ᠋ᠢ ᠳᠣᠲᠣᠷ᠎ᠠ ᠨᠢ ᠣᠷᠣᠰᠢᠯ᠂ ᠥᠷᠨᠢᠯ᠂ ᠲᠤᠢᠯ᠂ ᠲᠠᠢᠯᠤᠯ ᠭᠡᠰᠡᠨ ᠳᠥᠷᠪᠡᠨ ᠦᠶ᠎ᠡ ᠱᠠᠲᠤ ᠪᠣᠯᠭᠠᠵᠤ ᠬᠤᠪᠢᠶᠠᠳᠠᠭ᠃ ᠲᠡᠭᠡᠪᠡᠯ ᠣᠷᠣᠰᠢᠯ ᠨᠢ ᠤᠶᠠᠷᠠᠯ ᠬᠠᠢᠷ᠎ᠠ ᠪᠠᠨ ᠰᠢᠪᠡᠨᠡᠨ ᠥᠭᠦᠯᠡᠬᠦ ᠢᠯᠳᠠᠮ ᠳ᠋ᠤ᠌ ᠬᠣᠶᠠᠷ ᠪᠡᠶ᠎ᠡ ᠪᠡᠨ ᠲᠡᠪᠡᠷᠢᠨ ᠦᠨᠦᠰᠬᠦ᠂ ᠢᠯᠢᠨ ᠲᠠᠭᠠᠯᠠᠬᠤ᠂ ᠱᠦᠷᠭᠦᠭᠡᠨ ᠬᠦᠷᠦᠯᠴᠡᠬᠦ᠂ ᠢᠨᠠᠭᠯᠠᠨ ᠡᠩᠬᠦᠷᠡᠢᠯᠡᠬᠦ ᠦᠢᠯᠡᠳᠦᠯ ᠶᠦᠮ᠃ ᠡᠳᠡᠭᠡᠷ ᠦᠢᠯᠡᠳᠦᠯ ᠲᠤᠰ ᠪᠦᠷᠢ ᠨᠢ ᠡᠷ᠎ᠡ ᠡᠮ᠎ᠡ ᠶ᠋ᠢᠨ ᠶᠣᠰᠣᠨ ᠤ᠋ ᠨᠠᠷᠢᠨ ᠤᠷᠠᠯᠢᠭ ᠰᠣᠶᠣᠯ ᠪᠠᠢᠳᠠᠭ᠃ ᠭᠡᠪᠡᠴᠦ ᠵᠠᠷᠢᠮ ᠬᠣᠣᠰ ᠤ᠋ᠳ ᠡᠭᠦᠨ ᠦ᠌ ᠨᠠᠷᠢᠨ ᠤᠴᠢᠷ ᠢ᠋ ᠲᠡᠳᠦᠢ ᠯᠡ ᠣᠢᠰᠢᠶᠠᠳᠠᠭ ᠦᠭᠡᠢ᠃ ᠡᠷ᠎ᠡ ᠡᠮ᠎ᠡ ᠶ᠋ᠢᠨ ᠶᠣᠰᠣᠨ ᠤ᠋ ᠦᠢᠯᠡᠳᠦᠯ ᠨᠢ ᠵᠥᠪᠬᠡᠨ ᠪᠡᠶ᠎ᠡ ᠶ᠋ᠢᠨ ᠲᠡᠳᠦᠢ ᠦᠭᠡᠢ ᠰᠡᠳᠬᠢᠯ ᠰᠠᠨᠠᠭᠠᠨ ᠤ᠋ ᠨᠠᠨᠳᠢᠨ ᠤᠴᠠᠷᠠᠯ ᠪᠠᠢᠬᠤ ᠤᠴᠢᠷ ᠲᠠᠢ ᠠᠲᠠᠯ᠎ᠠ ᠣᠷᠣᠰᠢᠯ ᠦᠭᠡᠢ ᠡᠩᠭᠡᠷ ᠵᠥᠷᠢᠭᠦᠯᠪᠡᠯ ᠬᠤᠷᠢᠴᠠᠯ ᠳᠠᠩ ᠭᠠᠭᠴᠠ ᠪᠡᠶ᠎ᠡ ᠶ᠋ᠢᠨ ᠤᠴᠠᠷᠠᠯ ᠪᠣᠯᠤᠨ ᠬᠤᠪᠢᠷᠠᠨ᠎ᠠ᠃ ᠣᠷᠣᠰᠢᠯ ᠤ᠋ᠨ ᠶᠠᠪᠤᠴᠠ ᠳ᠋ᠤ᠌ ᠡᠮᠡᠭᠲᠡᠢ ᠬᠥᠮᠦᠨ ᠦ᠌ ᠪᠡᠯᠭᠡ ᠶ᠋ᠢᠨ ᠰᠠᠷᠠᠯ ᠬᠥᠳᠡᠯᠵᠦ᠂ ᠬᠠᠢᠷ᠎ᠠ ᠰᠡᠳᠬᠢᠯ ᠦ᠋ᠨ ᠤᠶᠠᠩᠭ᠎ᠠ ᠨᠢ ᠡᠭᠡᠰᠢᠭᠯᠡᠨ᠎ᠡ᠃ ᠣᠷᠣᠰᠢᠯ ᠦᠭᠡᠢ ᠬᠤᠷᠢᠴᠠᠯ ᠪᠣᠯ ᠬᠥᠭ ᠦᠭᠡᠢ ᠬᠥᠭᠵᠢᠮ ᠢ᠋ᠶ᠋ᠡᠷ ᠲᠣᠭᠯᠠᠬᠤ ᠲᠠᠢ ᠢᠯᠭᠠᠭ᠎ᠠ ᠶᠠᠭᠤᠨ ᠪᠢᠯᠡ᠃ ᠡᠢᠮᠦ ᠡᠴᠡ ᠰᠠᠢᠬᠠᠨ ᠠᠶ᠎ᠠ ᠡᠬᠢᠯᠡᠭᠦᠯᠬᠦ ᠶ᠋ᠢᠨ ᠲᠤᠯᠠᠳᠠ ᠬᠥᠭᠵᠢᠮ ᠢ᠋ᠶ᠋ᠡᠨ ᠰᠠᠢᠨ ᠬᠥᠭᠯᠡᠬᠦ ᠬᠡᠷᠡᠭᠲᠡᠢ ᠶᠢᠨ ᠠᠳᠠᠯᠢ ᠡᠷ᠎ᠡ ᠡᠮ᠎ᠡ ᠶ᠋ᠢᠨ ᠶᠣᠰᠣᠨ ᠤ᠋ ᠦᠢᠯᠡᠳᠦᠯ ᠳ᠋ᠦ᠍ ᠣᠷᠣᠰᠢᠯ ᠵᠠᠢᠯᠠᠰᠢ ᠦᠭᠡᠢ ᠴᠢᠬᠤᠯᠠ ᠪᠠᠢᠳᠠᠭ᠃ ᠴᠣᠬᠣᠮ ᠡᠨᠳᠡ ᠡᠴᠡ ᠯᠡ ᠡᠷ᠎ᠡ ᠡᠮ᠎ᠡ ᠶ᠋ᠢᠨ ᠶᠣᠰᠣᠨ ᠤ᠋ ᠴᠠᠭᠠᠨ ᠲᠣᠯᠣᠭᠠᠢ ᠡᠬᠢᠯᠡᠨ᠎ᠡ᠃
ᠣᠷᠣᠰᠢᠯ ᠤ᠋ᠨ ᠴᠢᠬᠤᠯᠠ ᠬᠡᠰᠡᠭ ᠪᠣᠯ ᠲᠡᠪᠡᠷᠢᠨ ᠦᠨᠦᠰᠬᠦ᠂ ᠪᠠᠰᠠ ᠡᠮᠡᠭᠲᠡᠢ ᠬᠥᠮᠦᠨ ᠦ᠌ ᠳᠤᠷ᠎ᠠ ᠶ᠋ᠢ ᠬᠥᠳᠡᠯᠭᠡᠳᠡᠭ ᠪᠡᠶ᠎ᠡ ᠶ᠋ᠢᠨ ᠳᠣᠲᠣᠷᠠᠬᠢ ᠲᠣᠳᠣᠷᠬᠠᠢ ᠬᠡᠰᠡᠭ ᠢ᠋ ᠱᠦᠷᠭᠦᠭᠡᠨ ᠬᠦᠷᠦᠯᠴᠡᠬᠦ ᠶᠠᠪᠤᠳᠠᠯ ᠶᠤᠮ᠃ ᠲᠤᠬᠠᠢᠯᠠᠪᠠᠯ ᠮᠥᠮᠥ ᠶ᠋ᠢᠨ ᠲᠣᠪᠴᠢ ᠶ᠋ᠢ ᠵᠥᠭᠡᠯᠡᠨ ᠢᠮᠡᠷᠬᠦ᠂ ᠴᠢᠮᠬᠢᠯᠡᠬᠦ᠂ ᠢᠯᠢᠬᠦ᠂ ᠳᠣᠯᠢᠶᠠᠬᠤ᠂ ᠬᠥᠬᠥᠬᠦ ᠳ᠋ᠦ᠍ ᠳᠤᠷ᠎ᠠ ᠬᠠᠮᠤᠭ ᠤ᠋ᠨ ᠶᠡᠬᠡ ᠬᠦᠷᠳᠡᠭ᠂ ᠬᠠᠷᠢᠨ ᠪᠡᠯᠭᠡ ᠶ᠋ᠢᠨ ᠰᠠᠷᠠᠯ ᠡᠭᠦᠰᠬᠦ ᠬᠢᠷᠢ ᠬᠡᠮᠵᠢᠶ᠎ᠡ ᠨᠢ ᠬᠥᠬᠥᠨ ᠦ᠌ ᠲᠣᠮᠣ ᠵᠢᠵᠢᠭ ᠡᠴᠡ ᠰᠢᠯᠲᠠᠭᠠᠯᠠᠬᠤ ᠦᠭᠡᠢ᠃ ᠳᠡᠭᠡᠷ᠎ᠡ ᠳᠤᠷᠠᠳᠤᠭᠰᠠᠨ ᠦᠢᠯᠡ ᠶᠠᠪᠤᠴᠠ ᠶ᠋ᠢᠨ ᠦᠷ᠎ᠡ ᠳ᠋ᠦᠩ ᠳ᠋ᠦ᠍ ᠡᠬᠡᠨᠡᠷ ᠨᠥᠬᠥᠷ ᠬᠣᠶᠠᠷ ᠤ᠋ᠨ ᠳᠤᠷ᠎ᠠ ᠬᠦᠰᠡᠯ ᠣᠷᠭᠢᠯᠤᠨ ᠪᠠᠳᠠᠷᠠᠬᠤᠢ ᠳ᠋ᠤ᠌ ᠬᠤᠷᠢᠴᠠᠯ ᠤ᠋ᠨ ᠬᠥᠰᠢᠭᠡ ᠠᠯᠭᠤᠷᠬᠠᠨ ᠨᠡᠭᠡᠭᠡᠭᠳᠡᠨ᠎ᠡ᠃ ᠬᠡᠳᠦᠢᠪᠡᠷ ᠣᠷᠣᠰᠢᠯ ᠵᠠᠢᠯᠠᠰᠢ ᠦᠭᠡᠢ ᠴᠢᠬᠤᠯᠠ ᠪᠣᠯᠪᠠᠴᠤ ᠲᠡᠭᠦᠨ ᠢ᠋ ᠬᠡᠳᠦ ᠰᠤᠨᠵᠢᠷᠠᠭᠤᠯᠪᠠᠯ ᠵᠠᠯᠬᠠᠬᠤ ᠪᠣᠯᠤᠨ᠎ᠠ᠃ ᠡᠷ᠎ᠡ ᠡᠮ᠎ᠡ ᠶ᠋ᠢᠨ ᠶᠣᠰᠣᠨ ᠤ᠋ ᠰᠤᠳᠤᠯᠤᠭᠴᠢᠳ ᠣᠷᠣᠰᠢᠯ ᠤ᠋ᠨ ᠦᠷᠭᠦᠯᠵᠢᠯᠡᠬᠦ ᠬᠤᠭᠤᠴᠠᠭ᠎ᠠ ᠬᠤᠷᠢᠴᠠᠯ ᠠ᠋ᠴᠠ ᠳᠥᠷᠪᠡ ᠳᠠᠬᠢᠨ ᠤᠷᠲᠤ ᠪᠠᠢᠪᠠᠯ ᠲᠣᠬᠢᠷᠠᠮᠵᠢ ᠲᠠᠢ ᠭᠡᠵᠦ ᠦᠵᠡᠳᠡᠭ᠃
ᠡᠢᠬᠦ ᠣᠷᠣᠰᠢᠯ ᠤ᠋ᠨ ᠠᠴᠢ ᠪᠠᠷ ᠡᠷ᠎ᠡ ᠡᠮ᠎ᠡ ᠬᠣᠶᠠᠷ《ᠳᠣᠲᠣᠷ᠎ᠠ ᠳᠣᠲᠣᠷ᠎ᠠ ᠪᠠᠨ ᠡᠭᠦᠯᠡᠨ ᠦ᠌ ᠱᠠᠲᠤ ᠶ᠋ᠢ ᠳᠠᠮᠵᠢᠨ ᠰᠠᠷᠠᠨ ᠤ᠋ ᠣᠷᠣᠨ ᠳ᠋ᠤ᠌ ᠣᠴᠢᠵᠤ᠂ ᠪᠣᠷᠣᠭᠠᠨ ᠤ᠋ ᠬᠡᠷᠡᠭ ᠢ᠋ ᠭᠦᠢᠴᠡᠳᠬᠡᠬᠦ》 ᠳ᠋ᠦ᠍ ᠪᠡᠯᠡᠨ ᠪᠣᠯᠤᠭᠰᠠᠨ ᠪᠠᠢᠬᠤ ᠪᠤᠢ᠎ᠠ᠃ ᠪᠡᠯᠭᠡ ᠶ᠋ᠢᠨ ᠰᠠᠷᠠᠯ ᠡᠭᠦᠰᠦᠭᠰᠡᠨ ᠢ᠋ᠶ᠋ᠡᠷ ᠡᠷᠡᠭᠲᠡᠢ᠂ ᠡᠮᠡᠭᠲᠡᠢ ᠶ᠋ᠢᠨ ᠬᠥᠮᠦᠨ ᠦ᠌ ᠪᠡᠶ᠎ᠡ ᠮᠠᠬᠠᠪᠣᠳ᠂ ᠪᠡᠯᠭᠡ ᠡᠷᠬᠡᠲᠡᠨ ᠳ᠋ᠦ᠍ ᠶᠡᠬᠡᠬᠡᠨ ᠥᠭᠡᠷᠡᠴᠢᠯᠡᠯᠲᠡ ᠭᠠᠷᠤᠨ᠎ᠠ᠃ ᠲᠤᠬᠠᠢᠯᠠᠪᠠᠯ᠂ ᠬᠠᠴᠠᠷ᠂ ᠴᠢᠬᠢ ᠬᠠᠯᠠᠭᠤ ᠣᠷᠬᠢᠵᠤ᠂ ᠠᠮᠢᠰᠬᠤᠭ᠎ᠠ ᠳᠠᠪᠴᠢᠭᠤᠳᠠᠬᠤ ᠶ᠋ᠢᠨ ᠰᠠᠴᠠᠭᠤ ᠡᠷᠡᠭᠲᠡᠢ ᠬᠥᠮᠦᠨ ᠦ᠌ ᠪᠡᠯᠭᠡ ᠶ᠋ᠢᠨ ᠡᠷᠬᠡᠲᠡᠨ ᠬᠥᠪᠴᠢᠷᠡᠵᠦ᠂ ᠡᠮᠡᠭᠲᠡᠢ ᠬᠥᠮᠦᠨ ᠦ᠌ ᠮᠥᠮᠥ ᠬᠠᠲᠠᠭᠤᠷᠠᠨ ᠵᠠᠩᠭᠢᠷᠠᠵᠤ᠂ ᠳᠣᠷᠣᠭᠰᠢ ᠪᠠᠨ ᠶᠠᠯᠢᠮ ᠦᠭᠡᠢ ᠰᠢᠩᠭᠡᠨ ᠶᠠᠭᠤᠮ᠎ᠠ ᠭᠠᠷᠳᠠᠭ᠃ ᠡᠨᠡ ᠪᠣᠯ ᠡᠮᠡᠭᠲᠡᠢ ᠬᠥᠮᠦᠨ ᠦ᠌ ᠪᠡᠯᠭᠡ ᠶ᠋ᠢᠨ ᠰᠠᠷᠠᠯ ᠬᠥᠳᠡᠯᠵᠦ᠂ ᠳᠤᠷ᠎ᠠ ᠨᠢ ᠬᠦᠷᠦᠭᠰᠡᠨ ᠦ᠌ ᠭᠣᠣᠯ ᠰᠢᠨᠵᠢ ᠲᠡᠮᠳᠡᠭ ᠶᠦᠮ᠃ ᠡᠭᠦᠨ ᠢ᠋ᠶ᠋ᠡᠷ ᠬᠤᠷᠢᠴᠠᠯ ᠤ᠋ᠨ ᠣᠷᠣᠰᠢᠯ ᠰᠢᠪᠲᠤᠷᠠᠴᠤ᠂ ᠪᠡᠶ᠎ᠡ ᠪᠡᠷ ᠣᠢᠷᠠᠲᠤᠬᠤ ᠬᠦᠰᠡᠯ ᠢ᠋ ᠪᠠᠳᠠᠷᠭᠠᠨ ᠥᠷᠨᠢᠯ ᠦ᠋ᠨ ᠱᠠᠲᠤ ᠡᠬᠢᠯᠡᠨ᠎ᠡ᠃ ᠭᠡᠲᠡᠯ᠎ᠡ ᠡᠮᠡᠭᠲᠡᠢ ᠪᠡᠨ ᠢᠳᠡ ᠰᠢᠮᠡᠳᠬᠦ ᠶ᠋ᠢᠨ ᠦᠶ᠎ᠡ ᠳ᠋ᠦ᠍ ᠡᠷ᠎ᠡ ᠨᠢ ᠦᠷ᠎ᠡ ᠶ᠋ᠢᠨ ᠰᠢᠩᠭᠡᠨ ᠢ᠋ᠶ᠋ᠡᠨ ᠠᠯᠳᠠᠵᠤ ᠳᠤᠷ᠎ᠠ ᠲᠠᠯᠪᠢᠵᠤ ᠣᠷᠬᠢᠪᠠᠯ ᠡᠮᠡᠭᠲᠡᠢ ᠨᠢ ᠳᠤᠷ᠎ᠠ ᠬᠠᠩᠬᠤ ᠦᠭᠡᠢ ᠰᠡᠳᠬᠢᠯ ᠳᠤᠮᠳᠠᠭᠤᠷ ᠬᠣᠴᠣᠷᠤᠨ᠎ᠠ᠃ ᠡᠢᠮᠦ ᠳ᠋ᠦ᠍ ᠠᠯᠢ ᠪᠣᠯᠬᠤ ᠶᠠᠭᠠᠷᠠᠨ《ᠳᠣᠪᠲᠣᠯᠭᠠᠭᠰᠠᠨ》 ᠤ᠋ ᠬᠡᠷᠡᠭ ᠦᠭᠡᠢ ᠶᠦᠮ᠃ ᠪᠦᠰᠡᠭᠦᠢ ᠬᠥᠮᠦᠨ( ᠴᠡᠪᠡᠷ ᠢᠴᠢᠮᠡᠬᠡᠢ ᠮᠣᠩᠭᠣᠯ ᠡᠮᠡᠭᠲᠡᠢ ᠶ᠋ᠢᠨ ᠵᠠᠩ ᠢ᠋ᠶ᠋ᠠᠷ) ᠳᠣᠲᠣᠭᠠᠳᠤ ᠰᠡᠳᠬᠢᠯ ᠢ᠋ᠶ᠋ᠡᠨ ᠰᠢᠭᠤᠳ ᠲᠠᠨ ᠳ᠋ᠤ᠌ ᠭᠠᠷᠭᠠᠭᠠᠳ ᠬᠡᠯᠡᠴᠢᠬᠡᠵᠦ ᠴᠢᠳᠠᠬᠤ ᠦᠭᠡᠢ ᠴᠢᠮᠡᠭᠡ ᠦᠭᠡᠢ ᠶᠠᠪᠤᠵᠤ ᠪᠣᠯᠤᠨ᠎ᠠ᠃ ᠡᠭᠦᠨ ᠳ᠋ᠦ᠍ ᠡᠷ᠎ᠡ ᠬᠥᠮᠦᠨ 《ᠪᠣᠯᠵᠤ ᠪᠠᠢᠨ᠎ᠠ》᠂ 《ᠪᠦᠲᠦᠵᠦ ᠪᠠᠢᠨ᠎ᠠ》 ᠭᠡᠮᠡᠨ ᠰᠡᠳᠬᠢᠯ ᠠᠮᠤᠷᠯᠢᠩᠭᠤᠢ ᠪᠠᠢᠵᠤ ᠪᠣᠯᠬᠤ ᠦᠭᠡᠢ ᠶᠦᠮ ᠠ᠃ ᠡᠢᠬᠦ ᠬᠤᠷᠢᠴᠠᠯ ᠤ᠋ᠨ ᠦᠢᠯᠡ ᠥᠷᠨᠢᠨ ᠥᠷᠨᠢᠭᠰᠡᠭᠡᠷ《ᠲᠤᠢᠯ》 ᠳ᠋ᠠᠭᠠᠨ ᠬᠦᠷᠬᠦ ᠳ᠋ᠦ᠍ ᠪᠡᠶ᠎ᠡ ᠲᠠᠯᠪᠢᠭᠤᠷᠠᠵᠤ᠂ ᠶᠡᠬᠡ ᠬᠦᠰᠡᠯ ᠢ᠋ ᠲᠡᠭᠦᠰᠬᠡᠨ᠎ᠡ᠃ ᠶᠠᠭ ᠡᠭᠦᠨ ᠦ᠌ ᠡᠮᠦᠨᠡᠬᠡᠨ ᠡᠮᠡᠭᠲᠡᠢ ᠶ᠋ᠢᠨ ᠴᠢᠰᠤᠨ ᠳᠠᠷᠤᠯᠲᠠ175-200 ᠬᠦᠷᠲᠡᠯ᠎ᠡ᠂ ᠡᠷᠡᠭᠲᠡᠢ ᠶ᠋ᠢᠨ ᠬᠢ180-220 ᠬᠦᠷᠲᠡᠯ᠎ᠡ ᠨᠡᠮᠡᠭᠳᠡᠵᠦ ᠨᠢᠭᠡ ᠮᠢᠨᠦ᠋ᠲ ᠲᠦ᠍ ᠴᠣᠬᠢᠯᠠᠬᠤ ᠵᠢᠷᠦᠬᠡᠨ ᠦ᠌ ᠴᠣᠬᠢᠯᠲᠠ175᠂ ᠠᠮᠢᠰᠬᠤᠯ ᠤ᠋ᠨ ᠲᠣᠭ᠎ᠠ40 ᠣᠷᠴᠢᠮ ᠬᠦᠷᠦᠨ᠎ᠡ᠃ ᠭᠡᠪᠡᠴᠦ ᠳᠤᠷ᠎ᠠ ᠬᠠᠨᠵᠤ ᠪᠡᠶ᠎ᠡ ᠲᠠᠯᠪᠢᠭᠤᠷᠠᠭᠰᠠᠨ ᠤ᠋ ᠳᠠᠷᠠᠭ᠎ᠠ ᠲᠦᠳᠡᠬᠡᠨ ᠪᠤᠴᠠᠭᠠᠳ ᠬᠠᠭᠤᠴᠢᠨ ᠬᠡᠪ ᠲᠡᠭᠡᠨ ᠡᠷᠭᠢᠵᠦ ᠣᠷᠣᠳᠠᠭ᠃ ᠳᠤᠷ᠎ᠠ ᠬᠠᠩᠬᠤ ᠮᠡᠳᠡᠷᠡᠮᠵᠢ ᠭᠡᠳᠡᠭ ᠨᠢ ᠡᠮᠡᠭᠲᠡᠢ ᠬᠥᠮᠦᠨ ᠦ᠌ ᠬᠤᠪᠢ ᠳ᠋ᠤ᠌ ᠲᠡᠭᠦᠨ ᠦ᠌ ᠪᠦᠬᠦ ᠪᠡᠶ᠎ᠡ ᠴᠢᠩᠭᠠᠷᠠᠵᠤ ᠪᠠᠢᠭᠰᠠᠨ ᠢ᠋ᠶ᠋ᠠᠨ ᠰᠠᠷᠠᠯ ᠳᠡᠭᠡᠳᠦ ᠴᠢᠭ ᠲᠡᠭᠡᠨ ᠬᠦᠷᠬᠦ ᠳ᠋ᠦ᠍ ᠪᠤᠯᠴᠢᠩ ᠨᠢ ᠰᠤᠯᠠᠷᠠᠵᠤ ᠪᠡᠶ᠎ᠡ ᠨᠢ ᠲᠠᠯᠪᠢᠭᠤᠷᠠᠬᠤ ᠶ᠋ᠢ ᠬᠡᠯᠡᠨ᠎ᠡ᠃ ᠡᠨᠡ ᠦᠶ᠎ᠡ ᠳ᠋ᠦ᠍ ᠬᠤᠷᠢᠴᠠᠯ ᠢ᠋ 《ᠤᠯᠠᠮ ᠤᠳᠠᠭᠠᠨ》᠂《ᠳᠠᠬᠢᠨ ᠳᠠᠪᠲᠠᠨ》 ᠬᠢᠮᠡᠷ᠂《ᠶᠣᠰᠣᠲᠠᠢ ᠲᠡᠷᠡᠬᠡᠨ ᠦᠶ᠎ᠡ ᠳ᠋ᠡᠭᠡᠨ ᠰᠠᠯᠤᠮᠠᠷ ᠦᠭᠡᠢ》 ᠰᠠᠨᠠᠭᠳᠠᠳᠠᠭ᠃ ᠳᠤᠷ᠎ᠠ ᠬᠠᠩᠬᠤ ᠮᠡᠳᠡᠷᠡᠮᠵᠢ ᠪᠣᠯ ᠬᠤᠷᠢᠴᠠᠯ ᠤ᠋ᠨ ᠲᠡᠭᠦᠰᠬᠡᠯ᠂ ᠰᠢᠪᠲᠤᠷᠭ᠎ᠠ ᠳ᠋ᠤ᠌ ᠡᠭᠦᠰᠳᠡᠭ ᠬᠠᠨᠤᠰᠢ ᠦᠭᠡᠢ ᠰᠠᠢᠬᠠᠨ ᠰᠠᠷᠠᠯ ᠪᠥᠭᠡᠳ ᠲᠡᠭᠦᠨ ᠦ᠌ ᠡᠷᠴᠢᠮ ᠨᠢ ᠬᠥᠮᠦᠨ ᠲᠤᠰ ᠪᠦᠷᠢ ᠳ᠋ᠦ᠍ ᠬᠠᠷᠢᠯᠴᠠᠨ ᠠᠳᠠᠯᠢ ᠦᠭᠡᠢ ᠪᠠᠢᠨ᠎ᠠ᠃ ᠡᠷ᠎ᠡ ᠡᠮ᠎ᠡ ᠶ᠋ᠢᠨ ᠶᠣᠰᠣᠨ ᠤ᠋ ᠰᠤᠳᠤᠯᠤᠭᠴᠢᠳ ᠤ᠋ᠨ ᠪᠢᠴᠢᠭᠰᠡᠨ ᠢ᠋ᠶ᠋ᠡᠷ᠂ ᠳᠤᠷ᠎ᠠ ᠬᠠᠩᠬᠤ ᠮᠡᠳᠡᠷᠡᠮᠵᠢ ᠭᠣᠣᠯ ᠲᠥᠯᠥᠪ10-15 ᠬᠣᠷᠣᠮ ᠦᠷᠭᠦᠯᠵᠢᠯᠡᠳᠡᠭ ᠪᠠ ᠡᠨᠡ ᠵᠠᠪᠰᠠᠷ ᠨᠢᠭᠡ ᠬᠣᠷᠣᠮ ᠤ᠋ᠨ ᠵᠠᠢᠲᠠᠢ5-12 ᠤᠳᠠᠭ᠎ᠠ ᠪᠡᠶ᠎ᠡ 《ᠵᠢᠷᠦᠰ ᠵᠢᠷᠦᠰ》 ᠭᠡᠳᠡᠭ ᠪᠠᠢᠨ᠎ᠠ᠃ ᠵᠠᠷᠢᠮ ᠡᠮᠡᠭᠲᠡᠢᠴᠦᠳ ᠨᠢᠭᠡ ᠤᠳᠠᠭ᠎ᠠ ᠶ᠋ᠢᠨ ᠬᠤᠷᠢᠴᠠᠯ ᠤ᠋ᠨ ᠦᠢᠯᠡᠳᠦᠯ ᠡᠴᠡ ᠬᠣᠶᠠᠷ ᠪᠠ ᠲᠡᠭᠦᠨ ᠡᠴᠡ ᠣᠯᠠᠨ ᠤᠳᠠᠭ᠎ᠠ ᠳᠤᠷ᠎ᠠ ᠬᠠᠩᠬᠤ ᠠᠪᠠᠴᠤ ᠡᠬᠢᠨ ᠦ᠌ ᠬᠢ ᠳ᠋ᠦ᠍ ᠨᠢ ᠬᠠᠮᠤᠭ ᠤ᠋ᠨ ᠲᠠᠴᠢᠶᠠᠩᠭᠤᠢ ᠪᠠᠢᠳᠠᠭ᠃ ᠡᠨᠡ ᠪᠣᠯ ᠤᠭ ᠡᠮᠡᠭᠲᠡᠢ ᠶ᠋ᠢᠨ ᠪᠡᠶ᠎ᠡ ᠮᠠᠬᠠᠪᠣᠳ ᠤ᠋ᠨ ᠣᠨᠴᠠᠯᠢᠭ ᠶᠤᠮ᠃ ᠡᠷᠡᠭᠲᠡᠢ ᠬᠥᠮᠦᠨ ᠡᠬᠡᠨᠡᠷ ᠡᠴᠡ ᠪᠡᠨ ᠲᠦᠷᠦᠭᠦᠯᠡᠵᠦ ᠳᠤᠷ᠎ᠠ ᠬᠠᠩᠬᠤ ᠨᠢ ᠣᠷᠣᠰᠢᠯ ᠳᠤᠲᠠᠭᠤ ᠳᠤᠯᠢᠮᠠᠭ ᠪᠣᠯᠤᠭᠰᠠᠨ ᠤ᠋ ᠬᠢ᠃ ᠡᠮᠡᠭᠲᠡᠢ ᠬᠥᠮᠦᠨ ᠦ᠌ ᠪᠡᠯᠭᠡ ᠶ᠋ᠢᠨ ᠰᠠᠷᠠᠯ ᠡᠷᠡᠭᠲᠡᠢ ᠬᠥᠮᠦᠨ ᠦ᠌ ᠬᠢ ᠡᠴᠡ ᠠᠭᠠᠵᠢᠮ ᠤᠳᠠᠭᠠᠨ ᠡᠭᠦᠰᠳᠡᠭ ᠤᠴᠢᠷ ᠠ᠋ᠴᠠ ᠣᠷᠣᠰᠢᠯ ᠰᠠᠢᠬᠠᠨ ᠪᠣᠯᠪᠠᠯ ᠬᠣᠴᠣᠷᠬᠤ᠂ ᠲᠥᠷᠥᠭᠦᠯᠬᠦ ᠶ᠋ᠢᠨ ᠵᠣᠪᠠᠯᠠᠩ ᠠᠶᠠᠨᠳᠠᠭᠠᠨ ᠠᠷᠢᠯᠵᠤ᠂ ᠡᠬᠡᠨᠡᠷ ᠨᠥᠬᠥᠷ ᠨᠢᠭᠡᠨ ᠵᠡᠷᠭᠡ ᠳᠤᠷ᠎ᠠ ᠬᠠᠨᠵᠤ ᠰᠠᠶᠢ ᠬᠠᠢᠷ᠎ᠠ ᠶ᠋ᠢᠨ ᠪᠠᠯ ᠪᠤᠷᠠᠮ ᠢ᠋ ᠠᠮᠲᠠᠯᠠᠬᠤ ᠪᠥᠯᠥᠭᠡ᠃ ᠪᠡᠶ᠎ᠡ ᠲᠠᠯᠪᠢᠭᠤᠷᠠᠵᠤ᠂ ᠳᠤᠷ᠎ᠠ ᠬᠠᠨᠤᠭᠰᠠᠨ ᠢ᠋ᠶ᠋ᠠᠷ ᠬᠤᠷᠢᠴᠠᠯ ᠤ᠋ᠨ ᠦᠢᠯᠡᠳᠦᠯ ᠬᠠᠷᠠᠬᠠᠨ ᠥᠨᠳᠥᠷᠯᠡᠬᠦ ᠦᠭᠡᠢ᠂ ᠬᠤᠷᠢᠴᠠᠯ ᠡᠬᠢᠯᠡᠭᠰᠡᠨ ᠰᠢᠭ ᠢ᠋ᠶ᠋ᠡᠨ ᠡᠩᠬᠦᠷᠡᠢᠯᠡᠯ ᠬᠠᠢᠷ᠎ᠠ ᠪᠠᠷ ᠲᠡᠭᠦᠰᠬᠦ ᠤᠴᠢᠷᠲᠠᠢ᠃ ᠡᠨᠡ ᠪᠣᠯ ᠲᠡᠭᠦᠨ ᠦ᠌ ᠲᠠᠢᠯᠤᠯ ᠶᠤᠮ᠃ ᠬᠡᠷᠪᠡ ᠡᠷᠡᠭᠲᠡᠢ ᠬᠥᠮᠦᠨ ᠳᠤᠷ᠎ᠠ ᠬᠦᠰᠡᠯ ᠢ᠋ᠶ᠋ᠡᠨ ᠬᠠᠩᠭᠠᠮᠠᠭᠴᠠ ᠪᠤᠷᠤᠭᠤ ᠬᠠᠷᠠᠭᠠᠳ ᠤᠨᠲᠠᠭᠠᠳ ᠥᠭᠪᠡᠯ ᠡᠮᠡᠭᠲᠡᠢ ᠳ᠋ᠦ᠍ ᠶᠠᠮᠠᠷ ᠶᠡᠬᠡ ᠴᠢᠮᠠᠯᠠᠯ ᠲᠠᠢ ᠪᠠᠢᠨ᠎ᠠ᠃ ᠡᠢᠮᠦ ᠳ᠋ᠦ᠍ ᠡᠷᠡᠭᠲᠡᠢ ᠬᠥᠮᠦᠨ ᠨᠣᠢᠷ ᠤ᠋ᠨ ᠠᠶᠠᠨ ᠢᠯᠪᠢᠲᠡᠯᠡ ᠴᠦ᠍᠂ ᠶᠠᠳᠠᠷᠠᠵᠤ ᠲᠠᠮᠢᠷᠳᠠᠭᠰᠠᠨ ᠴᠦ᠍ ᠡᠬᠡᠨᠡᠷ ᠡᠴᠡ ᠪᠡᠨ ᠲᠦᠷᠦᠭᠦᠯᠡᠵᠦ ᠤᠨᠲᠠᠬᠤ ᠦᠭᠡᠢ᠂ ᠲᠡᠭᠦᠨ ᠢ᠋ ᠤᠨᠲᠠᠨ ᠤᠨᠲᠠᠲᠠᠯᠠ ᠨᠢ ᠢᠯᠢᠨ ᠲᠠᠭᠠᠯᠠᠵᠤ ᠢᠨᠠᠭᠯᠠᠨ ᠡᠩᠬᠦᠷᠡᠢᠯᠡᠪᠡᠯ ᠬᠠᠨᠢ ᠶ᠋ᠢᠨ ᠬᠠᠢᠷ᠎ᠠ ᠭᠡᠭᠴᠢ ᠴᠣᠬᠣᠮ ᠡᠨᠡ ᠪᠤᠰᠤ ᠤᠤ! ᠬᠤᠷᠢᠴᠠᠯ ᠤ᠋ᠨ ᠦᠶ᠎ᠡ ᠦᠢᠯᠡᠳᠦᠯ ᠥᠨᠳᠥᠷᠯᠡᠭᠰᠡᠨ ᠦ᠌ ᠳᠠᠷᠠᠭᠠᠬᠢ ᠦᠶ᠎ᠡ ᠨᠢ ᠡᠷᠡᠭᠦᠯ ᠠᠬᠤᠢ ᠶ᠋ᠢᠨ ᠵᠠᠷᠢᠮ ᠭᠡᠮ ᠬᠡᠮᠵᠢᠶ᠎ᠡ ᠶ᠋ᠢ ᠬᠠᠩᠭᠠᠭᠰᠠᠨ ᠪᠠᠢᠬᠤ ᠶ᠋ᠢ ᠱᠠᠭᠠᠷᠳᠠᠨ᠎ᠠ᠃ ᠣᠷᠣᠨ ᠤ᠋ ᠴᠠᠭᠠᠨ ᠬᠡᠷᠡᠭᠯᠡᠯ《ᠪᠣᠬᠢᠷᠳᠠᠬᠤ》᠂ ᠪᠡᠯᠭᠡ ᠡᠷᠬᠡᠲᠡᠨ ᠴᠢᠭᠢᠭ ᠲᠠᠲᠠᠬᠤ ᠵᠡᠷᠭᠡ ᠡᠴᠡ ᠰᠡᠷᠭᠡᠢᠯᠡᠬᠦ ᠶ᠋ᠢᠨ ᠲᠤᠯᠠᠳᠠ ᠵᠣᠷᠢᠭᠤᠯᠤᠯᠲᠠ ᠶ᠋ᠢᠨ ᠠᠯᠴᠢᠭᠤᠷ ᠲᠠᠢ ᠪᠠᠢᠬᠤ ᠶᠣᠰᠣᠲᠠᠢ᠃ ᠲᠡᠭᠦᠨ ᠢ᠋ ᠬᠡᠷᠡᠭᠯᠡᠭᠰᠡᠨ ᠦ᠌ ᠳᠠᠷᠠᠭ᠎ᠠ ᠪᠣᠯᠵᠤ ᠥᠭᠪᠡᠯ ᠤᠬᠢᠶᠠᠵᠤ ᠴᠡᠪᠡᠷᠯᠡᠬᠦ ᠬᠡᠷᠡᠭᠲᠡᠢ ᠶᠦᠮ᠃ ᠡᠨᠡ ᠨᠢ ᠰᠢᠭᠡᠰᠦ᠂ ᠪᠡᠯᠭᠡ ᠶ᠋ᠢᠨ ᠵᠠᠮ ᠢ᠋ᠶ᠋ᠠᠷ ᠶᠠᠩᠵᠤ ᠪᠦᠷᠢ ᠶ᠋ᠢᠨ ᠦᠷᠪᠢᠰᠦᠯ ᠲᠡᠢ ᠡᠪᠡᠳᠴᠢᠨ ᠡᠴᠡ ᠰᠡᠷᠭᠡᠢᠯᠡᠬᠦ ᠠᠴᠢ ᠬᠣᠯᠪᠣᠭᠳᠠᠯ ᠲᠠᠢ᠃《ᠪᠣᠬᠢᠷᠲᠤᠭᠰᠠᠨ》 ᠴᠠᠭᠠᠨ ᠬᠡᠷᠡᠭᠯᠡᠯ ᠳ᠋ᠦ᠍ ᠡᠪ ᠦᠭᠡᠢ ᠦᠨᠦᠷ ᠣᠷᠣᠵᠤ᠂ ᠬᠡᠦᠬᠡᠳ ᠦ᠋ᠨ ᠡᠷᠡᠭᠦᠯ ᠮᠡᠨᠳᠦ ᠳ᠋ᠦ᠍ ᠴᠦ᠍ ᠮᠠᠭᠤ ᠪᠠᠷ ᠨᠥᠯᠥᠭᠡᠯᠡᠨ᠎ᠡ᠃
ᠬᠤᠷᠢᠴᠠᠯ ᠤ᠋ᠨ ᠳᠡᠭᠡᠷ᠎ᠡ ᠳᠤᠷᠠᠳᠤᠭᠰᠠᠨ ᠳᠥᠷᠪᠡᠨ ᠦᠶ᠎ᠡ ᠱᠠᠲᠤ ᠨᠢ ᠡᠮᠡᠭᠲᠡᠢ᠂ ᠡᠷᠡᠭᠲᠡᠢ ᠬᠥᠮᠦᠨ ᠳ᠋ᠦ᠍ ᠲᠤᠰ ᠪᠦᠷᠢ ᠬᠠᠷᠢᠯᠴᠠᠨ ᠠᠳᠠᠯᠢ ᠦᠭᠡᠢ ᠬᠤᠭᠤᠴᠠᠭ᠎ᠠ ᠲᠠᠢ ᠦᠷᠭᠦᠯᠵᠢᠯᠡᠳᠡᠭ ᠤᠴᠢᠷ ᠠ᠋ᠴᠠ ᠬᠤᠭᠤᠴᠠᠭᠠᠨ ᠤ᠋ ᠡᠨᠡᠬᠦ ᠢᠯᠭᠠᠪᠤᠷᠢ ᠶ᠋ᠢ ᠡᠷᠡᠭᠲᠡᠢ ᠬᠥᠮᠦᠨ ᠲᠦᠪᠡᠭ ᠦᠭᠡᠢ ᠠᠷᠢᠯᠭᠠᠵᠤ ᠴᠢᠳᠠᠳᠠᠭ ᠪᠣᠯ ᠰᠠᠢᠨ ᠰᠠᠨ᠃ ᠭᠡᠪᠡᠴᠦ ᠪᠡᠯᠭᠡ ᠶ᠋ᠢᠨ ᠰᠣᠶᠣᠯ ᠬᠥᠮᠦᠵᠢᠯ ᠳᠤᠲᠠᠭᠰᠠᠨ ᠠ᠋ᠴᠠ ᠬᠤᠷᠢᠴᠠᠯ ᠤ᠋ᠨ ᠦᠶ᠎ᠡ ᠱᠠᠲᠤ ᠨᠤᠭᠤᠳ ᠬᠣᠭᠣᠷᠣᠨᠳᠣ ᠪᠠᠨ ᠰᠣᠯᠪᠢᠨ ᠵᠥᠷᠢᠵᠦ᠂ ᠨᠢᠭᠡ ᠨᠢ ᠳᠥᠩᠭᠡᠵᠢ ᠰᠢᠮᠡᠳᠦᠨ(ᠥᠷᠨᠢᠨ) ᠡᠬᠢᠯᠡᠵᠦ ᠪᠠᠢᠬᠤ ᠳ᠋ᠤ᠌ ᠨᠥᠭᠥᠭᠡᠳᠡᠬᠢ ᠨᠢ ᠬᠡᠳᠦᠢᠨᠡᠢ《ᠴᠢᠨᠡᠭᠡ》 ᠪᠡᠨ ᠪᠠᠷᠠᠵᠤ ᠣᠷᠬᠢᠭᠰᠠᠨ ᠪᠠᠢᠬᠤ ᠨᠢ ᠪᠣᠢ᠃ ᠡᠭᠦᠨ ᠦ᠌ ᠤᠯᠠᠮ ᠠ᠋ᠴᠠ ᠡᠮᠡᠭᠲᠡᠢ ᠬᠥᠮᠦᠨ ᠦ᠌ ᠳᠤᠷ᠎ᠠ ᠬᠠᠩᠬᠤ ᠦᠭᠡᠢ ᠬᠣᠴᠣᠷᠴᠤ᠂ ᠡᠨᠡ ᠨᠢ ᠲᠡᠭᠦᠨ ᠦ᠌ ᠵᠣᠪᠠᠭᠤᠷᠢ᠂ ᠰᠢᠨᠠᠯᠠᠭᠠ ᠲᠠᠢ ᠪᠠᠢᠬᠤ ᠲᠡᠳᠦᠢ ᠦᠭᠡᠢ ᠪᠠᠶᠠᠨ ᠳ᠋ᠤᠨᠢ ᠮᠠᠭᠤ ᠪᠠᠷ ᠨᠥᠯᠥᠭᠡᠯᠡᠨ᠎ᠡ᠃ ᠶᠠᠭᠠᠬᠢᠭᠠᠳ ᠭᠡᠪᠡᠯ ᠪᠡᠯᠭᠡ ᠶ᠋ᠢᠨ ᠰᠠᠷᠠᠯ ᠬᠥᠳᠡᠯᠬᠦ ᠦᠶ᠎ᠡ ᠳ᠋ᠦ᠍ ᠡᠮᠡᠭᠲᠡᠢ ᠬᠥᠮᠦᠨ ᠦ᠌ ᠪᠡᠶ᠎ᠡ ᠮᠠᠬᠠᠪᠣᠳ᠂ ᠲᠤᠬᠠᠢᠯᠠᠪᠠᠯ᠂ ᠪᠡᠯᠭᠡ ᠶ᠋ᠢᠨ ᠡᠷᠬᠡᠲᠡᠨ ᠳ᠋ᠦ᠍ ᠶᠡᠬᠡᠬᠡᠨ ᠬᠤᠪᠢᠷᠠᠯ ᠥᠭᠡᠷᠡᠴᠢᠯᠡᠯᠲᠡ ᠭᠠᠷᠳᠠᠭ ᠪᠥᠭᠡᠳ ᠡᠳᠡᠭᠡᠷ ᠨᠢ ᠬᠤᠷᠢᠴᠠᠯ ᠲᠤᠢᠯ᠂ ᠲᠠᠢᠯᠤᠯ ᠳ᠋ᠠᠭᠠᠨ ᠬᠦᠷᠴᠦ ᠴᠢᠳᠠᠭ᠎ᠠ ᠦᠭᠡᠢ ᠶ᠋ᠢᠨ ᠤᠯᠠᠮ ᠠ᠋ᠴᠠ ᠬᠠᠭᠤᠴᠢᠨ ᠬᠡᠪ ᠲᠡᠭᠡᠨ ᠮᠠᠰᠢ ᠠᠭᠠᠵᠢᠮ ᠤᠳᠠᠭᠠᠨ ᠪᠤᠴᠠᠵᠤ ᠣᠷᠣᠳᠠᠭ᠃ ᠢᠩᠭᠢᠵᠦ ᠪᠡᠶ᠎ᠡ ᠶ᠋ᠢᠨ ᠰᠤᠳᠠᠰᠤᠨ ᠳ᠋ᠤ᠌ ᠡᠭᠦᠰᠦᠭᠰᠡᠨ ᠴᠢᠰᠤᠨ ᠳᠦᠭᠦᠷᠦᠯᠲᠡ ᠳ᠋ᠦ᠍ ᠪᠡᠯᠭᠡ ᠡᠷᠬᠡᠲᠡᠨ ᠤᠳᠠᠭᠠᠨ ᠬᠤᠭᠤᠴᠠᠭ᠎ᠠ ᠪᠠᠢᠭᠰᠠᠨ ᠠ᠋ᠴᠠ ᠰᠢᠮ᠎ᠡ ᠲᠡᠵᠢᠭᠡᠯ ᠨᠢ ᠮᠠᠭᠤᠳᠠᠵᠤ᠂ ᠡᠮᠡᠭᠲᠡᠢᠴᠦᠳ ᠦ᠋ᠨ ᠶᠠᠩᠵᠤ ᠪᠦᠷᠢ ᠶ᠋ᠢᠨ ᠡᠪᠡᠳᠴᠢᠨ ᠡᠮᠭᠡᠭ ᠲᠣᠰᠴᠤ ᠪᠣᠯᠬᠤ ᠶᠤᠮ᠃
ᠨᠥᠭᠥᠭᠡᠲᠡᠭᠡᠭᠦᠷ᠂ ᠪᠡᠯᠭᠡ ᠶ᠋ᠢᠨ ᠰᠠᠷᠠᠯ ᠬᠥᠳᠡᠯᠬᠦ ᠳ᠋ᠦ᠍《ᠳᠠᠢᠴᠢᠯᠠᠭᠳᠠᠭᠰᠠᠨ》 ᠡᠷᠴᠢᠮ ᠬᠦᠴᠦ᠂ ᠡᠨᠧᠷᠭᠢ ᠨᠢ ᠳᠤᠷ᠎ᠠ ᠬᠠᠩᠬᠤ ᠮᠡᠳᠡᠷᠡᠮᠵᠢ ᠪᠡᠷ《ᠲᠠᠢᠯᠤᠭᠳᠠᠬᠤ》 ᠤᠴᠢᠷ ᠲᠠᠢ ᠪᠠᠢᠳᠠᠭ᠃ ᠭᠡᠲᠡᠯ᠎ᠡ ᠳᠤᠷ᠎ᠠ ᠬᠠᠩᠬᠤ ᠦᠭᠡᠢ ᠬᠣᠴᠣᠷᠤᠭᠠᠳ ᠪᠠᠢᠪᠠᠯ ᠶᠠᠪᠤᠭᠠᠨ ᠳ᠋ᠠᠭᠠᠨ ᠳᠠᠷᠤᠯᠲᠠ ᠶᠡᠬᠡᠳᠬᠦ᠂ ᠪᠡᠯᠭᠡ ᠡᠷᠬᠡᠲᠡᠨ ᠳ᠋ᠦ᠍ ᠴᠢᠰᠤ ᠵᠣᠭᠰᠣᠩᠭᠢᠷᠠᠬᠤ᠂ ᠬᠣᠳᠣᠭᠣᠳᠣ ᠭᠡᠳᠡᠰᠦᠨ ᠦ᠌ ᠰᠢᠷᠬᠠᠯᠠᠭ᠎ᠠ ᠡᠭᠦᠰᠬᠡᠬᠦ ᠳ᠋ᠦ᠍ ᠬᠦᠷᠭᠡᠵᠦ ᠪᠣᠯᠤᠨ᠎ᠠ᠃ ᠡᠨᠡ ᠪᠣᠯ ᠵᠥᠪᠬᠡᠨ ᠪᠡᠶ᠎ᠡ ᠳ᠋ᠦ᠍ ᠤᠴᠠᠷᠠᠭᠤᠯᠬᠤ ᠬᠣᠣᠷ ᠤᠷᠰᠢᠭ ᠶᠤᠮ᠃ ᠡᠭᠦᠨ ᠦ᠌ ᠴᠠᠭᠠᠨ᠎ᠠ ᠰᠡᠳᠬᠢᠯ ᠦ᠋ᠨ ᠰᠢᠨᠠᠯᠤᠯ ᠭᠡᠵᠦ ᠪᠠᠰᠠ ᠪᠠᠢᠨ᠎ᠠ᠃ ᠳᠤᠷ᠎ᠠ ᠬᠠᠩᠬᠤ ᠦᠭᠡᠢ ᠡᠴᠡ ᠡᠮᠡᠭᠲᠡᠢ ᠬᠥᠮᠦᠨ ᠠᠭᠤᠷ ᠤᠴᠠᠭᠠᠷ ᠲᠠᠢ᠂ ᠶᠠᠭᠠᠷᠠᠮᠠᠲᠠᠭᠠᠢ ᠪᠣᠯᠬᠤ᠂ ᠨᠣᠢᠷ ᠬᠤᠯᠵᠢᠬᠤ᠂ ᠲᠣᠯᠣᠭᠠᠢ ᠡᠪᠡᠳᠬᠦ᠂ ᠠᠵᠢᠯ ᠠᠮᠢᠳᠤᠷᠠᠯ ᠳ᠋ᠤ᠌ ᠰᠣᠨᠢᠷᠬᠠᠯ ᠪᠠᠭᠤᠷᠠᠬᠤ ᠵᠡᠷᠭᠡ ᠬᠢᠮᠤᠷᠠᠯ ᠡᠭᠦᠰᠴᠦ ᠪᠣᠯᠤᠨ᠎ᠠ᠃ ᠭᠡᠪᠡᠴᠦ ᠳᠤᠷ᠎ᠠ ᠬᠠᠩᠬᠤ ᠦᠭᠡᠢ ᠬᠣᠴᠣᠷᠤᠭᠰᠠᠨ ᠠ᠋ᠴᠠ ᠤᠴᠠᠷᠠᠬᠤ ᠬᠣᠣᠷ ᠤᠷᠰᠢᠭ ᠢ᠋ ᠬᠡᠲᠦᠷᠡᠭᠦᠯᠦᠨ ᠦᠨᠡᠯᠡᠵᠦ ᠪᠠᠰᠠ ᠪᠣᠯᠬᠤ ᠦᠭᠡᠢ᠂ ᠶᠠᠮᠠᠷ ᠴᠦ᠍ ᠠᠲᠤᠭᠠᠢ ᠳᠤᠷ᠎ᠠ ᠬᠠᠩᠬᠤ ᠮᠡᠳᠡᠷᠡᠮᠵᠢ ᠡᠮᠡᠭᠲᠡᠢ ᠬᠥᠮᠦᠨ ᠳ᠋ᠦ᠍ ᠶᠡᠬᠡ ᠴᠢᠬᠤᠯᠠ ᠭᠡᠳᠡᠭ ᠢ᠋ ᠮᠠᠷᠲᠠᠵᠤ ᠪᠣᠯᠬᠤ ᠦᠭᠡᠢ᠃ ᠰᠡᠳᠬᠢᠯ ᠦ᠋ᠨ ᠬᠥᠳᠡᠯᠭᠡᠭᠡᠨ ᠪᠠᠭ᠎ᠠ ᠲᠠᠢ ᠡᠮᠡᠭᠲᠡᠢ ᠬᠥᠮᠦᠨ ᠦ᠌ ᠬᠤᠪᠢ ᠳ᠋ᠤ᠌ ᠳᠤᠷ᠎ᠠ ᠬᠠᠩᠬᠤ ᠦᠭᠡᠢ ᠬᠣᠴᠣᠷᠬᠤ ᠨᠢ ᠲᠡᠭᠦᠨ ᠦ᠌ ᠪᠡᠶ᠎ᠡ ᠳ᠋ᠦ᠍ ᠲᠡᠢᠮᠦ ᠴᠦ᠍ ᠶᠡᠬᠡ ᠬᠣᠣᠷ ᠬᠥᠨᠥᠭᠡᠯ ᠤᠴᠠᠷᠠᠭᠤᠯᠬᠤ ᠦᠭᠡᠢ ᠪᠠᠢᠵᠤ ᠪᠣᠯᠤᠨ᠎ᠠ᠃ ᠳᠤᠷ᠎ᠠ ᠬᠠᠩᠬᠤᠢ ᠶ᠋ᠢᠨ ᠪᠢᠣᠯᠣᠭᠢ ᠶ᠋ᠢᠨ ᠠᠴᠢ ᠬᠣᠯᠪᠣᠭᠳᠠᠯ ᠨᠢ ᠪᠡᠯᠭᠡ ᠶ᠋ᠢᠨ ᠠᠮᠢᠳᠤᠷᠠᠯ ᠤ᠋ᠨ ᠠᠭᠤᠯᠭ᠎ᠠ ᠶ᠋ᠢ ᠪᠠᠶᠠᠵᠢᠭᠤᠯᠵᠤ᠂ ᠡᠮᠡᠭᠲᠡᠢ ᠬᠥᠮᠦᠨ ᠡᠷᠡᠭᠲᠡᠢ ᠬᠥᠮᠦᠨ ᠲᠡᠢ ᠨᠢᠭᠡᠨ ᠠᠳᠠᠯᠢ ᠰᠡᠳᠬᠢᠯ ᠬᠠᠨᠤᠮᠵᠢ ᠲᠠᠢ ᠪᠠᠢᠬᠤ ᠳ᠋ᠤ᠌ ᠲᠤᠰᠠᠯᠠᠨ᠎ᠠ᠃ ᠡᠮᠡᠭᠲᠡᠢ ᠬᠥᠮᠦᠨ ᠦ᠌ ᠳᠤᠷ᠎ᠠ ᠬᠠᠩᠬᠤ ᠮᠡᠳᠡᠷᠡᠮᠵᠢ ᠨᠢ ᠡᠷᠡᠭᠲᠡᠢ ᠬᠥᠮᠦᠨ ᠦ᠌ ᠬᠢ ᠡᠴᠡ ᠢᠯᠭᠠᠭ᠎ᠠ ᠲᠠᠢ᠃ ᠲᠤᠬᠠᠢᠯᠠᠪᠠᠯ᠂ ᠣᠷᠣ ᠳᠤᠤᠭᠠᠷᠬᠤ᠂ ᠬᠠᠵᠠᠭᠤ ᠥᠷᠥᠭᠡᠨ ᠳ᠋ᠦ᠍ ᠬᠥᠮᠦᠨ ᠦ᠌ ᠳᠠᠭᠤ ᠭᠠᠷᠬᠤ᠂ ᠭᠤᠳᠤᠮᠵᠢᠨ ᠤ᠋ ᠳᠠᠭᠤ ᠴᠢᠮᠡᠭᠡ ᠱᠤᠤᠭᠢᠶᠠᠨ᠂ ᠤᠲᠠᠰᠤ ᠳᠤᠤᠭᠠᠷᠬᠤ᠂ ᠬᠡᠦᠬᠡᠳ ᠤᠬᠢᠯᠠᠬᠤ᠂ ᠬᠤᠷᠴᠠ ᠭᠡᠷᠡᠯ ᠵᠡᠷᠭᠡ ᠳ᠋ᠦ᠍ ᠠᠮᠠᠷᠬᠠᠨ ᠰᠠᠷᠨᠢᠳᠠᠭ᠃ ᠲᠡᠢᠮᠦ ᠡᠴᠡ ᠡᠷ᠎ᠡ ᠡᠮ᠎ᠡ ᠬᠣᠶᠠᠷ ᠪᠡᠶ᠎ᠡ ᠪᠡᠶ᠎ᠡ ᠪᠡᠨ ᠬᠦᠰᠡᠮᠵᠢᠯᠡᠬᠦ ᠳ᠋ᠡᠭᠡᠨ ᠠᠶᠠᠲᠠᠢᠬᠠᠨ ᠨᠥᠬᠥᠴᠡᠯ ᠪᠦᠷᠢᠯᠳᠦᠭᠦᠯᠵᠦ᠂ ᠰᠣᠨᠣᠰᠬᠤ᠂ ᠦᠵᠡᠬᠦ᠂ ᠦᠨᠦᠷᠯᠡᠬᠦ᠂ ᠢᠯᠢᠬᠦ᠂ ᠠᠮᠰᠠᠨ ᠪᠠᠶᠠᠷᠯᠠᠬᠤ ᠲᠠᠪᠤᠨ ᠮᠡᠳᠡᠷᠡᠬᠦᠢ ᠶ᠋ᠢᠨ ᠲᠠᠭᠠᠯᠠᠯ ᠢ᠋ᠶ᠋ᠠᠷ ᠬᠤᠷᠢᠴᠠᠯ ᠦᠢᠯᠡᠳᠬᠦ ᠨᠢ ᠳᠤᠷ᠎ᠠ ᠬᠠᠩᠬᠤ ᠦᠭᠡᠢ ᠬᠣᠴᠣᠷᠬᠤ ᠠ᠋ᠴᠠ ᠰᠡᠷᠭᠡᠢᠯᠡᠬᠦ ᠠᠴᠢ ᠬᠣᠯᠪᠣᠭᠳᠠᠯ ᠲᠠᠢ᠃ ᠲᠡᠭᠡᠬᠦ ᠳ᠋ᠦ᠍ ᠡᠷᠡᠭᠲᠡᠢ ᠬᠥᠮᠦᠨ ᠦ᠌ ᠬᠤᠪᠢ ᠳ᠋ᠤ᠌ ᠨᠢᠳᠦ ᠪᠡᠷ ᠢ᠋ᠶ᠋ᠡᠨ ᠬᠠᠷᠠᠵᠤ ᠭᠠᠷ ᠢ᠋ᠶ᠋ᠠᠷ ᠢ᠋ᠶ᠋ᠠᠨ ᠬᠦᠷᠦᠯᠴᠡᠵᠦ᠂ ᠮᠡᠳᠡᠷᠡᠵᠦ ᠪᠠᠢᠭ᠎ᠠ ᠪᠦᠬᠦᠨ ᠰᠠᠷᠠᠯ ᠡᠭᠦᠰᠬᠡᠳᠡᠭ ᠪᠣᠯ ᠡᠮᠡᠭᠲᠡᠢ ᠬᠥᠮᠦᠨ ᠳ᠋ᠦ᠍ ᠴᠢᠬᠢ ᠪᠡᠷ ᠢ᠋ᠶ᠋ᠡᠷ ᠰᠣᠨᠣᠰᠴᠤ ᠪᠠᠢᠭ᠎ᠠ ᠨᠢ ᠢᠯᠡᠭᠦᠦ ᠲᠠᠭᠠᠯᠠᠮᠵᠢᠲᠠᠢ ᠪᠠᠢᠨ᠎ᠠ᠃ ᠡᠭᠦᠨ ᠦ᠌ ᠤᠴᠢᠷ ᠨᠢ ᠡᠷᠡᠭᠲᠡᠢ ᠬᠥᠮᠦᠨ ᠨᠢᠳᠦ ᠪᠡᠷ ᠢ᠋ᠶ᠋ᠡᠨ᠂ ᠡᠮᠡᠭᠲᠡᠢ ᠬᠥᠮᠦᠨ ᠴᠢᠬᠢ ᠪᠡᠷ ᠢ᠋ᠶ᠋ᠡᠨ 《ᠳᠠᠭᠠᠯᠠᠳᠠᠭ》 ᠲᠤ᠌ ᠣᠷᠣᠰᠢᠨ᠎ᠠ᠃ ᠡᠢᠮᠦ ᠡᠴᠡ ᠡᠷᠡᠭᠲᠡᠢ ᠬᠥᠮᠦᠨ ᠬᠣᠷᠸ᠎ᠠ ᠳ᠋ᠤ᠌ ᠲᠦᠰᠢᠭᠰᠡᠨ ᠬᠠᠨᠢ ᠲᠠᠢ ᠪᠠᠨ ᠡᠩᠭᠡᠷ ᠵᠥᠷᠢᠭᠦᠯᠬᠦ ᠳ᠋ᠡᠭᠡᠨ ᠲᠡᠭᠦᠨ ᠦ᠌ ᠳᠤᠷ᠎ᠠ ᠶ᠋ᠢ ᠬᠥᠳᠡᠯᠭᠡᠭᠰᠡᠨ᠂ ᠭᠡᠵᠢᠭᠡᠳᠡᠭᠰᠡᠨ ᠦᠭᠡ᠂ ᠥᠩᠭᠡ ᠠᠪᠢᠶ᠎ᠠ ᠭᠠᠷᠭᠠᠬᠤ ᠨᠢ ᠵᠦᠭᠡᠷ᠃ ᠡᠨᠡ ᠪᠣᠯ ᠬᠠᠢᠷ᠎ᠠ ᠶ᠋ᠢᠨ ᠤᠶᠠᠩᠭ᠎ᠠ ᠡᠬᠡᠰᠢᠭ ᠪᠥᠭᠡᠳ ᠲᠡᠭᠦᠨ ᠢ᠋ ᠬᠣᠶᠠᠷ ᠲᠣᠮᠣ ᠪᠦᠯᠦᠭ ᠲᠦ᠍ ᠬᠤᠪᠢᠶᠠᠳᠠᠭ᠃ ᠡᠬᠢᠨ ᠦ᠌ ᠬᠢᠨᠢ ᠳᠤᠷ᠎ᠠ ᠬᠥᠳᠡᠯᠭᠡᠬᠦ《ᠥᠪᠡᠷᠮᠢᠴᠡ》 ᠦᠭᠡᠰ ᠢ᠋ ᠢᠯᠢᠨ ᠲᠠᠭᠠᠯᠠᠵᠤ᠂ ᠲᠡᠪᠡᠷᠢᠨ ᠦᠨᠦᠰᠴᠦ ᠪᠠᠢᠬᠤ ᠳ᠋ᠠᠭᠠᠨ ᠴᠢᠬᠢᠨ ᠳ᠋ᠦ᠍ᠨᠢ ᠰᠣᠨᠣᠰᠤᠭᠳᠠᠬᠤᠢᠴᠠ ᠰᠢᠪᠡᠨᠡᠨ ᠥᠭᠦᠯᠡᠬᠦᠢ᠂ ᠨᠥᠭᠥᠭᠡᠳᠡᠬᠢ ᠨᠢ ᠦᠭᠡ ᠬᠡᠯᠡᠬᠦ ᠦᠭᠡᠢ ᠪᠡᠷ ᠤᠶᠠᠷᠠᠯ ᠬᠠᠢᠷ᠎ᠠ ᠪᠠᠨ ᠡᠭᠡᠰᠢᠭᠯᠡᠬᠦᠢ ᠪᠣᠯᠠᠢ᠃ ᠤᠶᠠᠷᠠᠯ ᠬᠠᠢᠷ᠎ᠠ ᠪᠠᠨ ᠰᠢᠪᠡᠨᠡᠨ ᠥᠭᠦᠯᠡᠬᠦ ᠨᠢ ᠵᠢᠷ ᠦ᠋ᠨ ᠦᠶ᠎ᠡ ᠳ᠋ᠦ᠍ ᠬᠥᠮᠦᠨ ᠦ᠌ ᠠᠮᠠᠨ ᠠ᠋ᠴᠠ ᠪᠠᠭᠲᠠᠵᠤ ᠭᠠᠷᠤᠮ᠎ᠠ ᠦᠭᠡᠢ《ᠡᠪ ᠦᠭᠡᠢ》 ᠦᠭᠡ ᠬᠡᠯᠡᠬᠦ ᠪᠤᠶᠤ ᠡᠰᠡᠪᠡᠯ《ᠬᠠᠢᠷᠠᠲᠤ ᠮᠢᠨᠢ᠂ ᠴᠢ ᠶᠠᠭᠠᠬᠢᠭᠰᠠᠨ ᠰᠠᠢᠬᠠᠨ ᠶᠤᠮ ᠪᠣᠢ! ᠴᠢᠮ᠎ᠠ ᠳ᠋ᠠᠭᠠᠨ ᠪᠢ ᠬᠠᠢᠷᠠᠲᠠᠢ》 ᠭᠡᠬᠦ ᠮᠡᠲᠦ ᠢᠨᠠᠭ ᠠᠮᠠᠷᠠᠭ ᠤ᠋ᠨ ᠤᠶᠠᠨ ᠦᠭᠡ ᠬᠡᠯᠡᠯᠭᠡ ᠬᠡᠷᠡᠭᠯᠡᠬᠦ ᠪᠠᠢᠳᠠᠭ ᠢ᠋ᠶ᠋ᠠᠷ ᠢᠯᠡᠷᠡᠨ᠎ᠡ᠃ ᠠᠯᠢ ᠴᠦ᠍ ᠤᠯᠤᠰ ᠦᠨᠳᠦᠰᠦᠲᠡᠨ ᠦ᠌ ᠠᠮᠠᠨ ᠶᠠᠷᠢᠶᠠᠨ ᠳ᠋ᠤ᠌ ᠬᠤᠷᠢᠴᠠᠯ ᠬᠤᠶᠠᠯᠢ ᠶ᠋ᠢᠨ ᠦᠢᠯᠡᠳᠦᠯ ᠲᠡᠢ ᠬᠣᠯᠪᠣᠭ᠎ᠠ ᠲᠠᠢ ᠤᠷᠢᠨ ᠲᠠᠴᠢᠶᠠᠩᠭᠤᠢ ᠶ᠋ᠢ ᠢᠯᠡᠷᠬᠡᠢᠯᠡᠭᠰᠡᠨ ᠦᠭᠡ ᠬᠡᠯᠡᠯᠭᠡ ᠪᠠᠢᠳᠠᠭ ᠪᠥᠭᠡᠳ ᠲᠡᠳᠡᠭᠡᠷ ᠨᠢ ᠭᠣᠣᠯᠳᠠᠭᠤ ᠬᠠᠷᠢᠶᠠᠯ ᠤ᠋ᠨ ᠦᠭᠡ ᠰᠢᠭ ᠭᠠᠭᠴᠠ ᠦᠶ᠎ᠡ ᠪᠣᠭᠣᠨᠢᠬᠠᠨ ᠦᠭᠡᠰ ᠪᠠᠢᠳᠠᠭ᠃ ᠶᠡᠷᠦᠨᠢ ᠬᠤᠷᠢᠴᠠᠯ ᠤ᠋ᠨ ᠦᠶ᠎ᠡ ᠳ᠋ᠦ᠍ ᠡᠬᠡᠨᠡᠷ ᠨᠥᠬᠥᠷ ᠬᠣᠶᠠᠷ ᠬᠡᠯᠡ ᠦᠭᠡᠢ ᠶᠦᠮ ᠰᠢᠭ ᠳᠤᠭᠤᠢ ᠪᠠᠢᠭᠰᠠᠨ ᠤ᠋ ᠣᠷᠣᠨ ᠳ᠋ᠤ᠌ ᠬᠡᠨ ᠬᠡᠨ ᠳ᠋ᠡᠭᠡᠨ ᠲᠠᠭᠠᠯᠠᠮᠵᠢᠲᠠᠢ᠂ ᠳᠤᠷ᠎ᠠ ᠬᠥᠳᠡᠯᠭᠡᠬᠦ ᠦᠭᠡ ᠰᠢᠪᠡᠨᠡᠨ ᠥᠭᠦᠯᠡᠬᠦ ᠨᠢ ᠡᠭᠦᠯᠡ ᠪᠣᠷᠣᠭᠠᠨ ᠤ᠋ ᠶᠠᠪᠤᠳᠠᠯ ᠢ᠋ ᠤᠯᠠᠮ ᠴᠦ᠍ ᠴᠢᠮᠡᠨ᠎ᠡ᠃
ᠬᠠᠨᠢᠯᠠᠭᠰᠠᠨ ᠬᠣᠶᠠᠷ ᠵᠥᠪᠬᠡᠨ ᠦᠷ᠎ᠡ ᠬᠡᠦᠬᠡᠳ ᠲᠡᠢ ᠪᠣᠯᠬᠤ ᠶ᠋ᠢᠨ ᠲᠤᠯᠠᠳᠠ ᠲᠡᠳᠦᠢ ᠦᠭᠡᠢ ᠪᠠᠰᠠ ᠴᠡᠩᠭᠡᠨ ᠵᠢᠷᠭᠠᠬᠤ ᠶ᠋ᠢᠨ ᠲᠤᠯᠠᠳᠠ ᠠᠮᠢᠳᠤ ᠶ᠋ᠢᠨ ᠵᠢᠷᠭᠠᠯ ᠡᠳ᠋ᠯᠡᠬᠦ ᠶ᠋ᠢᠨ ᠲᠤᠯᠠᠳᠠ ᠡᠩᠭᠡᠷ ᠵᠥᠷᠢᠭᠦᠯᠳᠡᠭ ᠪᠢᠯᠡ᠃ ᠲᠡᠢᠮᠦ ᠡᠴᠡ ᠲᠡᠭᠦᠨ ᠦ᠌ ᠦᠷᠭᠦᠯᠵᠢᠯᠡᠬᠦ ᠬᠤᠭᠤᠴᠠᠭ᠎ᠠ ᠶ᠋ᠢ ᠠᠯᠢ ᠪᠣᠯᠬᠣᠷ ᠤᠷᠲᠤᠰᠬᠠᠬᠤ ᠶ᠋ᠢ ᠬᠢᠴᠢᠶᠡᠬᠦ ᠡᠴᠡ ᠪᠢᠰᠢ ᠪᠤᠰᠢᠭᠤᠬᠠᠨ ᠰᠢᠭ᠋ ᠳᠠᠭᠤᠰᠬᠠᠬᠤ ᠶ᠋ᠢ ᠬᠡᠨ ᠴᠦ᠍ ᠬᠦᠰᠡᠬᠦ ᠦᠭᠡᠢ ᠨᠢ ᠣᠢᠯᠠᠭᠠᠮᠵᠢᠲᠠᠢ᠃ ᠢᠯᠠᠩᠭᠤᠶ᠎ᠠ ᠡᠷᠡᠭᠲᠡᠢ ᠬᠥᠮᠦᠨ ᠡᠬᠡᠨᠡᠷ ᠦ᠋ᠨ ᠢ᠋ᠶ᠋ᠡᠨ ᠳᠤᠷ᠎ᠠ ᠬᠠᠩᠬᠤ ᠬᠦᠷᠲᠡᠯ᠎ᠡ ᠬᠤᠷᠢᠴᠠᠯ ᠤ᠋ᠨ ᠦᠢᠯᠡᠳᠦᠯ ᠢ᠋ᠶ᠋ᠡᠨ ᠤᠷᠲᠤᠰᠬᠠᠵᠤ ᠴᠢᠳᠠᠳᠠᠭ ᠡᠷᠳᠡᠮᠲᠡᠢ ᠪᠣᠯ ᠵᠦᠭᠡᠷ᠃ ᠵᠠᠷᠢᠮ ᠡᠷᠡᠴᠦᠦᠯ ᠡᠨᠡᠬᠦ ᠴᠡᠩᠭᠡᠯ ᠢ᠋ᠶ᠋ᠡᠨ ᠤᠷᠲᠤᠰᠬᠠᠬᠤ ᠶ᠋ᠢᠨ ᠲᠤᠯᠠᠳᠠ ᠠᠵᠢᠯ ᠲᠥᠷᠥᠯ ᠢ᠋ᠶ᠋ᠡᠨ ᠪᠣᠳᠣᠵᠤ ᠠᠩᠬᠠᠷᠤᠯ ᠢ᠋ᠶ᠋ᠠᠨ ᠵᠣᠷᠢᠭᠤᠳᠠ ᠥᠭᠡᠷ᠎ᠡ ᠲᠠᠰᠢ ᠪᠠᠨ ᠬᠠᠨᠳᠤᠭᠤᠯᠬᠤ ᠨᠢ ᠡᠴᠦᠰ ᠲᠡᠭᠡᠨ ᠮᠠᠭᠤ ᠪᠠᠷ ᠨᠥᠯᠥᠭᠡᠯᠡᠵᠦ ᠪᠡᠯᠭᠡ ᠶ᠋ᠢᠨ ᠰᠤᠯᠠᠷᠠᠯ ᠡᠭᠦᠰᠬᠡᠵᠦ ᠪᠣᠯᠬᠤ ᠠᠶᠤᠯᠲᠠᠢ ᠶ᠋ᠢ ᠠᠩᠬᠠᠷ᠃
ᠬᠤᠷᠢᠴᠠᠯ ᠤ᠋ᠨ ᠦᠢᠯᠡᠳᠦᠯ ᠦᠷᠭᠦᠯᠵᠢᠯᠡᠬᠦ ᠬᠤᠭᠤᠴᠠᠭ᠎ᠠ ᠶ᠋ᠢ ᠤᠷᠲᠤᠰᠬᠠᠬᠤ ᠲᠤᠰᠬᠠᠢ ᠠᠷᠭᠠᠴᠠᠭᠠᠯᠠᠯ ᠢ᠋ ᠠᠮᠧᠷᠢᠺᠠ ᠶ᠋ᠢᠨ ᠨᠡᠷ᠎ᠡ ᠳ᠋ᠦ᠍ ᠭᠠᠷᠤᠭᠰᠠᠨ ᠪᠡᠯᠭᠡ ᠶ᠋ᠢᠨ ᠡᠮᠭᠡᠭ ᠰᠤᠳᠤᠯᠤᠭᠴᠢ ᠡᠮᠴᠢ ᠣ· ᠮᠰᠲᠸᠷᠰ᠂ ᠦ᠋ᠨ· ᠳ᠋ᠵᠤᠨᠰᠣᠨ ᠨᠠᠷ ᠪᠣᠯᠪᠠᠰᠤᠷᠠᠭᠤᠯᠤᠭᠰᠠᠨ ᠪᠠᠢᠳᠠᠭ᠃ ᠡᠭᠦᠨ ᠢ᠋ ᠪᠢᠳᠡ ᠱᠠᠭᠠᠷᠳᠠᠯᠭ᠎ᠠ ᠲᠠᠢ ᠬᠥᠮᠦᠨ ᠳ᠋ᠦ᠍ ᠬᠡᠯᠡᠵᠦ ᠵᠥᠪᠯᠡᠳᠡᠭ᠃ ᠡᠮᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠬᠦᠰᠡᠯ ᠬᠠᠩᠬᠤ ᠳ᠋ᠤ᠌ ᠬᠤᠷᠢᠴᠠᠯ ᠤ᠋ᠨ ᠦᠷᠭᠦᠯᠵᠢᠯᠡᠬᠦ ᠬᠤᠭᠤᠴᠠᠭ᠎ᠠ ᠨᠡᠩ ᠴᠢᠬᠤᠯᠠ ᠡᠭᠦᠷᠭᠡ ᠲᠡᠢ᠃ ᠶᠡᠷᠦᠨᠢ ᠬᠤᠷᠢᠴᠠᠯ ᠬᠡᠳᠦᠢ ᠴᠢᠨᠡᠭᠡ ᠬᠤᠷᠳᠤᠨ ᠪᠣᠯᠵᠤ ᠥᠩᠭᠡᠷᠡᠨ᠎ᠡ᠂ ᠲᠡᠳᠦᠢ ᠴᠢᠨᠡᠭᠡ ᠡᠮᠡᠭᠲᠡᠢ ᠬᠥᠮᠦᠨ ᠦ᠌ ᠳᠤᠷ᠎ᠠ ᠬᠠᠩᠬᠤ ᠦᠭᠡᠢ ᠬᠣᠴᠣᠷᠤᠨ᠎ᠠ᠃ ᠬᠡᠷᠪᠡ ᠡᠷᠡᠭᠲᠡᠢ ᠬᠥᠮᠦᠨ ᠬᠤᠷᠢᠴᠠᠯ ᠢ᠋ ᠨᠢᠭᠡ ᠮᠢᠨᠦ᠋ᠲ ᠡᠴᠡ ᠤᠳᠠᠭᠠᠨ ᠦᠢᠯᠡᠳᠴᠦ ᠴᠢᠳᠠᠬᠤ ᠦᠭᠡᠢ ᠪᠣᠯ ᠦᠷ᠎ᠡ ᠰᠢᠩᠭᠡᠨ ᠢ᠋ᠶ᠋ᠡᠨ ᠬᠤᠷᠳᠤᠨ ᠠᠯᠳᠠᠵᠤ ᠪᠠᠢᠨ᠎ᠠ ᠭᠡᠵᠦ ᠦᠵᠡᠨ᠎ᠡ᠃ ᠡᠨᠳᠡ ᠬᠤᠷᠢᠴᠠᠯ ᠤ᠋ᠨ ᠦᠷᠭᠦᠯᠵᠢᠯᠡᠬᠦ ᠬᠤᠭᠤᠴᠠᠭ᠎ᠠ ᠶᠠᠮᠠᠷ ᠪᠠᠢᠬᠤ ᠶ᠋ᠢ ᠬᠡᠪ ᠦ᠋ᠨ ᠭᠡᠬᠦ ᠪᠣᠢ? ᠭᠡᠰᠡᠨ ᠠᠰᠠᠭᠤᠯᠲᠠ ᠵᠦᠢ ᠶᠣᠰᠣᠭᠠᠷ ᠭᠠᠷᠴᠤ ᠢᠷᠡᠨ᠎ᠡ᠃
ᠶᠡᠬᠡᠩᠬᠢ ᠡᠷ᠎ᠡ ᠡᠮ᠎ᠡ ᠶ᠋ᠢᠨ ᠰᠤᠳᠤᠯᠤᠭᠴᠢᠳ ᠡᠭᠦᠨ ᠢ᠋ ᠬᠣᠶᠠᠷ ᠮᠢᠨᠦ᠋ᠲ ᠪᠠᠢᠪᠠᠯ ᠬᠡᠪ ᠦ᠋ᠨ ᠭᠡᠵᠦ ᠦᠵᠡᠳᠡᠭ᠃ ᠭᠡᠪᠡᠴᠦ ᠡᠨᠡ ᠬᠤᠭᠤᠴᠠᠭ᠎ᠠ ᠡᠮᠡᠭᠲᠡᠢ ᠬᠥᠮᠦᠨ ᠳ᠋ᠦ᠍ ᠳᠡᠩᠳᠡᠭᠦᠦ ᠪᠣᠭᠣᠨᠢ ᠣᠬᠣᠷᠬᠠᠨ ᠪᠠᠢᠵᠤ ᠪᠣᠯᠤᠨ᠎ᠠ᠃ ᠡᠮᠡᠭᠲᠡᠢ ᠶ᠋ᠢᠨ ᠳᠤᠷ᠎ᠠ ᠬᠦᠰᠡᠯ ᠬᠠᠩᠬᠤ ᠳ᠋ᠤ᠌ ᠨᠠᠢ᠍ᠮᠠᠨ ᠮᠢᠨᠦ᠋ᠲ ᠬᠡᠷᠡᠭᠲᠡᠢ ᠪᠠᠢᠳᠠᠭ ᠢ᠋ ᠰᠤᠳᠤᠯᠤᠭᠴᠢᠳ ᠲᠣᠭᠲᠠᠭᠠᠵᠤ ᠪᠠᠢᠨ᠎ᠠ᠃ ᠭᠡᠬᠦ ᠳ᠋ᠡᠭᠡᠨ ᠵᠢᠷᠭᠤᠭᠠᠨ ᠮᠢᠨᠦ᠋ᠲ ᠢ᠋ ᠡᠬᠡᠨᠡᠷ ᠢ᠋ᠶ᠋ᠡᠨ ᠡᠩᠬᠦᠷᠡᠢᠯᠡᠨ ᠲᠠᠭᠠᠯᠠᠬᠤ ᠶᠣᠰᠣᠲᠠᠢ ᠶ᠋ᠢ ᠮᠠᠷᠲᠠᠵᠤ ᠪᠣᠯᠬᠤ ᠦᠭᠡᠢ᠃ ᠭᠡᠲᠡᠯ᠎ᠡ ᠡᠷᠡᠴᠦᠳ ᠬᠤᠷᠢᠴᠠᠯ ᠢ᠋《ᠣᠷᠣᠰᠢᠯ》 ᠦᠭᠡᠢ ᠬᠠᠮ ᠬᠣᠮ ᠦᠢᠯᠡᠳᠦᠭᠰᠡᠨ ᠡᠴᠡ ᠡᠬᠡᠨᠡᠷ ᠡᠴᠡ ᠪᠡᠨ ᠲᠦᠷᠦᠭᠦᠯᠡᠵᠦ ᠳᠤᠷ᠎ᠠ ᠬᠠᠩᠬᠤ ᠨᠢ ᠣᠨᠴᠠ ᠦᠭᠡᠢ᠃ ᠡᠢᠮᠦ ᠳ᠋ᠦ᠍ ᠡᠬᠡᠨᠡᠷ ᠢ᠋ᠶ᠋ᠡᠨ ᠪᠣᠯᠤᠭ᠎ᠠ ᠦᠭᠡᠢ ᠪᠠᠢᠬᠤ ᠳ᠋ᠤ᠌ ᠨᠢ《ᠴᠢᠨᠡᠭᠡ》 ᠪᠡᠨ ᠪᠠᠷᠠᠵᠤ ᠣᠷᠬᠢᠭᠰᠠᠨ ᠳ᠋ᠤ᠌ ᠰᠡᠳᠬᠢᠯ ᠨᠢ ᠭᠣᠩᠰᠣᠢᠵᠤ ᠳᠠᠬᠢᠨ ᠣᠢᠷᠠᠳᠬᠤ ᠶ᠋ᠢ ᠬᠦᠰᠡᠪᠡᠴᠦ ᠬᠢᠰᠠᠭᠠᠨ ᠲᠠᠢ ᠶᠤᠮ ᠰᠢᠭ᠋ ᠲᠡᠷᠡ ᠪᠦᠷᠢ ᠶ᠋ᠢᠨ ᠰᠠᠨᠠᠭᠰᠠᠨ ᠢ᠋ᠶ᠋ᠠᠷ ᠪᠣᠯᠬᠤ ᠦᠭᠡᠢ᠃ ᠡᠭᠦᠨ ᠢ᠋ ᠶᠠᠭᠤᠲᠠᠢ ᠬᠣᠯᠪᠣᠨ ᠦᠵᠡᠬᠦ ᠪᠣᠢ? ᠡᠷᠡᠭᠲᠡᠢ ᠬᠥᠮᠦᠨ ᠳᠤᠷ᠎ᠠ ᠬᠠᠨᠵᠤ᠂ ᠪᠡᠶ᠎ᠡ ᠲᠠᠯᠪᠢᠭᠤᠷᠠᠭᠰᠠᠨ ᠤ᠋ ᠳᠠᠷᠠᠭ᠎ᠠ ᠪᠡᠯᠭᠡ ᠶ᠋ᠢᠨ ᠰᠠᠷᠠᠯ ᠦᠭᠡᠢ ᠦᠶ᠎ᠡ ᠡᠬᠢᠯᠡᠳᠡᠭ ᠪᠥᠭᠡᠳ ᠲᠡᠭᠦᠨ ᠦ᠌ ᠦᠷᠭᠦᠯᠵᠢᠯᠡᠬᠦ ᠬᠤᠭᠤᠴᠠᠭ᠎ᠠ᠂ ᠥᠭᠡᠷ᠎ᠡ ᠪᠡᠷ ᠬᠡᠯᠡᠪᠡᠯ ᠬᠤᠷᠢᠴᠠᠯ ᠤ᠋ᠨ ᠦᠶ᠎ᠡ ᠳ᠋ᠦ᠍ ᠠᠯᠳᠠᠭᠰᠠᠨ ᠡᠷᠴᠢ ᠬᠦᠴᠦ ᠪᠡᠨ ᠪᠦᠷᠢᠨ ᠨᠥᠬᠥᠨ ᠰᠡᠯᠪᠢᠵᠦ ᠳᠠᠬᠢᠨ《ᠠᠮᠢᠯᠠᠬᠤ》 ᠬᠤᠭᠤᠴᠠᠭ᠎ᠠ ᠡᠷᠡᠴᠦᠳ ᠦ᠋ᠨ ᠪᠡᠯᠭᠡ ᠶ᠋ᠢᠨ ᠴᠢᠯᠬ᠎ᠠ ᠠ᠋ᠴᠠ ᠰᠢᠭᠤᠳ ᠰᠢᠯᠲᠠᠭᠠᠯᠠᠨ᠎ᠠ᠃ ᠨᠥᠭᠥᠭᠡᠲᠡᠭᠡᠭᠦᠷ᠂ ᠪᠡᠯᠭᠡ ᠶ᠋ᠢᠨ ᠰᠠᠷᠠᠯ ᠦᠭᠡᠢ ᠦᠶ᠎ᠡ ᠨᠢ ᠴᠠᠭᠠᠨ᠎ᠠ ᠪᠠᠨ ᠪᠢᠣᠯᠣᠭᠢ ᠶ᠋ᠢᠨ ᠭᠦᠨ ᠭᠦᠨᠵᠡᠭᠡᠢ ᠦᠨᠳᠦᠰᠦ ᠰᠠᠭᠤᠷᠢ ᠲᠠᠢ ᠶᠤᠮ᠃ ᠡᠨᠡ ᠶᠠᠭᠤ ᠭᠡᠰᠡᠨ ᠦᠭᠡ ᠪᠣᠢ? ᠬᠤᠷᠢᠴᠠᠯ ᠤ᠋ᠨ ᠡᠴᠦᠰ ᠦ᠋ᠨ ᠵᠣᠷᠢᠯᠭ᠎ᠠ ᠪᠣᠯ ᠬᠥᠮᠦᠨ ᠲᠥᠷᠥᠯᠬᠢᠲᠡᠨ ᠤᠳᠤᠮ ᠤᠭᠰᠠᠭ᠎ᠠ᠂ ᠦᠷ᠎ᠡ ᠲᠤᠢᠯ ᠢ᠋ᠶ᠋ᠠᠨ ᠲᠠᠰᠤᠯᠠᠬᠤ ᠦᠭᠡᠢ ᠵᠠᠯᠭᠠᠮᠵᠢᠯᠠᠨ ᠦᠯᠡᠳᠡᠭᠡᠬᠦ ᠶᠠᠪᠤᠳᠠᠯ ᠲᠠᠢ ᠤᠴᠢᠷ ᠠ᠋ᠴᠠ ᠦᠷ᠎ᠡ ᠲᠣᠭᠲᠠᠭᠠᠬᠤ ᠴᠢᠳᠠᠪᠤᠷᠢ ᠲᠠᠢ᠂ ᠴᠢᠨᠠᠷᠯᠢᠭ ᠦᠷ᠎ᠡ ᠶ᠋ᠢᠨ ᠰᠢᠩᠭᠡᠨ ᠢᠯᠭᠠᠷᠠᠭᠤᠯᠬᠤ ᠶ᠋ᠢᠨ ᠲᠤᠯᠠᠳᠠ ᠲᠣᠳᠣᠷᠬᠠᠢ ᠬᠤᠭᠤᠴᠠᠭ᠎ᠠ ᠬᠡᠷᠡᠭ ᠲᠡᠢ ᠶᠦᠮ᠃ ᠬᠡᠷᠪᠡ ᠡᠷᠡᠴᠦᠳ ᠬᠦᠴᠦ ᠪᠡᠨ ᠰᠢᠪᠬᠠᠨ ᠤᠭᠰᠠᠷᠠᠭᠤᠯᠤᠨ ᠬᠤᠷᠢᠴᠠᠯ ᠦᠢᠯᠡᠳᠪᠡᠯ ᠲᠡᠭᠦᠨ ᠦ᠌ ᠦᠷᠭᠦᠯᠵᠢᠯᠡᠬᠦ ᠬᠤᠭᠤᠴᠠᠭ᠎ᠠ ᠤᠷᠲᠤᠰᠴᠤ᠂ ᠢᠯᠭᠠᠷᠠᠬᠤ ᠦᠷ᠎ᠡ ᠶ᠋ᠢᠨ ᠰᠢᠩᠭᠡᠨ ᠦ᠌《ᠴᠢᠨᠠᠷ ᠴᠢᠨᠰᠠᠭ᠎ᠠ ᠮᠠᠭᠤᠳᠠᠵᠤ》 ᠦᠷ᠎ᠡ ᠲᠣᠭᠲᠠᠭᠠᠬᠤ ᠴᠢᠳᠠᠪᠤᠷᠢ ᠨᠢ ᠴᠦ᠍ ᠳᠣᠷᠣᠢᠲᠠᠨ᠎ᠠ᠃ ᠡᠭᠦᠨ ᠢ᠋ ᠡᠮᠡᠭᠲᠡᠢ ᠬᠥᠮᠦᠨ ᠣᠢᠯᠠᠭᠠᠬᠤ ᠦᠭᠡᠢ ᠪᠡᠷ ᠢᠯᠡᠭᠦᠦ ᠶᠠᠭᠤᠮ᠎ᠠ ᠱᠠᠭᠠᠷᠳᠠᠵᠤ《ᠴᠢ ᠶᠠᠭᠠᠬᠢᠭᠰᠠᠨ ᠪᠤᠯᠢᠴᠢᠬᠠᠭᠰᠠᠨ ᠡᠷ᠎ᠡ ᠪᠣᠢ?》 ᠭᠡᠮᠡᠨ ᠲᠣᠭᠯᠠᠭᠠᠮ ᠱᠣᠭᠯᠠᠭᠠᠮ ᠢ᠋ᠶ᠋ᠠᠷ ᠵᠢᠮᠡᠯᠡᠬᠦ ᠶ᠋ᠢᠨ ᠬᠡᠷᠡᠭ ᠦᠭᠡᠢ᠃ ᠬᠠᠪᠤᠷ ᠤ᠋ᠨ ᠢᠷᠭᠤᠢ ᠰᠢᠭ᠋ ᠴᠡᠴᠡᠭᠯᠡᠵᠦ ᠶᠠᠪᠤᠭ᠎ᠠ ᠥᠰᠪᠥᠷᠢ ᠨᠠᠰᠤᠨ ᠳ᠋ᠤ᠌( ᠨᠢ14-18 ᠨᠠᠰᠤᠨ ᠳ᠋ᠤ᠌) ᠯᠠ《ᠬᠡᠵᠢᠶᠡᠳᠡ ᠪᠡᠯᠡᠨ》 ᠪᠠᠢᠬᠤ ᠠ᠋ᠴᠠ ᠪᠢᠰᠢ᠂ ᠨᠠᠰᠤ ᠠᠬᠢᠬᠤ ᠶ᠋ᠢᠨ ᠬᠢᠷᠢ ᠪᠡᠷ《ᠪᠡᠯᠡᠨ ᠪᠣᠯᠬᠤ》 ᠶ᠋ᠢᠨ ᠲᠤᠯᠠᠳᠠ ᠨᠡᠯᠢᠶᠡᠳ ᠦᠢᠯᠡᠴᠢᠯᠡᠭᠡ ᠱᠠᠭᠠᠷᠳᠠᠵᠤ᠂ ᠡᠷ᠎ᠡ ᠪᠡᠯᠭᠡ ᠡᠷᠬᠡᠲᠡᠨ ᠬᠥᠪᠴᠢᠷᠡᠬᠦ ᠨᠢ ᠨᠡᠯᠢᠶᠡᠳ ᠰᠣᠩᠭᠣᠮᠠᠯ ᠰᠢᠨᠵᠢ ᠴᠢᠨᠠᠷᠲᠠᠢ ᠪᠣᠯᠳᠠᠭ᠃ ᠡᠷᠡᠭᠲᠡᠢ ᠬᠥᠮᠦᠨ ᠦ᠌ 《ᠬᠡᠷᠡᠭᠯᠡᠯ》 ᠨᠢ ᠡᠯᠢᠭᠡ᠂ ᠵᠢᠷᠦᠬᠡ᠂ ᠠᠭᠤᠰᠬᠢ ᠭᠡᠬᠦ ᠮᠡᠲᠦ ᠵᠣᠭᠰᠣᠯᠲᠠ ᠦᠭᠡᠢ ᠠᠵᠢᠯᠯᠠᠭ᠎ᠠ ᠲᠠᠢ ᠡᠷᠬᠡᠲᠡᠨ ᠨᠦ᠍ᠭᠦᠳ ᠲᠡᠢ ᠬᠠᠷᠢᠴᠠᠭᠤᠯᠪᠠᠯ ᠬᠠᠮᠤᠭ ᠤ᠋ᠨ ᠵᠠᠯᠬᠠᠭᠤ ᠨᠢ ᠠᠲᠠᠯ᠎ᠠ ᠬᠥᠮᠦᠨ ᠦ᠌ ᠪᠡᠶ᠎ᠡ ᠮᠠᠬᠠᠪᠣᠳ ᠤ᠋ᠨ ᠬᠠᠮᠤᠭ ᠤ᠋ᠨ《ᠰᠠᠬᠢᠯᠭ᠎ᠠ ᠦᠭᠡᠢ》᠂《ᠪᠣᠯᠳᠠᠭ ᠦᠭᠡᠢ》 ᠡᠷᠬᠡᠲᠡᠨ ᠭᠡᠮᠡᠷ᠃ ᠶᠠᠭᠠᠬᠢᠭᠠᠳ ᠭᠡᠪᠡᠯ《ᠡᠵᠡᠨ》 ᠨᠢ ᠬᠦᠰᠡᠭᠡ ᠦᠭᠡᠢ ᠶᠠᠭᠤᠮ᠎ᠠ ᠶ᠋ᠢ ᠲᠠᠩᠳᠠ ᠬᠦᠰᠡᠮᠵᠢᠯᠡᠭᠡᠳ ᠪᠠᠢᠳᠠᠭ ᠣᠨᠴᠠᠯᠢᠭ ᠲᠠᠢ᠃ ᠣᠷᠴᠢᠨ ᠦᠶ᠎ᠡ ᠶ᠋ᠢᠨ ᠪᠡᠯᠭᠡ ᠶ᠋ᠢᠨ ᠡᠮᠭᠡᠭ ᠰᠤᠳᠤᠯᠤᠯ ᠤ᠋ᠨ ᠤᠬᠠᠭᠠᠨ ᠳ᠋ᠤ᠌ ᠡᠷᠡᠴᠦᠳ ᠦ᠋ᠨ ᠪᠡᠯᠭᠡ ᠶ᠋ᠢᠨ ᠴᠢᠯᠬ᠎ᠠ ᠰᠠᠢᠲᠠᠢ᠂ ᠳᠤᠮᠳᠠ ᠵᠡᠷᠭᠡ᠂ ᠰᠤᠯᠠ ᠲᠠᠢ ᠭᠡᠵᠦ ᠠᠩᠭᠢᠯᠠᠨ ᠵᠡᠷᠭᠡᠯᠡᠳᠡᠭ᠃ ᠡᠳᠡᠭᠡᠷ ᠨᠢ ᠬᠡᠢ ᠬᠣᠭᠣᠰᠣᠨ ᠵᠦᠢᠯ ᠪᠢᠰᠢ᠃ ᠥᠭᠡᠷ᠎ᠡ ᠪᠡᠷ ᠬᠡᠯᠡᠪᠡᠯ᠂ ᠴᠢᠰᠤᠨ ᠤ᠋ ᠳᠠᠷᠤᠯᠲᠠ ᠶ᠋ᠢᠨ ᠲᠤᠰᠬᠠᠢ ᠠᠫᠫᠠᠷᠠᠲ ᠤ᠋ᠨ ᠲᠤᠰᠠᠯᠠᠮᠵᠢ ᠲᠠᠢ ᠪᠠᠷ ᠬᠡᠮᠵᠢᠳᠡᠭ ᠰᠢᠭ ᠡᠷᠡᠭᠲᠡᠢ ᠬᠥᠮᠦᠨ ᠦ᠌ ᠪᠡᠯᠭᠡ ᠶ᠋ᠢᠨ ᠴᠢᠯᠬ᠎ᠠ ᠶ᠋ᠢ ᠲᠣᠳᠣᠷᠬᠠᠢᠯᠠᠳᠠᠭ ᠦᠨᠳᠦᠰᠦᠨ ᠳᠣᠯᠣᠭᠠᠨ ᠬᠡᠮᠵᠢᠭᠦᠷ ᠪᠠᠢᠳᠠᠭ᠃ ᠲᠡᠭᠦᠨ ᠦ᠌ ᠨᠢᠭᠡ ᠨᠢ ᠬᠤᠷᠢᠴᠠᠯ ᠤ᠋ᠨ ᠳᠠᠷᠠᠭ᠎ᠠ ᠠᠯᠳᠠᠭᠰᠠᠨ ᠡᠷᠴᠢ ᠬᠦᠴᠦ ᠪᠡᠨ ᠪᠦᠷᠢᠨ ᠨᠥᠬᠥᠨ ᠰᠡᠯᠪᠢᠵᠦ ᠳᠠᠬᠢᠨ ᠣᠢᠷᠠᠳᠬᠤ ᠴᠢᠳᠠᠪᠤᠷᠢ ᠶᠤᠮ᠃ ᠪᠡᠯᠭᠡ ᠶ᠋ᠢᠨ ᠴᠢᠯᠬ᠎ᠠ ᠰᠠᠢᠲᠠᠢ᠂ ᠬᠤᠷᠢᠴᠠᠬᠤ ᠳᠤᠷ᠎ᠠ ᠲᠠᠴᠢᠶᠠᠯ ᠬᠦᠴᠦᠲᠡᠢ ᠢᠯᠡᠷᠡᠳᠡᠭ ᠡᠷᠡᠴᠦᠳ ᠣᠬᠣᠷᠬᠠᠨ ᠪᠣᠭᠣᠨᠢ ᠬᠤᠭᠤᠴᠠᠭᠠᠨ ᠳᠣᠲᠣᠷ᠎ᠠ ᠠᠯᠳᠠᠭᠰᠠᠨ ᠡᠷᠴᠢ ᠬᠦᠴᠦ ᠪᠡᠨ ᠲᠦᠷᠭᠡᠨ ᠨᠥᠬᠥᠨ ᠰᠡᠯᠪᠢᠵᠦ ᠳᠠᠬᠢᠨ ᠣᠢᠷᠠᠲᠤᠵᠤ ᠴᠢᠳᠠᠨ᠎ᠠ᠃ ᠥᠭᠡᠷ᠎ᠡ ᠪᠡᠷ ᠬᠡᠯᠡᠪᠡᠯ ᠬᠡᠳᠦᠢ ᠴᠢᠨᠡᠭᠡ ᠪᠣᠭᠣᠨᠢ ᠣᠬᠣᠷᠬᠠᠨ ᠬᠤᠭᠤᠴᠠᠭᠠᠨ ᠳᠠᠷᠠᠭ᠎ᠠ ᠳᠠᠬᠢᠨ ᠣᠢᠷᠠᠲᠤᠵᠤ ᠴᠢᠳᠠᠵᠤ ᠪᠠᠢᠨ᠎ᠠ ᠲᠡᠳᠦᠢ ᠴᠢᠨᠡᠭᠡ ᠪᠡᠯᠭᠡ ᠶ᠋ᠢᠨ ᠴᠢᠯᠬ᠎ᠠ ᠰᠠᠢᠲᠠᠢ ᠪᠠᠢᠭ᠎ᠠ ᠶ᠋ᠢ ᠬᠠᠷᠠᠭᠤᠯᠤᠨ᠎ᠠ᠃ ᠲᠡᠳᠡ ᠨᠠᠰᠤ ᠰᠡᠭᠦᠳᠡᠷ ᠥᠨᠳᠥᠷ ᠪᠣᠯᠲᠠᠯ᠎ᠠ ᠪᠠᠨ ᠪᠡᠯᠭᠡ ᠶ᠋ᠢᠨ ᠴᠢᠯᠬ᠎ᠠ ᠪᠠᠨ ᠬᠠᠳᠠᠭᠠᠯᠠᠵᠤ ᠴᠢᠳᠠᠳᠠᠭ ᠤᠯᠤᠰ᠃ ᠲᠡᠭᠡᠪᠡᠯ ᠪᠡᠯᠭᠡ ᠶ᠋ᠢᠨ ᠴᠢᠯᠬ᠎ᠠ ᠮᠠᠭᠤᠲᠠᠢ ᠬᠤᠷᠢᠴᠠᠬᠤ ᠳᠤᠷ᠎ᠠ ᠲᠠᠴᠢᠶᠠᠯ ᠰᠤᠯᠠ ᠢᠯᠡᠷᠡᠳᠡᠭ ᠡᠷᠡᠴᠦᠳ ᠨᠢᠭᠡ ᠯᠡ ᠬᠠᠨᠤᠭᠰᠠᠨ ᠪᠣᠯ ᠳᠠᠬᠢᠵᠤ ᠮᠥᠳᠳᠥ《ᠠᠮᠢᠯᠠᠵᠤ》 ᠴᠢᠳᠠᠬᠤ ᠦᠭᠡᠢ᠃ ᠲᠡᠷᠡ ᠬᠡᠳᠦ ᠬᠣᠨᠣᠭ ᠴᠦ᠍᠂ ᠰᠠᠷ᠎ᠠ ᠪᠠᠷ᠂ ᠲᠡᠷᠡ ᠪᠤᠤ ᠬᠡᠯᠡ ᠣᠯᠠᠨ ᠵᠢᠯ ᠢ᠋ᠶ᠋ᠡᠷ ᠴᠦ᠍ ᠲᠡᠪᠴᠢᠵᠦ ᠴᠢᠳᠠᠨ᠎ᠠ᠃ ᠡᠨᠡ ᠨᠢ ᠲᠡᠳᠡᠨ ᠦ᠌ ᠪᠡᠶ᠎ᠡ ᠳ᠋ᠦ᠍ ᠥᠴᠦᠬᠡᠨ ᠴᠦ᠍ ᠮᠠᠭᠤ ᠪᠠᠷ ᠨᠥᠯᠥᠭᠡᠯᠡᠬᠦ ᠦᠭᠡᠢ ᠪᠡᠷ ᠦᠯᠦ ᠪᠠᠷᠠᠨ ᠪᠦᠷ ᠴᠦ᠍ ᠠᠶᠠᠲᠠᠢ ᠲᠠᠭᠠᠲᠠᠢ ᠪᠠᠢᠳᠠᠭ ᠲᠠᠯ᠎ᠠ ᠴᠦ᠍ ᠪᠣᠢ᠃ ᠪᠡᠯᠭᠡ ᠶ᠋ᠢᠨ ᠴᠢᠯᠬ᠎ᠠ ᠰᠤᠯᠠ ᠲᠠᠢ ᠡᠷᠡᠴᠦᠳ ᠦ᠋ᠨ ᠣᠢᠷᠠᠲᠤᠬᠤ ᠴᠢᠳᠠᠪᠤᠷᠢ ᠡᠷᠲᠡ ᠬᠠᠷᠢᠵᠤ ᠡᠬᠢᠯᠡᠳᠡᠭ᠃ ᠡᠢᠬᠦ ᠡᠷᠡᠴᠦᠳ ᠲᠣᠭᠠᠯᠠᠪᠠᠯ ᠨᠠᠰᠤ ᠴᠢᠴᠠᠤ᠂ ᠲᠥᠭᠡᠯᠡᠪᠡᠯ ᠨᠢᠷᠤᠭᠤ ᠴᠢᠴᠠᠤ ᠴᠤ᠌ ᠭᠡᠰᠡᠨ ᠪᠡᠯᠭᠡ ᠶ᠋ᠢᠨ ᠴᠢᠯᠬ᠎ᠠ ᠨᠢ ᠬᠠᠷᠢᠯᠴᠠᠨ ᠠᠳᠠᠯᠢ ᠦᠭᠡᠢ ᠪᠠᠢᠨ᠎ᠠ᠃ ᠲᠣᠳᠣᠷᠬᠠᠢᠯᠠᠨ ᠬᠡᠯᠡᠪᠡᠯ᠂ ᠠᠳᠠᠯᠢᠬᠠᠨ30 ᠨᠠᠰᠤᠲᠠᠢ ᠬᠣᠶᠠᠷ ᠵᠠᠯᠠᠭᠤ ᠶ᠋ᠢᠨ ᠨᠢᠭᠡ ᠨᠢ ᠳᠣᠯᠣᠭ᠎ᠠ ᠬᠣᠨᠣᠭ ᠲᠤ᠌ ᠲᠣᠭᠲᠠᠮᠠᠯ2-3 ᠤᠳᠠᠭ᠎ᠠ ᠬᠤᠷᠢᠴᠠᠯ ᠦᠢᠯᠡᠳᠳᠡᠭ ᠪᠠᠢᠬᠤ ᠳ᠋ᠤ᠌ ᠨᠥᠭᠥᠭᠡᠳᠡᠬᠢ ᠨᠢ ᠰᠠᠷ᠎ᠠ ᠳ᠋ᠠᠭᠠᠨ ᠳᠥᠩᠭᠡᠵᠢ ᠭᠠᠭᠴᠠᠬᠠᠨ ᠤᠳᠠᠭ᠎ᠠ ᠦᠢᠯᠡᠳᠳᠡᠭ ᠪᠠᠢᠵᠤ ᠪᠣᠯᠤᠨ᠎ᠠ᠃
32 ᠨᠠᠰᠤᠲᠠᠢ ᠨᠢᠭᠡ ᠢᠨᠵᠧᠨᠧᠷ ᠵᠠᠯᠠᠭᠤ ᠵᠠᠬᠢᠳᠠᠯ ᠳ᠋ᠠᠭᠠᠨ᠄《ᠳᠣᠲᠣᠨᠣ ᠶ᠋ᠢᠨ ᠨᠠᠢᠵᠠ ᠮᠠᠨᠢ ᠨᠢᠭᠡ ᠰᠥᠨᠢ7 ᠤᠳᠠᠭ᠎ᠠ ᠡᠩᠭᠡᠷ ᠵᠥᠷᠢᠭᠦᠯᠦᠭᠰᠡᠨ ᠭᠡᠬᠦ ᠶᠦᠮ ᠦᠨᠡᠬᠡᠷ ᠢᠲᠡᠭᠡᠮᠡᠷ ᠦᠭᠡᠢ ᠰᠠᠨᠠᠭᠳᠠᠳᠠᠭ᠃ ᠪᠢ ᠲᠡᠭᠦᠨ ᠡᠴᠡ ᠨᠠᠰᠤ ᠪᠠᠷ ᠢ᠋ᠶ᠋ᠠᠨ ᠳᠡᠭᠦᠦ ᠬᠢᠷᠢ ᠨᠢ ᠣᠳᠣ ᠪᠣᠯᠲᠠᠯ᠎ᠠ ᠢᠩᠭᠢᠵᠦ ᠦᠵᠡᠭᠡ ᠦᠭᠡᠢ᠃ ᠡᠭᠦᠨ ᠦ᠌ ᠤᠴᠢᠷ ᠢ᠋ ᠬᠡᠯᠡᠵᠦ ᠥᠭᠭᠦᠨ᠎ᠡ ᠤᠤ!》 ᠭᠡᠵᠦ ᠪᠢᠴᠢᠭᠰᠡᠨ ᠪᠠᠢᠭᠰᠠᠨ ᠶᠤᠮ᠃ ᠡᠨᠡ ᠨᠢ ᠡᠷ᠎ᠡ ᠬᠥᠮᠦᠨ ᠦ᠌ ᠪᠡᠯᠭᠡ ᠶ᠋ᠢᠨ ᠴᠢᠯᠬ᠎ᠠ ᠲᠠᠢ ᠬᠣᠯᠪᠣᠭ᠎ᠠ ᠲᠠᠢ ᠶ᠋ᠢ ᠤᠩᠰᠢᠭᠴᠢ ᠲᠠ ᠣᠳᠣ ᠯᠠᠪᠲᠠᠢᠶ᠎ᠠ ᠣᠢᠯᠠᠭᠠᠭᠰᠠᠨ ᠪᠢᠵᠡ᠃ ᠡᠷ᠎ᠡ ᠡᠮ᠎ᠡ ᠶ᠋ᠢᠨ ᠶᠣᠰᠣᠨ ᠤ᠋ ᠰᠤᠳᠤᠯᠤᠯ ᠤ᠋ᠨ ᠤᠬᠠᠭᠠᠨ ᠳ᠋ᠤ᠌ ᠡᠷᠡᠭᠲᠡᠢ ᠬᠥᠮᠦᠨ ᠠᠮᠢᠳᠤᠷᠠᠯ ᠳ᠋ᠠᠭᠠᠨ ᠨᠢᠭᠡ ᠰᠥᠨᠢ1-3 ᠤᠳᠠᠭ᠎ᠠ ᠡᠩᠭᠡᠷ ᠵᠥᠷᠢᠭᠦᠯᠬᠦ ᠶ᠋ᠢ ᠪᠡᠯᠭᠡ ᠶ᠋ᠢᠨ ᠴᠢᠯᠬ᠎ᠠ ᠰᠤᠯᠠ ᠲᠠᠢ᠂4-6 ᠤᠳᠠᠭ᠎ᠠ ᠡᠩᠭᠡᠷ ᠵᠥᠷᠢᠭᠦᠯᠬᠦ ᠶ᠋ᠢ ᠪᠡᠯᠭᠡ ᠶ᠋ᠢᠨ ᠴᠢᠯᠬ᠎ᠠ ᠳᠤᠮᠳᠠ ᠵᠡᠷᠭᠡ᠂7-9 ᠪᠠ ᠲᠡᠭᠦᠨ ᠡᠴᠡ ᠳᠡᠭᠡᠭᠰᠢ ᠤᠳᠠᠭ᠎ᠠ ᠡᠩᠭᠡᠷ ᠵᠥᠷᠢᠭᠦᠯᠬᠦ ᠶ᠋ᠢ ᠪᠡᠯᠭᠡ ᠶ᠋ᠢᠨ ᠴᠢᠯᠬ᠎ᠠ ᠰᠠᠢᠲᠠᠢ ᠳ᠋ᠤ᠌ ᠲᠣᠭᠠᠴᠠᠳᠠᠭ᠃ ᠢᠩᠭᠢᠬᠦᠯᠡᠷ᠂ ᠪᠡᠯᠭᠡ ᠶ᠋ᠢᠨ ᠴᠢᠯᠬ᠎ᠠ ᠠ᠋ᠴᠠ ᠬᠠᠮᠢᠶᠠᠷᠤᠨ ᠨᠢᠭᠡ ᠬᠥᠮᠦᠨ ᠳ᠋ᠦ᠍ ᠬᠡᠪ ᠦ᠋ᠨ ᠪᠠᠢᠭ᠎ᠠ ᠬᠤᠷᠢᠴᠠᠯ ᠤ᠋ᠨ ᠲᠣᠭ᠎ᠠ ᠬᠡᠮᠵᠢᠶ᠎ᠡ ᠨᠥᠭᠥᠭᠡᠳᠡᠬᠢ ᠳ᠋ᠦ᠍ᠨᠢ ᠢᠯᠡᠭᠦᠳᠡᠵᠦ ᠭᠤᠷᠪᠠᠳᠠᠬᠢ ᠳ᠋ᠤᠨᠢ ᠳᠤᠲᠠᠭᠳᠠᠵᠤ ᠪᠠᠢᠳᠠᠭ᠃ ᠲᠡᠢᠮᠦ ᠡᠴᠡ ᠥᠪᠡᠷ ᠢ᠋ ᠪᠡᠨ ᠥᠷᠥᠭᠡᠯ ᠪᠤᠰᠤᠳ ᠲᠠᠢ ᠵᠠᠪᠠᠯ ᠠᠳᠠᠯᠢ ᠲᠡᠩᠴᠡᠭᠦᠦ ᠪᠠᠢᠯᠭᠠᠬᠤ ᠭᠡᠵᠦ ᠪᠡᠶ᠎ᠡ ᠰᠡᠳᠬᠢᠯ ᠢ᠋ᠶ᠋ᠡᠨ ᠵᠣᠪᠠᠭᠠᠬᠤ ᠬᠡᠷᠡᠭ ᠦᠭᠡᠢ᠃ ᠢᠩᠭᠢᠬᠦ ᠠᠪᠠᠰᠤ ᠪᠦᠬᠦ ᠬᠥᠮᠦᠨ ᠳ᠋ᠦ᠍ ᠨᠢᠭᠡ ᠬᠡᠮᠵᠢᠶ᠎ᠡ ᠲᠡᠢ ᠭᠤᠲᠤᠯ ᠡᠮᠦᠰᠬᠡᠬᠦ ᠭᠡᠵᠦ ᠣᠷᠣᠯᠳᠣᠭᠰᠠᠨ ᠲᠠᠢ ᠢᠯᠭᠠᠭ᠎ᠠ ᠶᠠᠭᠤᠨ᠃ ᠲᠡᠭᠡᠬᠦᠯᠡᠷ ᠥᠪᠡᠷ ᠦ᠋ᠨ ᠶᠠᠭᠤᠮ᠎ᠠ ᠥᠪᠡᠷ ᠲᠡᠭᠡᠨ ᠵᠥᠪ᠂ ᠥᠷᠥᠭᠡᠯ ᠳᠠᠪᠤᠤ ᠥᠮᠥᠳᠥᠨ ᠳ᠋ᠡᠭᠡᠨ ᠵᠥᠪ ᠠ᠋᠃ ᠪᠡᠯᠭᠡ ᠶ᠋ᠢᠨ ᠴᠢᠯᠬ᠎ᠠ ᠨᠢ ᠤᠳᠤᠮᠰᠢᠯ ᠤ᠋ᠨ ᠪᠣᠯᠤᠨ ᠣᠯᠳᠠᠮᠠᠯ ᠤ᠋ᠨ ᠣᠯᠠᠨ ᠬᠦᠴᠦᠨ ᠵᠦᠢᠯ ᠡᠴᠡ ᠰᠢᠯᠲᠠᠭᠠᠯᠠᠨ᠎ᠠ᠃ ᠬᠡᠳᠦᠢᠪᠡᠷ ᠬᠤᠷᠢᠴᠠᠬᠤ ᠴᠢᠳᠠᠪᠤᠷᠢ ᠪᠡᠶ᠎ᠡ ᠶ᠋ᠢᠨ ᠶᠡᠷᠦᠩᠬᠡᠢ ᠲᠥᠷᠬᠦ ᠭᠠᠯᠪᠢᠷ ᠤ᠋ᠨ ᠨᠢᠭᠡᠨ ᠢᠯᠡᠷᠬᠡᠢᠯᠡᠯ ᠪᠣᠯᠬᠤ ᠪᠣᠯᠪᠠᠴᠤ ᠥᠪᠡᠷ ᠦ᠋ᠨ ᠥᠪᠡᠷᠮᠢᠴᠡ ᠣᠨᠴᠠᠯᠢᠭ ᠲᠠᠢ ᠪᠠᠢᠳᠠᠭ᠃ ᠡᠷᠡᠭᠲᠡᠢ ᠶ᠋ᠢᠨ ᠪᠡᠯᠭᠡ ᠶ᠋ᠢᠨ ᠴᠢᠯᠬ᠎ᠠ ᠶ᠋ᠢ ᠲᠣᠭᠲᠠᠭᠠᠬᠤ ᠳ᠋ᠤ᠌ ᠨᠢᠭᠡ ᠲᠠᠯ᠎ᠠ ᠠ᠋ᠴᠠ ᠪᠡᠶ᠎ᠡ ᠪᠢᠯᠳᠠᠷ ᠤ᠋ᠨ ᠶᠡᠷᠦᠩᠬᠡᠢ ᠥᠰᠦᠯᠲᠡ ᠬᠥᠭᠵᠢᠯᠲᠡ ᠶ᠋ᠢ᠂ ᠨᠥᠭᠦᠭᠡ ᠲᠠᠯ᠎ᠠ ᠠ᠋ᠴᠠ ᠪᠡᠯᠭᠡ ᠶ᠋ᠢᠨ ᠥᠪᠡᠷᠮᠢᠴᠡ ᠣᠨᠴᠠᠯᠢᠭ ᠢ᠋ ᠵᠠᠪᠠᠯ ᠬᠠᠷᠠᠭᠠᠯᠵᠠᠨ ᠦᠵᠡᠬᠦ ᠶᠣᠰᠣᠲᠠᠢ᠃ ᠡᠭᠦᠨ ᠢ᠋ ᠦᠯᠦ ᠬᠠᠢᠬᠤᠷᠤᠨ ᠪᠦᠬᠦᠨ ᠢ᠋ ᠳᠠᠩ ᠭᠠᠭᠴᠠ ᠪᠡᠶ᠎ᠡ ᠶ᠋ᠢᠨ ᠥᠰᠦᠯᠲᠡ ᠬᠥᠭᠵᠢᠯᠲᠡ ᠳ᠋ᠦ᠍ ᠠᠭᠤᠰᠬᠠᠨ ᠣᠢᠯᠠᠭᠠᠵᠤ ᠪᠣᠯᠬᠤ ᠦᠭᠡᠢ ᠶᠦᠮ᠃ ᠪᠡᠶ᠎ᠡ ᠪᠢᠯᠳᠠᠷ ᠤ᠋ᠨ ᠪᠣᠯᠤᠨ ᠪᠡᠯᠭᠡ ᠶ᠋ᠢᠨ ᠬᠥᠭᠵᠢᠯ ᠶᠡᠬᠡ ᠲᠥᠯᠥᠪ ᠬᠠᠷᠢᠯᠴᠠᠨ ᠰᠢᠲᠦᠯᠴᠡᠭᠡ ᠲᠡᠢ ᠪᠠᠢᠳᠠᠭ ᠴᠦ᠍ ᠲᠡᠳᠡᠭᠡᠷ ᠨᠢ ᠬᠣᠭᠣᠷᠣᠨᠳᠣ ᠪᠠᠨ ᠶᠡᠬᠡᠬᠡᠨ ᠵᠥᠷᠢᠶ᠎ᠡ ᠲᠡᠢ ᠪᠠᠢᠵᠤ ᠪᠣᠯᠳᠠᠭ ᠢ᠋ ᠠᠮᠢᠳᠤᠷᠠᠯ ᠠ᠋ᠴᠠ ᠪᠢᠰᠢᠭᠦᠢ ᠬᠠᠷᠠᠵᠤ ᠪᠣᠯᠤᠨ᠎ᠠ᠃ ᠪᠡᠶ᠎ᠡ ᠶ᠋ᠢᠨ ᠶᠡᠷᠦᠩᠬᠡᠢ ᠬᠥᠭᠵᠢᠯ ᠰᠠᠢᠲᠠᠢ᠂ ᠬᠠᠷ᠎ᠠ ᠪᠢᠷ᠎ᠠ᠂ ᠲᠡᠩᠬᠡᠭᠡ ᠶᠡᠬᠡᠲᠡᠢ ᠬᠢᠷᠢ ᠨᠢ ᠪᠡᠯᠭᠡ ᠶ᠋ᠢᠨ ᠴᠢᠯᠬ᠎ᠠ ᠰᠤᠯᠠ ᠲᠠᠢ ᠬᠥᠮᠦᠨ ᠪᠠᠢᠳᠠᠭ᠃ ᠭᠡᠲᠡᠯ᠎ᠡ ᠪᠡᠯᠭᠡ ᠶ᠋ᠢᠨ ᠴᠢᠯᠬ᠎ᠠ ᠰᠠᠢᠲᠠᠢ ᠮᠥᠷᠲᠡᠯ᠎ᠡ ᠪᠡᠨ ᠪᠡᠶ᠎ᠡ ᠪᠢᠯᠳᠠᠷ ᠤ᠋ᠨ ᠬᠥᠭᠵᠢᠯ ᠰᠤᠯᠠ ᠳᠣᠷᠣᠢ ᠲᠡᠩᠬᠡᠭᠡ ᠲᠠᠭᠠᠷᠠᠤ ᠡᠷᠡᠴᠦᠳ ᠴᠦ᠍ ᠪᠣᠢ᠃ ᠡᠨᠳᠡ ᠨᠢᠭᠡ ᠵᠦᠢᠯ ᠢ᠋ ᠣᠨᠴᠠᠯᠠᠨ ᠲᠡᠮᠳᠡᠭᠯᠡᠬᠦ ᠨᠢ ᠵᠦᠢᠲᠡᠢ᠃ ᠶᠠᠭᠤ ᠪᠣᠢ ᠭᠡᠪᠡᠯ ᠡᠷᠡᠴᠦᠳ ᠦ᠋ᠨ ᠪᠡᠯᠭᠡ ᠶ᠋ᠢᠨ ᠴᠢᠯᠬ᠎ᠠ ᠨᠢ ᠲᠡᠳᠡᠨ ᠦ᠌ ᠪᠡᠯᠭᠡ ᠡᠷᠬᠡᠲᠡᠨ ᠦ᠌ ᠬᠡᠯᠪᠡᠷᠢ ᠪᠣᠯᠤᠭᠠᠳ ᠬᠡᠮᠵᠢᠶᠡᠨ ᠡᠴᠡ ᠣᠭᠲᠣ ᠰᠢᠯᠲᠠᠭᠠᠯᠠᠳᠠᠭ ᠦᠭᠡᠢ᠃ ᠡᠭᠦᠨ ᠢ᠋ ᠪᠢᠳᠡᠨ ᠦ᠌ ᠬᠢᠭᠰᠡᠨ ᠰᠤᠳᠤᠯᠭ᠎ᠠ ᠪᠦᠷᠢᠨ ᠨᠤᠲᠠᠯᠠᠭᠰᠠᠨ ᠶᠤᠮ᠃ ᠭᠡᠲᠡᠯ᠎ᠡ ᠡᠷᠡᠴᠦᠳ ᠦ᠋ᠨ ᠳᠤᠮᠳᠠ《ᠬᠡᠷᠡᠭᠯᠡᠯ》 ᠨᠢ ᠬᠡᠳᠦᠢ ᠴᠢᠨᠡᠭᠡ ᠲᠣᠮᠣ ᠪᠠᠢᠨ᠎ᠠ᠂ ᠲᠡᠳᠦᠢ ᠴᠢᠨᠡᠭᠡ ᠪᠡᠯᠭᠡ ᠶ᠋ᠢᠨ ᠴᠢᠯᠬ᠎ᠠ ᠰᠠᠢᠲᠠᠢ ᠲᠡᠳᠦᠢ ᠴᠢᠨᠡᠭᠡ ᠡᠮᠡᠭᠲᠡᠢ ᠬᠥᠮᠦᠨ ᠢ᠋ ᠬᠠᠩᠭᠠᠬᠤ ᠴᠢᠳᠠᠪᠤᠷᠢ ᠰᠠᠢᠲᠠᠢ ᠪᠠᠢᠬᠤ ᠮᠡᠲᠦ ᠠᠨᠳᠠᠭᠤ ᠲᠡᠰᠢᠶ᠎ᠡ ᠣᠢᠯᠠᠭᠠᠯᠲᠠ ᠪᠠᠢᠳᠠᠭ᠃ ᠬᠡᠷᠡᠭ ᠳᠡᠭᠡᠷ᠎ᠡ ᠪᠡᠨ ᠣᠭᠲᠣ ᠲᠡᠢᠮᠦ ᠪᠢᠰᠢ᠃ ᠡᠷ᠎ᠡ ᠪᠡᠯᠭᠡ ᠶ᠋ᠢᠨ ᠡᠷᠬᠡᠲᠡᠨ ᠦ᠌ ᠬᠡᠯᠪᠡᠷᠢ ᠬᠡᠮᠵᠢᠶ᠎ᠡ ᠬᠥᠮᠦᠨ ᠪᠣᠯᠭᠠᠨ ᠳ᠋ᠤ᠌ ᠥᠭᠡᠷ᠎ᠡ ᠥᠭᠡᠷ᠎ᠡ ᠪᠠᠢᠬᠤ ᠪᠣᠯᠪᠠᠴᠤ ᠡᠮᠡᠭᠲᠡᠢ ᠬᠥᠮᠦᠨ ᠦ᠌ ᠳᠤᠷ᠎ᠠ ᠬᠠᠩᠬᠤ ᠳ᠋ᠤ᠌ ᠲᠡᠭᠦᠨ ᠦ᠌ ᠰᠡᠳᠬᠢᠯ ᠰᠠᠨᠠᠭᠠᠨ ᠤ᠋ ᠪᠠᠢᠳᠠᠯ᠂ ᠪᠡᠯᠭᠡ ᠶ᠋ᠢᠨ ᠳᠠᠭᠠᠭᠠᠪᠤᠷᠢ ᠶ᠋ᠢᠨ ᠬᠡᠮᠵᠢᠶ᠎ᠡ᠂ ᠲᠡᠭᠦᠨᠴᠢᠯᠡᠨ ᠬᠤᠷᠢᠴᠠᠬᠤ ᠠᠷᠭ᠎ᠠ ᠬᠠᠮᠤᠭ ᠤ᠋ᠨ ᠴᠢᠬᠤᠯᠠ ᠪᠠᠢᠳᠠᠭ ᠶᠤᠮ᠃ ᠥᠭᠡᠷ᠎ᠡ ᠪᠡᠷ ᠬᠡᠯᠡᠪᠡᠯ᠂ ᠡᠮᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠬᠠᠩᠬᠤ ᠳ᠋ᠤ᠌ ᠡᠷ᠎ᠡ ᠪᠡᠯᠭᠡ ᠡᠷᠬᠡᠲᠡᠨ ᠦ᠌ ᠬᠡᠯᠪᠡᠷᠢ᠂ ᠬᠡᠮᠵᠢᠶ᠎ᠡ ᠶᠠᠮᠠᠷ ᠪᠠᠢᠬᠤ ᠨᠢ ᠭᠣᠣᠯ ᠪᠢᠰᠢ᠃ ᠤᠴᠢᠷ ᠨᠢ ᠡᠮᠡᠭᠲᠡᠢ ᠬᠥᠮᠦᠨ ᠦ᠌ ᠪᠡᠯᠭᠡ ᠡᠷᠬᠡᠲᠡᠨ( ᠦᠲᠦᠷᠢᠶ᠎ᠡ) ᠨᠢᠭᠡ ᠲᠠᠯ᠎ᠠ ᠠ᠋ᠴᠠ ᠠᠭᠰᠢᠬᠤ ᠰᠤᠩᠬᠤ ᠴᠢᠳᠠᠪᠤᠷᠢ ᠲᠠᠢ᠂ ᠨᠥᠭᠦᠭᠡ ᠲᠠᠯ᠎ᠠ ᠠ᠋ᠴᠠ ᠪᠡᠯᠭᠡ ᠶ᠋ᠢᠨ ᠰᠠᠷᠠᠯ ᠬᠥᠳᠡᠯᠬᠦ ᠦᠶ᠎ᠡ ᠳ᠋ᠦ᠍ ᠦᠲᠦᠷᠢᠶ᠎ᠡ ᠶ᠋ᠢᠨ ᠰᠤᠳᠠᠰᠤ ᠴᠢᠰᠤ ᠪᠠᠷ ᠬᠦᠴᠦᠲᠡᠢ ᠳᠦᠭᠦᠷᠦᠭᠰᠡᠨ ᠡᠴᠡ ᠬᠠᠨ᠎ᠠ ᠨᠢ ᠬᠥᠭᠡᠭᠡᠵᠦ ᠡᠵᠡᠯᠡᠬᠦᠨ ᠢ᠋ᠶ᠋ᠡᠷ ᠢ᠋ᠶ᠋ᠡᠨ ᠪᠠᠭ᠎ᠠ ᠵᠡᠷᠭᠡ ᠲᠣᠮᠣᠷᠠᠳᠠᠭ᠃ ᠡᠭᠦᠨ ᠦ᠌ ᠤᠯᠠᠮ ᠠ᠋ᠴᠠ ᠲᠡᠭᠦᠨ ᠦ᠌ ᠳᠣᠲᠣᠭᠠᠳᠤ ᠵᠠᠢ ᠨᠢ ᠨᠠᠷᠢᠰᠴᠤ ᠡᠷ᠎ᠡ ᠪᠡᠯᠭᠡ ᠶ᠋ᠢᠨ ᠡᠷᠬᠡᠲᠡᠨ ᠦ᠌ ᠬᠡᠮᠵᠢᠶᠡᠨ ᠳ᠋ᠦ᠍ ᠲᠠᠭᠠᠷᠠᠵᠤ ᠵᠣᠬᠢᠴᠠᠵᠤ ᠥᠭᠳᠡᠭ᠃ ᠡᠢᠮᠦ ᠳ᠋ᠦ᠍ ᠡᠷᠬᠡᠲᠡᠨ ᠢ᠋ᠶ᠋ᠡᠨ ᠪᠠᠭ᠎ᠠ ᠭᠡᠵᠦ ᠴᠢᠮᠠᠯᠠᠨ ᠭᠣᠯᠣᠵᠤ ᠡᠮᠡᠭᠲᠡᠢ ᠬᠥᠮᠦᠨ ᠳ᠋ᠦ᠍ ᠣᠢᠷᠠᠲᠤᠬᠤ ᠠ᠋ᠴᠠ ᠢᠴᠢᠵᠦ ᠵᠣᠪᠠᠵᠤ ᠶᠠᠪᠤᠳᠠᠭ ᠡᠷᠡᠴᠦᠳ ᠦᠨᠡᠨ ᠤᠴᠢᠷ ᠢ᠋ ᠣᠢᠯᠠᠭᠠᠵᠤ ᠳᠠᠷᠤᠢᠬᠠᠨ ᠬᠠᠨᠢ ᠪᠦᠯᠢ ᠲᠡᠢ ᠪᠣᠯᠤᠭᠠᠰᠠᠢ ᠳᠠ᠃ ᠡᠷᠡᠭᠲᠡᠢ ᠬᠥᠮᠦᠨ ᠦ᠌ ᠪᠡᠯᠭᠡ ᠶ᠋ᠢᠨ ᠡᠷᠬᠡᠲᠡᠨ ᠬᠥᠪᠴᠢᠷᠡᠭᠡ ᠦᠭᠡᠢ ᠦᠶ᠎ᠡ ᠳ᠋ᠡᠭᠡᠨ ᠬᠣᠶᠠᠷ ᠬᠤᠷᠤᠭᠤ ᠤᠷᠲᠤ(3-4 ᠰᠡᠨᠲ᠋ᠢᠮᠧᠲᠷ) ᠪᠠᠢᠪᠠᠯ ᠬᠤᠷᠢᠴᠠᠯ ᠦᠢᠯᠡᠳᠬᠦ ᠪᠣᠯᠤᠮᠵᠢ ᠲᠠᠢ ᠭᠡᠵᠦ ᠦᠵᠡᠳᠡᠭ᠃ ᠭᠡᠪᠡᠴᠦ ᠶᠡᠬᠡᠩᠬᠢ ᠡᠷᠡᠴᠦᠳ ᠦ᠋ᠨ ᠪᠡᠯᠭᠡ ᠡᠷᠬᠡᠲᠡᠨ ᠬᠥᠪᠴᠢᠷᠡᠭᠡ ᠦᠭᠡᠢ ᠬᠡᠪ ᠦ᠋ᠨ ᠦᠶ᠎ᠡ ᠳ᠋ᠡᠭᠡᠨ4-5 ᠬᠤᠷᠤᠭᠤ ᠤᠷᠲᠤ (8-10 ᠰᠡᠨᠲ᠋ᠢᠮᠧᠲᠷ) ᠪᠠᠢᠳᠠᠭ ᠪᠥᠭᠡᠳ ᠪᠡᠯᠭᠡ ᠶ᠋ᠢᠨ ᠰᠠᠷᠠᠯ ᠡᠭᠦᠰᠬᠦ ᠦᠶ᠎ᠡ ᠳ᠋ᠦ᠍ ᠪᠠᠷᠤᠭ ᠭᠤᠷᠪᠠ ᠳᠠᠬᠢᠨ ᠲᠣᠮᠣᠷᠠᠵᠤ ᠨᠢᠭᠡ ᠪᠠᠷᠢᠮ ᠢᠯᠡᠭᠦᠦ ᠤᠷᠲᠤ(10-15 ᠰᠡᠨᠲ᠋ᠢᠮᠧᠲᠷ) ᠪᠣᠯᠳᠠᠭ᠃ ᠡᠨᠡ ᠨᠢ ᠡᠮᠡᠭᠲᠡᠢ ᠬᠥᠮᠦᠨ ᠳ᠋ᠦ᠍ ᠬᠠᠩᠭᠠᠯᠲᠠᠲᠠᠢ ᠬᠡᠮᠵᠢᠶ᠎ᠡ ᠶᠦᠮ᠃ ᠤᠴᠢᠷ ᠨᠢ ᠲᠡᠭᠦᠨ ᠦ᠌ ᠦᠲᠦᠷᠢᠶ᠎ᠡ ᠶ᠋ᠢᠨ ᠤᠷᠲᠤ ᠣᠢᠷᠠᠯᠴᠠᠭ᠎ᠠ ᠪᠠᠷ6-10 ᠰᠡᠨᠲ᠋ᠢᠮᠧᠲᠷ ᠪᠠᠢᠳᠠᠭ᠃ ᠲᠡᠭᠦᠨᠴᠢᠯᠡᠨ ᠡᠷᠡᠴᠦᠳ ᠦ᠋ᠨ ᠪᠡᠶ᠎ᠡ ᠶ᠋ᠢᠨ ᠲᠥᠷᠬᠦ ᠭᠠᠯᠪᠢᠷ᠂ ᠪᠡᠯᠭᠡ ᠡᠷᠬᠡᠲᠡᠨ ᠦ᠌ ᠬᠡᠮᠵᠢᠶ᠎ᠡ ᠨᠢ ᠬᠣᠭᠣᠷᠣᠨᠳᠣ ᠪᠠᠨ ᠰᠢᠭᠤᠳ ᠬᠣᠯᠪᠣᠭ᠎ᠠ ᠦᠭᠡᠢ ᠤᠴᠢᠷ ᠠ᠋ᠴᠠ ᠲᠣᠮᠣ ᠵᠢᠵᠢᠭ ᠦ᠋ᠨ ᠲᠤᠬᠠᠢ ᠳ᠋ᠤ᠌ ᠬᠥᠮᠦᠨ ᠦ᠌ ᠥᠨᠳᠥᠷ ᠨᠠᠮ᠂ ᠲᠠᠷᠭᠤᠨ ᠲᠤᠷᠠᠩᠬᠠᠢ ᠪᠠᠷ ᠢ᠋ᠶ᠋ᠠᠨ ᠲᠣᠳᠣᠷᠬᠠᠢᠯᠠᠬᠤ ᠳ᠋ᠤ᠌ ᠬᠡᠴᠡᠭᠦᠦ ᠶᠦᠮ᠃ ᠡᠮᠡᠭᠲᠡᠢ ᠬᠥᠮᠦᠨ ᠳᠤᠷ᠎ᠠ ᠲᠠᠴᠢᠶᠠᠯ ᠬᠠᠩᠬᠤ ᠳ᠋ᠤ᠌ ᠡᠷ᠎ᠡ ᠨᠥᠬᠥᠷ ᠢ᠋ᠶ᠋ᠡᠨ ᠬᠠᠢᠷᠠᠯᠠᠬᠤ ᠰᠡᠪᠲᠦᠭᠡᠨ ᠦᠭᠡᠢ ᠰᠡᠳᠬᠢᠯ ᠬᠠᠮᠤᠭ ᠠ᠋ᠴᠠ ᠴᠢᠬᠤᠯᠠ ᠪᠣᠯᠬᠤ ᠠ᠋ᠴᠠ ᠪᠢᠰᠢ ᠲᠡᠭᠦᠨ ᠦ᠌ 《ᠬᠡᠷᠡᠭᠯᠡᠯ》 ᠦ᠋ᠨ ᠬᠡᠮᠵᠢᠶ᠎ᠡ ᠭᠣᠣᠯ ᠪᠢᠰᠢ ᠭᠡᠳᠡᠭ ᠢ᠋ ᠳᠡᠭᠡᠷ᠎ᠡ ᠥᠭᠦᠯᠡᠭᠰᠡᠨ᠃ ᠢᠯᠠᠩᠭᠤᠶ᠎ᠠ ᠬᠡᠯᠦᠦ ᠶ᠋ᠢ ᠱᠦᠷᠭᠦᠭᠡᠨ ᠬᠦᠷᠦᠯᠴᠡᠬᠦᠢ ᠳ᠋ᠦ᠍ ᠳᠤᠷ᠎ᠠ ᠨᠢ ᠬᠥᠳᠡᠯᠵᠦ᠂ ᠠᠮᠠᠷᠬᠠᠨ ᠬᠠᠨᠳᠠᠭ ᠡᠮᠡᠭᠲᠡᠢ ᠳ᠋ᠦ᠍ ᠡᠷ᠎ᠡ ᠪᠡᠯᠭᠡ ᠡᠷᠬᠡᠲᠡᠨ ᠦ᠌ ᠬᠡᠮᠵᠢᠶ᠎ᠡ ᠲᠣᠮᠣ ᠵᠢᠵᠢᠭ ᠪᠠᠢᠬᠤ ᠨᠢ ᠪᠦᠷ ᠴᠦ᠍ ᠬᠠᠮᠢᠶ᠎ᠠ ᠦᠭᠡᠢ᠃ ᠶᠠᠭᠠᠬᠢᠭᠠᠳ ᠭᠡᠪᠡᠯ ᠦᠲᠦᠷᠢᠶ᠎ᠡ ᠪᠣᠯ ᠡᠮᠡᠭᠲᠡᠢ ᠶ᠋ᠢᠨ ᠪᠡᠯᠭᠡ ᠶ᠋ᠢᠨ ᠰᠠᠷᠠᠯ ᠢ᠋ ᠬᠥᠳᠡᠯᠭᠡᠳᠡᠭ ᠴᠣᠷ ᠤ᠋ᠨ ᠭᠠᠭᠴᠠ ᠡᠷᠬᠡᠲᠡᠨ ᠪᠢᠰᠢ᠃ ᠵᠠᠷᠢᠮ ᠡᠮᠡᠭᠲᠡᠢ ᠠᠮᠢᠳᠤᠷᠠᠯ ᠳ᠋ᠠᠭᠠᠨ ᠭᠠᠭᠴᠠ ᠴᠦ᠍ ᠤᠳᠠᠭ᠎ᠠ ᠬᠠᠨᠵᠤ ᠦᠵᠡᠭᠡ ᠦᠭᠡᠢ ᠪᠡᠨ ᠡᠷ᠎ᠡ ᠨᠥᠬᠥᠷ ᠦ᠋ᠨ ᠢ᠋ᠶ᠋ᠡᠨ ᠪᠡᠯᠭᠡ ᠡᠷᠬᠡᠲᠡᠨ ᠲᠡᠢ ᠬᠣᠯᠪᠣᠨ ᠲᠠᠢᠯᠪᠤᠷᠢᠯᠠᠬᠤ ᠶ᠋ᠢ ᠬᠢᠴᠢᠶᠡᠳᠡᠭ᠃ ᠦᠨᠡᠨ ᠬᠡᠷᠡᠭ ᠲᠡᠭᠡᠨ ᠡᠮᠡᠭᠲᠡᠢ ᠬᠥᠮᠦᠨ ᠬᠠᠩᠬᠤ ᠦᠭᠡᠢ ᠬᠣᠴᠣᠷᠬᠤ ᠨᠢ ᠥᠭᠡᠷ᠎ᠡ ᠤᠴᠢᠷ ᠰᠢᠯᠲᠠᠭᠠᠨ ᠲᠠᠢ ᠪᠠᠢᠳᠠᠭ ᠶᠤᠮ᠃ ᠡᠷᠡᠴᠦᠳ ᠪᠣᠯᠬᠣᠷ ᠪᠦᠰᠡᠭᠦᠢ ᠬᠥᠮᠦᠨ ᠪᠦᠬᠦᠨ ᠡᠷ᠎ᠡ ᠨᠥᠬᠥᠷ ᠢ᠋ᠶ᠋ᠡᠨ ᠲᠣᠮᠣ《ᠬᠡᠷᠡᠭᠯᠡᠯ》 ᠲᠡᠢ ᠪᠠᠢᠬᠤ ᠶ᠋ᠢ ᠬᠦᠰᠡᠮᠵᠢᠯᠡᠭ ᠮᠡᠲᠦ ᠪᠡᠷ ᠪᠣᠳᠣᠳᠠᠭ᠃ ᠡᠨᠡ ᠪᠣᠯ ᠡᠨᠳᠡᠭᠦᠷᠡᠯ ᠶᠦᠮ ᠰᠢᠦ᠃ ᠪᠦᠰᠡᠭᠦᠢ ᠬᠥᠮᠦᠨ ᠴᠢᠨᠠᠳᠤ ᠬᠥᠮᠦᠨ ᠳ᠋ᠡᠭᠡᠨ ᠰᠡᠳᠬᠢᠯ ᠦᠭᠡᠢ ᠯᠡ ᠪᠣᠯ《ᠬᠡᠷᠡᠭᠯᠡᠯ》 ᠨᠢ ᠬᠡᠴᠢᠨᠡᠨ ᠲᠣᠮᠣ ᠪᠠᠢᠭᠠᠳ ᠨᠡᠮᠡᠷᠢ ᠦᠭᠡᠢ᠃ ᠪᠢᠳᠡ ᠬᠡᠦᠬᠡᠨ ᠨᠦ᠍ᠭᠦᠳ ᠦ᠋ᠨ ᠳᠤᠮᠳᠠ《ᠲᠠ ᠡᠷ᠎ᠡ ᠬᠥᠮᠦᠨ ᠦ᠌ ᠶᠠᠮᠠᠷ ᠰᠢᠨᠵᠢ ᠴᠢᠨᠠᠷ ᠢ᠋ ᠲᠤᠬᠠᠢᠯᠠᠪᠠᠯ ᠲᠡᠭᠦᠨ ᠦ᠌(ᠬᠡᠷᠡᠭᠯᠡᠯ) ᠶᠠᠮᠠᠷ ᠬᠡᠮᠵᠢᠶ᠎ᠡ ᠲᠡᠢ ᠪᠠᠢᠬᠤ ᠶ᠋ᠢ ᠢᠯᠡᠭᠦᠦ ᠬᠦᠰᠡᠮᠵᠢᠯᠡᠳᠡᠭ ᠪᠣᠢ?》 ᠭᠡᠰᠡᠨ ᠠᠰᠠᠭᠤᠯᠲᠠ ᠪᠠᠷ ᠰᠤᠳᠤᠯᠭᠠᠨ ᠶᠠᠪᠤᠭᠤᠯᠬᠤ ᠳ᠋ᠤ᠌᠂《ᠰᠡᠳᠬᠢᠯ ᠲᠡᠢ ᠪᠣᠯᠤᠭᠠᠳ ᠠᠰᠢᠭᠯᠠᠵᠤ ᠴᠢᠳᠠᠪᠠᠯ ᠠᠯᠢ ᠨᠢ ᠴᠦ᠍ ᠶᠠᠭᠠᠬᠢᠬᠤᠪ》 ᠭᠡᠵᠦ ᠬᠠᠷᠢᠭᠤᠯᠤᠭᠰᠠᠨ ᠨᠢ ᠳᠡᠢᠯᠦᠩᠭᠢ ᠪᠠᠢᠯ᠎ᠠ᠃ ᠡᠨᠡ ᠪᠣᠯ ᠡᠮᠡᠭᠲᠡᠢ ᠬᠥᠮᠦᠨ ᠡᠷ᠎ᠡ ᠪᠡᠯᠭᠡ ᠡᠷᠬᠡᠲᠡᠨ ᠦ᠌ ᠬᠡᠮᠵᠢᠷᠡ ᠶ᠋ᠢ ᠭᠣᠣᠯ ᠪᠣᠯᠭᠠᠳᠠᠭ ᠦᠭᠡᠢ ᠶ᠋ᠢ ᠪᠠᠰᠠ ᠳᠠᠬᠢᠨ ᠪᠠᠲᠤᠲᠠᠢ ᠭᠡᠷᠡᠴᠢᠯᠡᠵᠦ ᠪᠠᠢᠭ᠎ᠠ ᠶᠤᠮ᠃ ᠡᠮᠡᠭᠲᠡᠢ ᠬᠥᠮᠦᠨ ᠡᠷ᠎ᠡ ᠨᠥᠬᠥᠷ ᠲᠡᠭᠡᠨ ᠦᠨᠡᠨ ᠭᠣᠣᠯ ᠠ᠋ᠴᠠ ᠪᠠᠨ ᠬᠠᠢᠷᠠᠲᠠᠢ ᠪᠠᠢᠵᠤ ᠲᠡᠭᠦᠨ ᠳ᠋ᠦ᠍ ᠪᠡᠶ᠎ᠡ ᠰᠡᠳᠬᠢᠯ ᠢ᠋ᠶ᠋ᠡᠨ ᠪᠦᠷᠢᠨ ᠵᠣᠷᠢᠭᠤᠯᠵᠤ ᠴᠢᠳᠠᠬᠤ ᠪᠥᠭᠡᠳ ᠢᠩᠭᠢᠭᠰᠡᠨ ᠢ᠋ᠶ᠋ᠡᠷ ᠬᠠᠩᠬᠤ ᠦᠭᠡᠢ ᠬᠣᠴᠣᠷᠬᠤ ᠶ᠋ᠢᠨ ᠵᠣᠪᠠᠯᠠᠩ ᠠ᠋ᠴᠠ ᠠᠶᠠᠨᠳᠠᠭᠠᠨ ᠠᠷᠢᠯᠤᠨ᠎ᠠ᠃ ᠡᠮᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠬᠥᠳᠡᠯᠬᠦ ᠳ᠋ᠦ᠍ ᠴᠢᠨᠠᠳᠤ ᠬᠥᠮᠦᠨ ᠦ᠌ ᠪᠡᠨ ᠮᠥᠰᠥ ᠴᠢᠨᠠᠷ ᠢ᠋ ᠦᠨᠡᠯᠡᠬᠦ ᠦᠨᠡᠯᠡᠭᠡ ᠬᠠᠮᠤᠭ ᠠ᠋ᠴᠠ ᠡᠷᠬᠢᠮ ᠪᠠᠢᠳᠠᠭ ᠶᠤᠮ᠃ ᠭᠡᠪᠡᠴᠦ ᠡᠷᠡᠴᠦᠳ ᠡᠭᠦᠨ ᠢ᠋ ᠲᠡᠷᠡ ᠪᠦᠷᠢ ᠣᠢᠯᠠᠭᠠᠬᠤ ᠦᠭᠡᠢ᠂ ᠡᠷ᠎ᠡ ᠡᠮ᠎ᠡ ᠶ᠋ᠢᠨ ᠢᠯᠪᠢ ᠤᠬᠠᠭᠠᠨ ᠳ᠋ᠤ᠌ ᠰᠠᠢᠨ ᠪᠣᠯᠪᠠᠰᠤᠷᠠᠵᠤ ᠴᠢᠳᠠᠭᠰᠠᠨ ᠯᠠ ᠪᠣᠯ ᠶᠠᠮᠠᠷ ᠴᠦ᠍ ᠡᠮᠡᠭᠲᠡᠢ ᠶ᠋ᠢ ᠭᠣᠮᠣᠳᠠᠭᠠᠬᠤ ᠦᠭᠡᠢ ᠭᠡᠵᠦ ᠪᠠᠷᠳᠠᠮᠨᠠᠬᠤ ᠨᠢ ᠪᠣᠢ᠃ ᠬᠡᠷᠡᠭ ᠳᠡᠭᠡᠷ᠎ᠡ ᠪᠡᠨ ᠪᠠᠰᠠ ᠴᠦ᠍ ᠲᠡᠢᠮᠦ ᠪᠢᠰᠢ᠃ ᠬᠡᠷᠪᠡ ᠡᠮᠡᠭᠲᠡᠢ ᠬᠥᠮᠦᠨ ᠴᠢᠨᠠᠳᠤ ᠬᠥᠮᠦᠨ ᠦ᠌ ᠪᠡᠨ ᠲᠠᠷ ᠢ᠋ ᠲᠠᠨᠢᠭᠰᠠᠨ ᠪᠣᠯ ᠡᠩᠭᠡᠷ ᠵᠥᠷᠢᠭᠦᠯᠬᠦ ᠡᠷᠳᠡᠮ ᠬᠡᠴᠢᠨᠡᠨ ᠰᠠᠢᠨ ᠪᠠᠢᠭᠠᠳ ᠴᠦ᠍ ᠲᠤᠰᠠ ᠪᠣᠯᠬᠤ ᠦᠭᠡᠢ᠃ ᠲᠡᠭᠡᠪᠡᠯ ᠬᠥᠮᠦᠨ ᠦ᠌ ᠮᠥᠰᠥ ᠴᠢᠨᠠᠷ ᠰᠠᠢᠲᠠᠢ᠂ ᠲᠩᠷᠢᠯᠢᠭ ᠳᠣᠲᠣᠷ ᠲᠠᠢ ᠪᠣᠯ ᠡᠷ᠎ᠡ ᠡᠮ᠎ᠡ ᠶ᠋ᠢᠨ ᠢᠯᠪᠢ ᠤᠬᠠᠭᠠᠨ ᠢ᠋ ᠣᠯᠣᠯ ᠦᠭᠡᠢ ᠴᠦ᠍ ᠭᠡᠰᠡᠨ ᠪᠦᠰᠡᠭᠦᠢ ᠬᠥᠮᠦᠨ ᠦ᠌ ᠰᠡᠳᠬᠢᠯ ᠢ᠋ ᠲᠠᠲᠠᠭᠠᠳ ᠪᠠᠢᠵᠤ ᠴᠢᠳᠠᠨ᠎ᠠ᠃ ᠳᠤᠷ᠎ᠠ ᠦᠭᠡᠢ ᠳ᠋ᠦ᠍ ᠬᠦᠴᠦ ᠦᠭᠡᠢ ᠭᠡᠭᠴᠢ ᠪᠡᠷ ᠡᠮᠡᠭᠲᠡᠢ ᠬᠥᠮᠦᠨ ᠶᠠᠭᠠᠬᠢᠨ ᠳᠤᠷ᠎ᠠ ᠦᠭᠡᠢ ᠬᠥᠮᠦᠨ ᠳ᠋ᠡᠭᠡᠨ ᠪᠡᠶ᠎ᠡ ᠪᠡᠨ ᠲᠤᠰᠢᠶᠠᠵᠤ ᠳᠤᠷ᠎ᠠ ᠬᠠᠩᠬᠤ ᠶ᠋ᠢᠨ ᠪᠠᠯ ᠪᠤᠷᠠᠮ ᠢ᠋ ᠠᠮᠰᠠᠬᠤ ᠶᠤᠮ ᠪᠣᠢ! ᠡᠢᠮᠦ ᠳ᠋ᠦ᠍ ᠪᠦᠰᠡᠭᠦᠢ ᠬᠥᠮᠦᠨ ᠦ᠌ ᠳᠣᠲᠣᠭᠠᠳᠤ ᠰᠡᠳᠬᠢᠯ ᠢ᠋ ᠣᠢᠯᠠᠭᠠᠭ᠎ᠠ ᠦᠭᠡᠢ ᠪᠠᠢᠵᠤ ᠲᠡᠭᠦᠨ ᠢ᠋ ᠶᠠᠭᠠᠷᠠᠨ ᠬᠦᠢᠲᠡᠨ ᠴᠡᠪᠳᠡᠭ ᠢ᠋ᠶ᠋ᠡᠷ ᠨᠢ ᠳᠠᠭᠠᠷᠢᠵᠤ ᠭᠣᠮᠣᠳᠠᠭᠠᠬᠤ ᠶ᠋ᠢᠨ ᠬᠡᠷᠡᠭ ᠦᠭᠡᠢ᠃ ᠡᠨᠡ ᠪᠣᠯ ᠤᠬᠠᠭᠠᠨ ᠮᠠᠭᠤᠲᠠᠢ ᠡᠷ᠎ᠡ ᠶ᠋ᠢᠨ ᠯᠡ ᠬᠢᠳᠡᠯ᠃ ᠤᠬᠠᠭᠠᠨ ᠪᠣᠯ ᠭᠡᠷ ᠪᠦᠯᠢ ᠶ᠋ᠢᠨ ᠥᠯᠵᠡᠢ ᠬᠤᠲᠤᠭ ᠪᠠ ᠴᠣᠭ ᠤ᠋ᠨ ᠨᠠᠷᠠᠨ ᠮᠥᠨ ᠡᠴᠡ ᠪᠡᠨ ᠮᠥᠨ ᠠ᠋᠃ ᠪᠦᠰᠡᠭᠦᠢ ᠬᠥᠮᠦᠨ ᠣᠢᠷᠠᠲᠤᠬᠤ ᠶ᠋ᠢ ᠥᠪᠡᠷ ᠢ᠋ᠶ᠋ᠡᠨ ᠬᠦᠰᠡᠬᠦ ᠦᠭᠡᠢ ᠪᠠᠢᠯ᠎ᠠ ᠴᠦ᠍ ᠭᠡᠰᠡᠨ ᠡᠷ᠎ᠡ ᠨᠥᠬᠥᠷ ᠢ᠋ᠶ᠋ᠡᠨ ᠪᠣᠳᠣᠨ ᠲᠡᠭᠦᠨ ᠦ᠌ ᠱᠠᠭᠠᠷᠳᠠᠵᠤ ᠪᠣᠢ ᠶ᠋ᠢ ᠬᠦᠯᠢᠶᠡᠨ ᠵᠥᠪᠰᠢᠶᠡᠷᠡᠬᠦ ᠡᠴᠡ ᠥᠭᠡᠷ᠎ᠡ ᠠᠷᠭ᠎ᠠ ᠦᠭᠡᠢ ᠪᠣᠯᠬᠤ ᠲᠣᠬᠢᠶᠠᠯᠳᠤᠯ ᠴᠥᠭᠡᠨ ᠦᠭᠡᠢ ᠪᠠᠢᠳᠠᠭ᠃ ᠲᠡᠭᠦᠨ ᠢ᠋ ᠪᠦᠦ ᠬᠡᠯᠡ ᠡᠩᠭᠡᠷ ᠵᠥᠷᠢᠭᠦᠯᠬᠦ ᠳ᠋ᠦ᠍ ᠪᠡᠶ᠎ᠡ ᠨᠢ ᠲᠠᠯᠪᠢᠭᠤᠷᠠᠬᠤ ᠦᠭᠡᠢ᠂ ᠳᠤᠷ᠎ᠠ ᠨᠢ ᠬᠠᠩᠬᠤ ᠦᠭᠡᠢ ᠪᠠᠢᠭ᠎ᠠ ᠴᠦ᠍ ᠡᠭᠦᠨ ᠢ᠋ᠶ᠋ᠡᠨ ᠶᠠᠭᠤᠮᠠᠨ ᠴᠢᠨᠡᠭᠡᠨ ᠪᠣᠳᠣᠬᠤ ᠦᠭᠡᠢ ᠬᠠᠢᠷᠠᠲᠤ ᠬᠥᠮᠦᠨ ᠢ᠋ᠶ᠋ᠡᠨ ᠵᠢᠷᠭᠠᠭᠰᠠᠨ ᠳ᠋ᠠᠭᠠᠨ ᠰᠡᠳᠬᠢᠯ ᠨᠢ ᠬᠠᠨᠤᠨ ᠴᠢᠮᠡᠭᠡ ᠦᠭᠡᠢ ᠶᠠᠪᠤᠭᠠᠳ ᠪᠠᠢᠵᠤ ᠴᠢᠳᠠᠬᠤ ᠤᠯᠤᠰ᠃ ᠲᠡᠳᠡᠨ ᠳ᠋ᠦ᠍ ᠡᠷ᠎ᠡ ᠬᠥᠮᠦᠨ ᠦ᠌ ᠬᠣᠯᠠ ᠶ᠋ᠢᠨ ᠤᠬᠠᠭᠠᠨ᠂ ᠥᠭᠭᠢᠶᠡᠮᠦᠷ ᠰᠡᠳᠬᠢᠯ᠂ ᠬᠠᠢᠷ᠎ᠠ ᠬᠠᠯᠠᠮᠵᠢ ᠠ᠋ᠴᠠ ᠥᠭᠡᠷ᠎ᠡ ᠶᠠᠭᠤ ᠴᠦ᠍ ᠬᠡᠷᠡᠭ ᠦᠭᠡᠢ᠃ ᠡᠷᠡᠴᠦᠳ ᠦ᠋ᠨ ᠨᠢᠭᠡᠨ ᠠᠳᠠᠯᠢ ᠡᠮᠡᠭᠲᠡᠢ ᠬᠥᠮᠦᠨ ᠦ᠌ ᠬᠤᠷᠢᠴᠠᠬᠤ ᠳᠤᠷ᠎ᠠ ᠲᠠᠴᠢᠶᠠᠯ᠂ ᠲᠡᠭᠦᠨ ᠦ᠌ ᠡᠷᠴᠢᠮ ᠨᠢ ᠬᠥᠮᠦᠨ ᠪᠣᠯᠭᠠᠨ ᠳ᠋ᠤ᠌ ᠥᠭᠡᠷ᠎ᠡ ᠥᠭᠡᠷ᠎ᠡ ᠪᠠᠢᠳᠠᠭ᠃ ᠡᠷ᠎ᠡ ᠡᠮ᠎ᠡ ᠶ᠋ᠢᠨ ᠶᠣᠰᠣᠨ ᠤ᠋ ᠰᠤᠳᠤᠯᠤᠯ ᠤ᠋ᠨ ᠤᠬᠠᠭᠠᠨ ᠳ᠋ᠤ᠌ ᠬᠡᠦᠬᠡᠨ ᠨᠦ᠍ᠭᠦᠳ ᠦ᠋ᠨ ᠳᠤᠷ᠎ᠠ ᠲᠠᠴᠢᠶᠠᠯ ᠶᠡᠬᠡᠲᠡᠢ᠂ ᠳᠤᠮᠳᠠ ᠵᠡᠷᠭᠡ᠂ ᠪᠠᠭᠠᠲᠠᠢ ᠭᠡᠵᠦ ᠢᠯᠭᠠᠨ ᠵᠡᠷᠭᠡᠯᠡᠳᠡᠭ ᠪᠠ ᠲᠡᠭᠦᠨ ᠢ᠋ ᠲᠣᠳᠣᠷᠬᠠᠢᠯᠠᠳᠠᠭ ᠦᠨᠳᠦᠰᠦᠨ11 ᠬᠡᠮᠵᠢᠭᠦᠷ ᠪᠠᠢᠳᠠᠭ᠃ ᠬᠡᠦᠬᠡᠨ ᠨᠦ᠍ᠭᠦᠳ ᠦ᠋ᠨ ᠨᠢᠭᠡ ᠬᠡᠰᠡᠭ ᠨᠢ ᠰᠡᠳᠬᠢᠯ ᠦ᠋ᠨ ᠬᠥᠳᠡᠯᠭᠡᠨ ᠶᠡᠬᠡᠲᠡᠢ ᠬᠤᠷᠢᠴᠠᠬᠤ ᠳᠤᠷ᠎ᠠ ᠲᠠᠴᠢᠶᠠᠯ ᠬᠦᠴᠦᠲᠡᠢ ᠢᠯᠡᠷᠡᠳᠡᠭ ᠤᠴᠢᠷ ᠠ᠋ᠴᠠ ᠳᠤᠷ᠎ᠠ ᠬᠠᠩᠬᠤ ᠦᠶ᠎ᠡ ᠳ᠋ᠡᠭᠡᠨ ᠳᠠᠭᠤ ᠠᠯᠳᠠᠵᠤ᠂ ᠭᠢᠩᠰᠢᠨ ᠤᠬᠢᠯᠠᠬᠤ ᠨᠢ ᠪᠣᠢ᠃ ᠡᠨᠡ ᠪᠣᠯ ᠴᠢᠩ ᠬᠠᠢᠷ᠎ᠠ ᠶ᠋ᠢᠨ ᠰᠡᠳᠬᠢᠯ ᠦ᠋ᠨ ᠬᠢ ᠪᠣᠯᠬᠤ ᠠ᠋ᠴᠠ ᠪᠢᠰᠢ᠂ ᠬᠠᠯᠠ ᠳ᠋ᠤᠯ ᠴᠣᠬᠢᠭᠰᠠᠨ ᠤ᠋ ᠬᠢ ᠬᠠᠷᠠᠬᠠᠨ ᠪᠢᠰᠢ᠃ ᠡᠨᠡ ᠪᠣᠯ ᠵᠢᠩᠬᠢᠨᠢ ᠠᠮᠠᠷᠠᠭ ᠤ᠋ᠨ ᠠᠷᠭ᠎ᠠ ᠦᠭᠡᠢ ᠠᠮᠠᠷᠠᠭ ᠤ᠋ᠨ ᠨᠢᠯᠪᠤᠰᠤ ᠮᠥᠨ᠃ ᠲᠡᠭᠡᠪᠡᠯ ᠬᠡᠦᠬᠡᠨ ᠨᠦ᠍ᠭᠦᠳ ᠦ᠋ᠨ ᠨᠥᠭᠦᠭᠡ ᠨᠢᠭᠡ ᠬᠡᠰᠡᠭ ᠨᠢ ᠰᠡᠳᠬᠢᠯ ᠦ᠋ᠨ ᠬᠥᠳᠡᠯᠭᠡᠨ ᠪᠠᠭᠠᠲᠠᠢ᠂ ᠬᠤᠷᠢᠴᠠᠬᠤ ᠳᠤᠷ᠎ᠠ ᠲᠠᠴᠢᠶᠠᠯ ᠪᠠᠭ᠎ᠠ ᠢᠯᠡᠷᠡᠳᠡᠭ ᠲᠤᠯᠠ《 ᠡᠩᠭᠡᠷ ᠵᠥᠷᠢᠭᠦᠯᠵᠦ》 ᠪᠠᠢᠬᠤ ᠳ᠋ᠤ᠌ ᠶᠠᠭᠠᠬᠢᠳᠠᠭ ᠴᠦ᠍ ᠦᠭᠡᠢ᠃ ᠲᠡᠳᠡᠨ ᠢ᠋ ᠬᠠᠩᠭᠠᠬᠤ ᠶ᠋ᠢᠨ ᠲᠤᠯᠠᠳᠠ ᠪᠡᠯᠭᠡ ᠶ᠋ᠢᠨ ᠰᠠᠷᠠᠯ ᠢ᠋ ᠨᠢ ᠰᠠᠢᠨ ᠬᠥᠳᠡᠯᠭᠡᠵᠦ ᠥᠭᠬᠦ ᠬᠡᠷᠡᠭ ᠲᠡᠢ ᠪᠣᠯᠳᠠᠭ᠃ ᠢᠩᠭᠢᠬᠦᠯᠡᠷ᠂ ᠬᠤᠷᠢᠴᠠᠬᠤ ᠦᠶ᠎ᠡ ᠳ᠋ᠦ᠍ ᠲᠠᠴᠢᠶᠠᠯ ᠢ᠋ᠶ᠋ᠠᠷ ᠢ᠋ᠶ᠋ᠠᠨ ᠲᠠᠰᠤ ᠣᠨᠳᠣᠣ ᠬᠣᠶᠠᠷ ᠬᠥᠮᠦᠨ ᠲᠣᠯᠣᠭᠠᠢ ᠬᠣᠯᠪᠣᠪᠠᠯ ᠲᠡᠳᠡᠨ ᠦ᠌ ᠡᠮᠦᠨ᠎ᠡ ᠰᠡᠳᠬᠢᠯ ᠢ᠋ᠶ᠋ᠡᠷ ᠢ᠋ᠶ᠋ᠡᠨ ᠨᠠᠷᠢᠨ ᠲᠦᠪᠡᠭ ᠲᠡᠢ ᠠᠰᠠᠭᠤᠳᠠᠯ ᠲᠤᠯᠭᠠᠷᠠᠬᠤ ᠨᠢ ᠠᠷᠭ᠎ᠠ ᠦᠭᠡᠢ᠃ ᠲᠣᠳᠣᠷᠠᠭᠤᠯᠤᠨ ᠬᠡᠯᠡᠪᠡᠯ᠂ ᠨᠢᠭᠡ ᠨᠢ ᠬᠤᠷᠢᠴᠠᠬᠤ ᠳᠤᠷ᠎ᠠ ᠲᠠᠴᠢᠶᠠᠯ ᠶᠡᠬᠡᠲᠡᠢ᠂ ᠨᠥᠭᠦᠭᠡ ᠳᠠᠬᠢ ᠨᠢ ᠡᠨᠡ ᠲᠠᠯ᠎ᠠ ᠶ᠋ᠢᠨ ᠳᠤᠷ᠎ᠠ ᠬᠦᠰᠡᠯ ᠪᠠᠭᠠᠲᠠᠢ ᠪᠣᠯ ᠡᠬᠡᠨᠡᠷ ᠨᠥᠬᠥᠷ ᠬᠣᠭᠣᠷᠣᠨᠳᠣ ᠪᠠᠨ ᠡᠷ᠎ᠡ ᠡᠮ᠎ᠡ ᠶ᠋ᠢᠨ ᠶᠣᠰᠣᠨ ᠤ᠋ ᠲᠠᠯ᠎ᠠ ᠪᠠᠷ ᠲᠠᠭᠠᠷᠠᠵᠤ ᠲᠣᠬᠢᠷᠠᠬᠤ ᠳ᠋ᠤ᠌ ᠠᠮᠠᠷ ᠦᠭᠡᠢ ᠪᠠᠢᠳᠠᠭ᠃ ᠭᠡᠪᠡᠴᠦ ᠬᠠᠷᠢᠯᠴᠠᠨ ᠪᠡᠯᠭᠡᠯᠡᠬᠦ ᠬᠠᠢᠷ᠎ᠠ ᠰᠡᠳᠬᠢᠯ ᠦ᠋ᠨ ᠠᠴᠢ ᠪᠠᠷ ᠲᠡᠳᠡ ᠪᠡᠶ᠎ᠡ ᠪᠡᠶ᠎ᠡ ᠳ᠋ᠡᠭᠡᠨ ᠢᠵᠢᠯᠢᠳᠦᠨ ᠲᠡᠰᠴᠦ᠂ ᠠᠮᠢᠳᠤᠷᠠᠯ ᠤ᠋ᠨ ᠪᠠᠶᠠᠷ ᠪᠠᠶᠠᠰᠬᠤᠯᠠᠩ ᠢ᠋ ᠠᠮᠰᠠᠨ ᠡᠳ᠋ᠯᠡᠳᠡᠭ᠃ ᠡᠢᠮᠦ ᠳ᠋ᠦ᠍ ᠬᠠᠨᠢᠯᠠᠭᠰᠠᠨ ᠬᠠᠨᠢ ᠪᠠᠨ ᠢᠨᠠᠭ ᠤ᠋ᠨ ᠰᠡᠳᠬᠢᠯ ᠢ᠋ᠶ᠋ᠡᠷ ᠬᠡᠵᠢᠶ᠎ᠡ ᠴᠦ᠍ ᠪᠦᠦ ᠳᠤᠲᠠᠭ᠎ᠠ! ᠲᠣᠭᠣᠨᠣᠲᠤ ᠭᠡᠷ ᠲᠦ᠍ ᠲᠣᠯᠣᠭᠠᠢ ᠬᠣᠯᠪᠣᠭᠰᠠᠨ ᠡᠬᠡᠨᠡᠷ ᠨᠥᠬᠥᠷ ᠬᠣᠶᠠᠷ ᠬᠡᠨ ᠬᠡᠨ ᠢ᠋ ᠪᠡᠨ ᠬᠠᠢᠷᠠᠯᠠᠬᠤ ᠶ᠋ᠢᠨ ᠳᠡᠭᠡᠳᠦ ᠪᠡᠷ ᠬᠠᠢᠷᠠᠯᠠᠵᠤ ᠰᠠᠨᠠᠭᠰᠠᠨ ᠪᠣᠳᠣᠭᠰᠠᠨ ᠢ᠋ᠶ᠋ᠠᠨ ᠰᠡᠳᠬᠢᠯ ᠳ᠋ᠡᠭᠡᠨ ᠨᠢᠭᠤᠵᠤ ᠬᠠᠭᠠᠭᠠᠯ ᠦᠭᠡᠢ ᠢᠯᠠᠨ ᠳᠠᠯᠠᠨ ᠦᠭᠡᠢ ᠪᠠᠢᠵᠤ ᠴᠢᠳᠠᠪᠠᠯ ᠵᠢᠷᠭᠠᠯ ᠭᠡᠵᠦ ᠲᠡᠭᠦᠨ ᠢ᠋ ᠬᠡᠯᠡᠬᠦ ᠪᠣᠢ ᠢ᠎ᠠ᠃ ᠭᠡᠪᠡᠴᠦ ᠵᠠᠷᠢᠮ ᠬᠡᠦᠬᠡᠨ ᠨᠦ᠍ᠭᠦᠳ ᠢᠩᠭᠢᠬᠦ ᠶ᠋ᠢ ᠪᠦᠦ ᠬᠡᠯᠡ ᠡᠩᠭᠡᠷ ᠵᠥᠷᠢᠭᠦᠯᠬᠦ ᠳ᠋ᠡᠭᠡᠨ ᠴᠦ᠍ ᠡᠷ᠎ᠡ ᠨᠥᠬᠥᠷ ᠦ᠋ᠨ ᠢ᠋ᠶ᠋ᠡᠨ ᠢᠳᠡᠪᠬᠢᠲᠡᠢ ᠰᠠᠨᠠᠭᠠᠴᠢᠯᠠᠭ᠎ᠠ ᠶ᠋ᠢ ᠬᠣᠷᠢᠵᠤ ᠲᠡᠭᠦᠨ ᠦ᠌ ᠬᠦᠰᠡᠭᠰᠡᠨ ᠪᠦᠭᠦᠳᠡ ᠶ᠋ᠢ ᠵᠥᠪᠰᠢᠶᠡᠷᠡᠬᠦ ᠦᠭᠡᠢ ᠳᠤᠷ᠎ᠠ ᠦᠭᠡᠢᠴᠡᠬᠦ ᠨᠢ ᠪᠣᠢ᠃ ᠡᠷ᠎ᠡ ᠨᠥᠬᠥᠷ ᠦ᠋ᠨ ᠢ᠋ᠶ᠋ᠡᠨ ᠤᠷᠢᠳᠤ ᠡᠮᠦᠨ᠎ᠡ ᠦᠵᠡᠵᠦ ᠥᠩᠭᠡᠷᠡᠭᠡ ᠦᠭᠡᠢ ᠥᠭᠡᠷ᠎ᠡ ᠰᠢᠨ᠎ᠡ ᠪᠠᠢᠷᠢᠯᠠᠯ ᠳ᠋ᠤ᠌ ᠡᠩᠭᠡᠷ ᠵᠥᠷᠢᠭᠦᠯᠬᠦ ᠭᠡᠰᠡᠨ ᠦ᠌ ᠲᠥᠯᠥᠭᠡ ᠬᠠᠷᠠᠳᠠᠨ ᠰᠡᠷᠡᠳᠡᠵᠦ᠂ ᠡᠪ ᠳᠦᠨᠵᠡᠨ ᠬᠠᠭᠠᠷᠠᠵᠤ᠂ ᠮᠠᠭᠤᠳᠠᠯᠴᠠᠭᠰᠠᠨ ᠵᠠᠯᠠᠭᠤᠬᠠᠨ ᠬᠣᠣᠰ ᠪᠢᠳᠡᠨ ᠡᠴᠡ ᠵᠥᠪᠯᠡᠯᠭᠡᠨ ᠠᠪᠬᠤ ᠪᠠᠷ ᠢᠷᠡᠵᠦ ᠪᠠᠢᠭᠰᠠᠨ ᠢ᠋ ᠲᠣᠳᠣᠬᠠᠨ ᠰᠠᠨᠠᠵᠤ ᠪᠠᠢᠨ᠎ᠠ᠃ ᠲᠡᠳᠡᠨ ᠦ᠌ ᠤᠴᠢᠷ ᠪᠠᠢᠳᠠᠯ ᠢ᠋ ᠰᠠᠢᠲᠤᠷ ᠲᠠᠢᠯᠪᠤᠷᠢᠯᠠᠨ ᠣᠢᠯᠠᠭᠠᠭᠤᠯᠤᠭᠰᠠᠨ ᠤ᠋ ᠡᠴᠦᠰ ᠲᠦ᠍ ᠯᠡ ᠡᠪ ᠵᠦᠢ ᠪᠡᠨ ᠣᠯᠵᠤ᠂ ᠣᠳᠣ ᠥᠨᠢᠷ ᠥᠳᠬᠡᠨ᠂ ᠰᠠᠢᠨ ᠰᠠᠢᠬᠠᠨ ᠠᠮᠢᠳᠤᠷᠠᠵᠤ ᠪᠠᠢᠨ᠎ᠠ᠃ ᠡᠨᠳᠡ ᠡᠴᠡ ᠦᠵᠡᠬᠦ ᠳ᠋ᠦ᠍᠂ ᠡᠷ᠎ᠡ ᠡᠮ᠎ᠡ ᠶ᠋ᠢᠨ ᠶᠣᠰᠣᠨ ᠤ᠋ ᠰᠣᠶᠣᠯ ᠬᠥᠮᠦᠵᠢᠯ ᠳᠤᠲᠠᠪᠠᠯ ᠶᠠᠭᠤᠨ ᠳ᠋ᠤ᠌ ᠴᠣ ᠬᠦᠷᠭᠡᠵᠦ ᠮᠡᠳᠡᠨ᠎ᠡ᠃ ᠥᠨᠥᠳᠥᠷ ᠪᠠᠷᠤᠭ ᠪᠦᠬᠦ ᠡᠮᠡᠭᠲᠡᠢᠴᠦᠳ ᠬᠡᠪᠯᠡᠯ ᠨᠣᠮ ᠪᠣᠯᠤᠨ ᠬᠥᠮᠦᠨ ᠦ᠌ ᠡᠮᠦᠨ᠎ᠡ ᠡᠴᠡ ᠡᠷ᠎ᠡ ᠡᠮ᠎ᠡ ᠶ᠋ᠢᠨ ᠶᠣᠰᠣᠨ ᠪᠣᠯ ᠡᠷᠡᠭᠲᠡᠢ ᠬᠥᠮᠦᠨ ᠦ᠌ ᠲᠡᠳᠦᠢ ᠦᠭᠡᠢ᠂ ᠪᠦᠰᠡᠭᠦᠢ ᠳ᠋ᠦ᠍ ᠪᠠᠰᠠ ᠴᠢᠬᠤᠯᠠ ᠭᠡᠳᠡᠭ ᠢ᠋ ᠨᠢᠭᠡᠨᠲᠡ ᠣᠯᠵᠤ ᠮᠡᠳᠡᠵᠡᠢ᠃ ᠡᠢᠮᠦ ᠨᠥᠬᠥᠴᠡᠯ ᠳ᠋ᠦ᠍ ᠵᠠᠯᠠᠭᠤ ᠬᠣᠣᠰ ᠤ᠋ᠳ ᠡᠷ᠎ᠡ ᠡᠮ᠎ᠡ ᠶ᠋ᠢᠨ ᠢᠯᠪᠢ ᠤᠬᠠᠭᠠᠨ ᠳ᠋ᠤ᠌ ᠲᠡᠭᠦᠰ ᠰᠤᠷᠤᠯᠴᠠᠬᠤ ᠬᠡᠷᠡᠭᠲᠡᠢ᠃ ᠡᠨᠡ ᠶᠠᠭᠤ ᠭᠡᠰᠡᠨ ᠦᠭᠡ ᠪᠣᠢ ᠭᠡᠪᠡᠯ ᠤᠴᠡᠷᠠᠭᠰᠨᠨ ᠬᠣᠶᠠᠷ ᠡᠯ᠎ᠡ ᠡᠷᠬᠢᠮ ᠶᠣᠰᠣ ᠶ᠋ᠢ ᠬᠡᠨ ᠬᠡᠨ ᠳ᠋ᠦ᠍ ᠪᠡᠨ ᠳᠡᠭᠡᠳᠦ ᠵᠡᠷᠭᠡ ᠪᠡᠷ ᠬᠠᠨᠤᠮᠵᠢᠲᠠᠢ᠂ ᠬᠣᠶᠠᠭᠤᠯᠠ ᠪᠠᠨ ᠨᠢᠭᠡᠨ ᠵᠡᠷᠭᠡ ᠳᠤᠷ᠎ᠠ ᠬᠠᠩᠬᠤᠢᠴᠠ ᠪᠠᠢᠳᠠᠯ ᠢ᠋ᠶ᠋ᠠᠷ ᠦᠢᠯᠡᠳᠴᠦ ᠰᠤᠷᠬᠤ ᠬᠡᠷᠡᠭᠲᠡᠢ ᠭᠡᠰᠡᠨ ᠦᠭᠡ ᠶᠦᠮ᠃ ᠨᠥᠭᠦᠭᠡᠲᠡᠭᠦᠷ᠂ ᠡᠮᠡᠭᠲᠡᠢ ᠬᠥᠮᠦᠨ ᠬᠤᠷᠢᠴᠠᠯ ᠠ᠋ᠴᠠ ᠵᠥᠪᠬᠡᠨ ᠪᠡᠶ᠎ᠡ ᠶ᠋ᠢᠨ ᠠᠮᠠᠷᠠᠯᠲᠠ᠂ ᠰᠡᠳᠬᠢᠯ ᠦ᠋ᠨ ᠵᠢᠷᠭᠠᠯ ᠠᠮᠰᠠᠨ ᠡᠳ᠋ᠯᠡᠬᠦ ᠲᠡᠳᠦᠢ ᠦᠭᠡᠢ ᠡᠷ᠎ᠡ ᠬᠥᠮᠦᠨ ᠦ᠌ ᠪᠡᠶ᠎ᠡ ᠡᠴᠡ《ᠭᠠᠷᠴᠤ》 ᠪᠠᠢᠭ᠎ᠠ ᠦᠷ᠎ᠡ ᠶ᠋ᠢᠨ ᠰᠢᠩᠭᠡᠨ ᠡᠴᠡ ᠤᠭᠤᠷᠠᠭ᠂ ᠠᠮᠢᠨ ᠬᠦᠴᠢᠯ᠂ ᠸᠢᠲ᠋ᠠᠮᠢᠨ᠂ ᠡᠷᠦᠳᠡᠰᠦ ᠪᠣᠳᠠᠰ ᠵᠡᠷᠭᠡ ᠪᠡᠶ᠎ᠡ ᠳ᠋ᠦ᠍ ᠰᠠᠢᠨ ᠨᠥᠯᠥᠭᠡ ᠦᠵᠡᠭᠦᠯᠳᠡᠭ ᠪᠢᠣᠯᠣᠭᠢ ᠶ᠋ᠢᠨ ᠢᠳᠡᠪᠬᠢᠲᠦ ᠵᠠᠷᠢᠮ ᠪᠣᠳᠠᠰ ᠢ᠋ ᠠᠪᠳᠠᠭ᠃ ᠦᠷ᠎ᠡ ᠶ᠋ᠢᠨ ᠰᠢᠩᠭᠡᠨ ᠪᠣᠯ ᠴᠣᠷᠭᠣ ᠠ᠋ᠴᠠ ᠭᠣᠭᠣᠵᠢᠳᠠᠭ ᠲᠦᠭᠦᠬᠡᠢ ᠤᠰᠤ ᠪᠢᠰᠢ ᠤᠴᠢᠷ ᠠ᠋ᠴᠠ ᠲᠡᠷᠡᠬᠦ《ᠠᠰᠢᠭᠲᠠᠢ》 ᠰᠢᠩᠭᠡᠨ ᠢ᠋ ᠡᠮᠡᠭᠲᠡᠢ ᠬᠥᠮᠦᠨ ᠠᠯᠲᠠᠬᠠᠨ ᠪᠡᠶ᠎ᠡ ᠳ᠋ᠡᠭᠡᠨ ᠠᠯᠢ ᠪᠣᠯᠬᠤ ᠰᠢᠩᠭᠡᠭᠡᠬᠦ ᠶ᠋ᠢ ᠭᠡᠴᠢᠶᠡᠭᠦᠰᠢᠲᠡᠢ᠃ ᠭᠠᠭᠴᠠ ᠪᠡᠶ᠎ᠡ ᠡᠮᠡᠭᠲᠡᠢ ᠭᠣᠣᠯᠴᠠᠭᠤ ᠡᠴᠡᠩᠬᠡᠢ ᠲᠤᠷᠠᠩᠬᠠᠢ᠂ ᠬᠠᠲᠠᠮᠠᠯ ᠬᠠᠭᠤᠷᠠᠢ ᠠᠷᠠᠰᠤ ᠲᠠᠢ᠂ ᠴᠢᠷᠠᠢ ᠵᠢᠰᠦ ᠠᠯᠳᠠᠭᠰᠠᠨ᠂ ᠲᠠᠷᠢᠬᠢ ᠲᠣᠯᠣᠭᠠᠢ ᠨᠢ ᠪᠠᠢᠩᠭᠤ ᠡᠪᠡᠳᠳᠡᠭ᠂ ᠪᠡᠶ᠎ᠡ ᠶ᠋ᠢᠨ ᠵᠢᠪᠬᠤᠭ᠎ᠠ ᠮᠠᠭᠤᠲᠠᠢ᠂ ᠣᠭᠵᠣᠮ ᠲᠦᠷᠭᠡᠨ ᠠᠭᠤᠷ ᠤᠴᠠᠭᠠᠷ ᠲᠠᠢ ᠪᠠᠢᠳᠠᠭ ᠨᠢ ᠡᠭᠦᠨ ᠲᠡᠢ ᠬᠣᠯᠪᠣᠭ᠎ᠠ ᠲᠠᠢ ᠪᠠᠢᠵᠤ ᠮᠡᠳᠡᠬᠦ ᠶ᠋ᠢ ᠬᠡᠨ ᠦᠭᠡᠢᠰᠬᠡᠬᠦ ᠪᠢᠯᠡ᠃ ᠡᠮᠡᠭᠲᠡᠢ ᠬᠥᠮᠦᠨ ᠦ᠌ ᠳᠤᠷ᠎ᠠ ᠬᠠᠩᠬᠤ ᠣᠯᠠᠨ ᠵᠦᠢᠯ ᠡᠴᠡ ᠰᠢᠯᠲᠠᠭᠠᠯᠠᠬᠤ ᠲᠡᠳᠦᠢ ᠦᠭᠡᠢ ᠲᠡᠭᠦᠨ ᠦ᠌ ᠭᠠᠳᠠᠭᠠᠳᠤ ᠢᠯᠡᠷᠡᠯ ᠨᠢ ᠬᠥᠮᠦᠨ ᠪᠣᠯᠭᠠᠨ ᠳ᠋ᠤ᠌ ᠬᠠᠷᠢᠯᠴᠠᠨ ᠠᠳᠠᠯᠢ ᠦᠭᠡᠢ ᠪᠠᠢᠳᠠᠭ᠃ ᠪᠢᠳᠡᠨ ᠦ᠌ ᠬᠢᠭᠰᠡᠨ ᠰᠤᠳᠤᠯᠭᠠᠨ ᠠ᠋ᠴᠠ ᠦᠵᠡᠬᠦ ᠳ᠋ᠦ᠍ ᠵᠠᠷᠢᠮ ᠬᠡᠦᠬᠡᠨ ᠨᠦ᠍ᠭᠦᠳ ᠪᠡᠶ᠎ᠡ ᠨᠢ ᠲᠠᠯᠪᠢᠭᠤᠷᠠᠵᠤ ᠳᠤᠷ᠎ᠠ ᠨᠢ ᠬᠠᠩᠬᠤ ᠦᠶ᠎ᠡ ᠳ᠋ᠡᠭᠡᠨ ᠪᠠᠷᠤᠭ ᠤᠬᠠᠭᠠᠨ ᠠᠯᠳᠠᠵᠤ ᠭᠢᠩᠰᠢᠨ ᠤᠬᠢᠯᠠᠬᠤ᠂ ᠳᠠᠭᠤ ᠠᠯᠳᠠᠬᠤ᠂ ᠬᠠᠵᠠᠬᠤ᠂ ᠴᠢᠮᠬᠢᠬᠦ᠂ ᠴᠢᠩᠭ᠎ᠠ ᠪᠠᠷ ᠲᠡᠪᠡᠷᠢᠬᠦ ᠵᠡᠷᠭᠡ ᠪᠠᠢᠳᠠᠯ ᠢ᠋ ᠭᠠᠷᠭᠠᠳᠠᠭ ᠪᠣᠯ ᠨᠥᠭᠦᠭᠡ ᠬᠡᠰᠡᠭ ᠨᠢ ᠢᠩᠭᠢᠬᠦ ᠶ᠋ᠢ ᠪᠦᠦ ᠬᠡᠯᠡ ᠨᠥᠬᠥᠷ ᠢ᠋ᠶ᠋ᠡᠨ ᠱᠠᠯᠠᠪᠳᠠᠬᠤ ᠶ᠋ᠢ ᠱᠠᠭᠠᠷᠳᠠᠵᠤ ᠶᠠᠮᠠᠷ ᠴᠦ᠍ ᠢᠳᠡᠪᠬᠢ ᠦᠭᠡᠢ ᠪᠠᠢᠳᠠᠭ ᠠᠵᠠᠢ᠃ ᠡᠨᠳᠡ ᠡᠴᠡ ᠡᠮᠡᠭᠲᠡᠢ ᠶ᠋ᠢᠨ ᠳᠤᠷ᠎ᠠ ᠬᠠᠩᠬᠤ ᠮᠡᠳᠡᠷᠡᠮᠵᠢ ᠶ᠋ᠢᠨ ᠭᠠᠳᠠᠭᠠᠳᠤ ᠢᠯᠡᠷᠡᠯ ᠡᠢᠬᠦ ᠶᠠᠩᠵᠤ ᠪᠦᠷᠢ ᠶ᠋ᠢᠨ ᠪᠠᠢᠳᠠᠭ ᠤᠴᠢᠷ ᠶᠠᠭᠤ ᠪᠣᠢ ᠭᠡᠰᠡᠨ ᠠᠰᠠᠭᠤᠯᠲᠠ ᠤᠷᠭᠤᠨ ᠭᠠᠷᠴᠤ ᠢᠷᠡᠬᠦ ᠨᠢ ᠮᠡᠳᠡᠭᠡᠵᠢ᠃ ᠡᠨᠡ ᠨᠢ ᠲᠤᠬᠠᠢ ᠶ᠋ᠢᠨ ᠡᠮᠡᠭᠲᠡᠢ ᠶ᠋ᠢᠨ ᠳᠡᠭᠡᠳᠦ ᠮᠡᠳᠡᠷᠡᠯ ᠦ᠋ᠨ ᠦᠢᠯᠡ ᠠᠵᠢᠯᠯᠠᠭᠠᠨ ᠤ᠋ ᠬᠡᠪ ᠦ᠋ᠨ ᠰᠢᠨᠵᠢ ᠠᠪᠤᠷᠢ ᠠᠷᠠᠨᠰᠢᠨ᠂ ᠵᠠᠩ ᠲᠥᠷᠬᠦ ᠰᠡᠳᠬᠢᠯ ᠦ᠋ᠨ ᠬᠥᠳᠡᠯᠭᠡᠨ᠂ ᠪᠡᠯᠭᠡ ᠶ᠋ᠢᠨ ᠳᠤᠷ᠎ᠠ ᠲᠠᠴᠢᠶᠠᠯ᠂ ᠡᠷ᠎ᠡ ᠡᠮ᠎ᠡ ᠶ᠋ᠢᠨ ᠶᠣᠰᠣᠨ ᠤ᠋ ᠬᠥᠮᠦᠵᠢᠯ ᠵᠡᠷᠭᠡ ᠡᠴᠡ ᠰᠢᠯᠲᠠᠭᠠᠯᠠᠳᠠᠭ᠃ ᠰᠡᠳᠬᠢᠯ ᠦ᠋ᠨ ᠬᠥᠳᠡᠯᠭᠡᠨ ᠶᠡᠬᠡᠲᠡᠢ᠂ ᠬᠤᠷᠢᠴᠠᠬᠤ ᠳᠤᠷ᠎ᠠ ᠲᠠᠴᠢᠶᠠᠯ ᠬᠦᠴᠦᠲᠡᠢ ᠢᠯᠡᠷᠡᠳᠡᠭ ᠠᠲᠠᠯ᠎ᠠ ᠡᠷ᠎ᠡ ᠡᠮ᠎ᠡ ᠶ᠋ᠢᠨ ᠶᠣᠰᠣᠨ ᠤ᠋ ᠪᠤᠷᠤᠭᠤ ᠬᠥᠮᠦᠵᠢᠯ ᠦ᠋ᠨ ᠤᠯᠠᠮ ᠠ᠋ᠴᠠ ᠡᠩᠭᠡᠷ ᠵᠥᠷᠢᠭᠦᠯᠬᠦ ᠪᠣᠯᠤᠨ ᠳᠤᠷ᠎ᠠ ᠬᠠᠩᠬᠤ ᠦᠶ᠎ᠡ ᠳ᠋ᠡᠭᠡᠨ ᠳᠠᠭᠤ ᠴᠢᠮᠡᠭᠡ ᠭᠠᠷᠭᠠᠬᠤ ᠭᠢᠩᠰᠢᠨ ᠤᠬᠢᠯᠠᠬᠤ ᠵᠡᠷᠭᠡ ᠶ᠋ᠢ ᠪᠠᠢᠵᠤ ᠪᠣᠯᠬᠤ ᠦᠭᠡᠢ᠂ ᠡᠪ ᠦᠭᠡᠢ ᠮᠠᠭᠤᠬᠠᠢ ᠵᠦᠢᠯ ᠮᠡᠲᠦ ᠦᠵᠡᠳᠡᠭ ᠡᠮᠡᠭᠲᠡᠢ ᠳ᠋ᠦ᠍ ᠬᠤᠷᠢᠴᠠᠯ ᠶᠠᠮᠠᠷ ᠴᠦ᠍ ᠰᠠᠢᠬᠠᠨ ᠪᠠᠢᠯ᠎ᠠ ᠭᠡᠰᠡᠨ ᠪᠡᠶ᠎ᠡ ᠪᠡᠨ ᠪᠠᠷᠢᠭᠠᠳ ᠳᠠᠭᠤ ᠱᠣᠣ ᠭᠠᠷᠭᠠᠬᠤ ᠦᠭᠡᠢ ᠪᠠᠢᠵᠤ ᠪᠣᠯᠤᠨ᠎ᠠ᠃ ᠲᠡᠭᠡᠪᠡᠯ ᠰᠡᠳᠬᠢᠯ ᠦ᠋ᠨ ᠬᠥᠳᠡᠯᠭᠡᠨ ᠪᠠᠭᠠᠲᠠᠢ᠂ ᠬᠤᠷᠢᠴᠠᠬᠤ ᠳᠤᠷ᠎ᠠ ᠲᠠᠴᠢᠶᠠᠯ ᠰᠤᠯᠠᠲᠠᠢ᠂ ᠲᠡᠷᠡ ᠪᠦᠦ ᠬᠡᠯᠡ ᠳᠤᠷ᠎ᠠ ᠬᠠᠨᠳᠠᠭ ᠦᠭᠡᠢ ᠡᠮᠡᠭᠲᠡᠢ《ᠡᠯᠳᠡᠪ ᠮᠠᠶᠢᠭ》 ᠭᠠᠷᠭᠠᠬᠤ ᠨᠢ ᠡᠷᠡᠭᠲᠡᠢ ᠬᠥᠮᠦᠨ ᠳ᠋ᠦ᠍ ᠢᠯᠡᠭᠦᠦ ᠲᠠᠭᠠᠯᠠᠮᠵᠢᠲᠠᠢ ᠠᠶᠠᠲᠠᠢᠬᠠᠨ ᠪᠠᠢᠳᠠᠭ ᠢ᠋ ᠮᠡᠳᠡᠳᠡᠭ᠂ ᠡᠷ᠎ᠡ ᠡᠮ᠎ᠡ ᠶ᠋ᠢᠨ ᠶᠣᠰᠣᠨ ᠤ᠋ ᠵᠥᠪ ᠬᠥᠮᠦᠵᠢᠯ ᠲᠡᠢ ᠪᠣᠯ ᠡᠬᠡᠨᠡᠷ ᠨᠢ ᠨᠥᠬᠥᠷ ᠦ᠋ᠨ ᠢ᠋ᠶ᠋ᠡᠨ ᠳᠤᠷ᠎ᠠ ᠶ᠋ᠢ ᠢᠯᠡᠭᠦᠦ ᠬᠠᠩᠭᠠᠨ᠎ᠠ᠃ ᠲᠡᠭᠦᠨ ᠡᠴᠡ ᠭᠠᠳᠠᠨ᠎ᠠ ᠳᠤᠷ᠎ᠠ ᠬᠠᠩᠬᠤ ᠮᠡᠳᠡᠷᠡᠮᠵᠢ ᠶ᠋ᠢᠨ ᠦᠷᠭᠦᠯᠵᠢᠯᠡᠬᠦ ᠬᠤᠭᠤᠴᠠᠭ᠎ᠠ ᠪᠦᠰᠡᠭᠦᠢ ᠬᠥᠮᠦᠨ ᠪᠣᠯᠭᠠᠨ ᠳ᠋ᠤ᠌ ᠤᠷᠲᠤ᠂ ᠪᠣᠭᠣᠨᠢ ᠬᠠᠷᠢᠯᠴᠠᠨ ᠠᠳᠠᠯᠢ ᠦᠭᠡᠢ ᠪᠠᠢᠨ᠎ᠠ᠃ ᠲᠡᠭᠦᠨᠴᠢᠯᠡᠨ ᠨᠢᠭᠡ ᠤᠳᠠᠭ᠎ᠠ ᠶ᠋ᠢᠨ ᠬᠤᠷᠢᠴᠠᠯ ᠠ᠋ᠴᠠ ᠬᠡᠳᠦᠨ ᠤᠳᠠᠭ᠎ᠠ ᠳᠤᠷ᠎ᠠ ᠬᠠᠩᠬᠤ ᠴᠢᠳᠠᠪᠤᠷᠢ ᠪᠠᠷ ᠢ᠋ᠶ᠋ᠠᠨ ᠴᠦ᠍ ᠪᠠᠰᠠ ᠡᠮᠡᠭᠲᠡᠢ ᠬᠥᠮᠦᠨ ᠪᠦᠬᠦᠨ ᠢᠯᠭᠠᠭ᠎ᠠ ᠲᠠᠢ᠃ ᠬᠡᠦᠬᠡᠨ ᠨᠦ᠍ᠭᠦᠳ ᠦ᠋ᠨ ᠶᠡᠬᠡᠩᠬᠢ ᠨᠢ ᠨᠢᠭᠡ ᠤᠳᠠᠭ᠎ᠠ ᠶ᠋ᠢᠨ ᠬᠤᠷᠢᠴᠠᠯ ᠠ᠋ᠴᠠ ᠭᠠᠭᠴᠠᠬᠠᠨ ᠯᠠ ᠤᠳᠠᠭ᠎ᠠ ᠳᠤᠷ᠎ᠠ ᠬᠠᠨᠳᠠᠭ ᠪᠣᠯ ᠲᠡᠳᠡᠨ ᠦ᠌ ᠴᠥᠭᠡᠩᠬᠢ ᠨᠢ ᠲᠡᠭᠦᠨ ᠡᠴᠡ ᠬᠣᠶᠠᠷ ᠪᠠ ᠡᠭᠦᠨ ᠡᠴᠡ ᠴᠦ᠍ ᠣᠯᠠᠨ ᠤᠳᠠᠭ᠎ᠠ ᠳᠤᠷ᠎ᠠ ᠬᠠᠩᠬᠤ ᠨᠢ ᠪᠣᠢ᠃
ᠡᠷᠡᠭᠲᠡᠢ ᠬᠥᠮᠦᠨ ᠦ᠌ ᠨᠢᠭᠡ ᠠᠩᠬᠠᠷᠬᠤ ᠵᠦᠢᠯ ᠪᠣᠯ ᠡᠮᠡᠭᠲᠡᠢ ᠬᠥᠮᠦᠨ ᠦ᠌ ᠪᠡᠶ᠎ᠡ ᠲᠠᠯᠪᠢᠭᠤᠷᠠᠬᠤ᠂ ᠳᠤᠷ᠎ᠠ ᠨᠢ ᠬᠠᠨᠤᠭᠰᠠᠨ ᠤ᠋ ᠳᠠᠷᠠᠭ᠎ᠠ ᠲᠡᠭᠦᠨ ᠦ᠌ ᠪᠡᠯᠭᠡ ᠶ᠋ᠢᠨ ᠡᠷᠬᠡᠲᠡᠨ ᠨᠢᠭᠡ ᠬᠡᠰᠡᠭ ᠰᠠᠷᠠᠯ ᠤ᠋ᠨ ᠪᠠᠢᠳᠠᠯ ᠳ᠋ᠤ᠌ ᠬᠡᠪ ᠢ᠋ᠶ᠋ᠡᠷ ᠢ᠋ᠶ᠋ᠡᠨ ᠪᠠᠢᠳᠠᠭ ᠢ᠋ ᠰᠠᠨᠠᠬᠤ ᠶᠠᠪᠤᠳᠠᠯ ᠶᠤᠮ᠃ ᠥᠭᠡᠷ᠎ᠡ ᠪᠡᠷ ᠬᠡᠯᠡᠪᠡᠯ ᠬᠤᠷᠢᠴᠠᠯ ᠤ᠋ᠨ ᠦᠢᠯᠡᠳᠦᠯ ᠳᠠᠭᠤᠰᠤᠩᠭᠤᠲᠠ ᠡᠷᠬᠡᠲᠡᠨ ᠢ᠋ᠶ᠋ᠡᠨ ᠰᠤᠭᠤᠯᠤᠨ ᠠᠪᠠᠴᠢᠵᠤ ᠪᠣᠯᠬᠤ ᠦᠭᠡᠢ᠃ ᠲᠡᠭᠦᠨ ᠦ᠌ ᠪᠡᠶ᠎ᠡ ᠬᠠᠭᠤᠴᠢᠨ ᠬᠡᠪ ᠲᠡᠭᠡᠨ ᠣᠷᠣᠲᠠᠯ᠎ᠠ ᠪᠠᠢᠯᠭᠠᠬᠤ ᠬᠡᠷᠡᠭᠲᠡᠢ᠃ ᠠᠮᠠᠷᠠᠭ ᠬᠣᠣᠰ ᠤ᠋ᠳ ᠠᠩᠬᠠᠷᠤᠯ ᠲᠠᠲᠠᠳᠠᠭ ᠨᠢᠭᠡ ᠴᠢᠬᠤᠯᠠ ᠠᠰᠠᠭᠤᠳᠠᠯ ᠬᠤᠷᠢᠴᠠᠯ ᠦᠢᠯᠡᠳᠬᠦ ᠪᠠᠢᠷᠢᠯᠠᠯ ᠪᠢᠯᠡ᠃ ᠰᠠᠶᠢᠬᠠᠨ ᠪᠣᠯᠲᠠᠯ᠎ᠠ ᠡᠨᠡ ᠲᠤᠬᠠᠢ ᠶᠠᠷᠢᠬᠤ᠂ ᠪᠢᠴᠢᠬᠦ ᠶ᠋ᠢ ᠬᠣᠷᠢᠵᠤ ᠪᠠᠢᠭᠰᠠᠨ᠃ ᠭᠡᠪᠡᠴᠦ ᠠᠷᠠᠳᠴᠢᠯᠠᠯ ᠢᠯᠡ ᠲᠣᠳᠣ ᠪᠠᠢᠳᠠᠭ ᠤ᠋ᠨ ᠠᠴᠢ ᠪᠠᠷ ᠬᠠᠭᠠᠯᠲᠠ ᠲᠠᠢ ᠬᠣᠷᠢᠭ᠎ᠠ ᠲᠠᠢ ᠰᠡᠳᠦᠪ ᠨᠡᠭᠡᠭᠡᠯᠲᠡ ᠲᠡᠢ ᠪᠣᠯᠤᠯ᠎ᠠ᠃ ᠬᠤᠷᠢᠴᠠᠯ ᠦᠢᠯᠡᠳᠬᠦ ᠳ᠋ᠦ᠍ ᠣᠯᠠᠨ ᠮᠠᠶᠢᠭ᠂ ᠪᠠᠢᠷᠢᠯᠠᠯ ᠪᠠᠢᠳᠠᠭ ᠨᠢ ᠣᠳᠣ ᠬᠡᠨ ᠳ᠋ᠦ᠍ ᠴᠦ᠍ ᠨᠢᠭᠤᠴᠠ ᠪᠢᠰᠢ᠃ ᠲᠡᠭᠦᠨ ᠢ᠋ ᠣᠯᠠᠨ ᠮᠢᠩᠭᠠᠨ ᠵᠢᠯ ᠦ᠋ᠨ ᠲᠡᠷᠲᠡᠭᠡ ᠳᠣᠷᠣᠨ᠎ᠠ ᠵᠦᠭ ᠦ᠋ᠨ ᠡᠷᠳᠡᠮᠲᠡᠨ ᠮᠡᠷᠭᠡᠳ ᠠᠯᠢ ᠬᠡᠳᠦᠢᠨᠡᠢ ᠲᠡᠦᠬᠡ ᠱᠠᠰᠲᠢᠷ ᠲᠠᠭᠠᠨ ᠲᠤᠭᠤᠷᠪᠢᠨ ᠦᠯᠡᠳᠡᠭᠡᠭᠰᠡᠨ ᠪᠢᠯᠡ᠃ ᠲᠡᠳᠡᠭᠡᠷ ᠣᠯᠠᠨ ᠶᠠᠩᠵᠤ ᠶ᠋ᠢᠨ ᠪᠠᠢᠷᠢᠯᠠᠯ ᠨᠢ ᠡᠷᠡᠭᠲᠡᠢ᠂ ᠬᠥᠮᠦᠨ ᠦ᠌ ᠪᠡᠶ᠎ᠡ ᠪᠢᠯᠳᠠᠷ᠂ ᠰᠡᠳᠬᠢᠴᠡ ᠪᠣᠯᠤᠨ ᠪᠡᠯᠭᠡ ᠡᠷᠬᠡᠲᠡᠨ ᠦ᠌ ᠠᠨᠠᠲ᠋ᠣᠮᠢ ᠶ᠋ᠢᠨ ᠵᠠᠷᠢᠮ ᠣᠨᠴᠠᠯᠢᠭ ᠢ᠋ ᠬᠠᠷᠠᠭᠠᠯᠵᠠᠨ ᠦᠵᠡ᠃ ᠲᠤᠬᠠᠢᠯᠠᠪᠠᠯ᠂ ᠣᠳᠣ ᠠ᠋ᠴᠠ 2 ᠮᠢᠩᠭᠠᠨ ᠵᠢᠯ ᠦ᠋ᠨ ᠲᠡᠷᠲᠡᠭᠡ ᠲᠤᠭᠤᠷᠪᠢᠭᠰᠠᠨ ᠡᠨᠡᠳᠬᠡᠭ ᠦ᠋ᠨ《ᠺᠠᠮᠠᠰᠤᠲᠷᠠ》 ᠬᠡᠮᠡᠬᠦ ᠱᠤᠳᠤᠷ ᠲᠤ᠌ ᠬᠤᠷᠢᠴᠠᠯ ᠦᠢᠯᠡᠳᠬᠦ ᠬᠠᠮᠤᠭ ᠤ᠋ᠨ ᠲᠣᠬᠢᠷᠠᠮᠵᠢ ᠲᠠᠢ ᠪᠠᠢᠷᠢᠯᠠᠯ ᠢ᠋ ᠡᠷᠢᠵᠦ ᠣᠯᠬᠤ ᠶ᠋ᠢ ᠬᠠᠮᠤᠭ ᠠ᠋ᠴᠠ ᠴᠢᠬᠤᠯᠠᠴᠢᠯᠠᠭᠰᠠᠨ ᠪᠠᠢᠳᠠᠭ᠃ ᠡᠷᠲᠡᠨ ᠦ᠌ ᠡᠨᠡᠳᠬᠡᠭ ᠣᠷᠣᠨ ᠠ᠋ᠴᠠ ᠥᠭᠡᠷ᠎ᠡ ᠬᠠᠮᠢᠭ᠎ᠠ ᠴᠦ᠍ ᠢᠩᠭᠢᠵᠦ ᠨᠠᠷᠢᠪᠴᠢᠯᠠᠨ ᠪᠢᠴᠢᠭᠰᠡᠨ ᠭᠠᠷ ᠤ᠋ᠨ ᠠᠪᠤᠯᠭ᠎ᠠ ᠥᠨᠥ ᠬᠢᠷᠢ ᠦᠭᠡᠢ᠃《 ᠺᠠᠮᠠᠰᠤᠲᠤᠷᠠ》 ᠪᠣᠯ ᠬᠥᠮᠦᠨ ᠪᠦᠬᠦᠨ ᠦ᠌ ᠰᠢᠷᠡᠭᠡᠨ ᠦ᠌ ᠨᠣᠮ ᠶᠤᠮ᠃ ᠬᠠᠷᠠᠮᠰᠠᠯᠲᠠᠢ ᠨᠢ᠂ ᠡᠨᠡ ᠨᠣᠮ ᠮᠠᠨ ᠤ᠋ ᠳ᠋ᠤ᠌ ᠬᠣᠪᠣᠷᠬᠠᠨ᠂ ᠴᠥᠭᠡᠨ ᠬᠡᠳᠦᠨ ᠬᠥᠮᠦᠨ ᠳ᠋ᠦ᠍ ᠪᠠᠢᠨ᠎ᠠ᠃ ᠣᠷᠴᠢᠨ ᠦᠶ᠎ᠡ ᠶ᠋ᠢᠨ ᠡᠷ᠎ᠡ ᠡᠮ᠎ᠡ ᠶ᠋ᠢᠨ ᠰᠤᠳᠤᠯᠤᠯ ᠤ᠋ᠨ ᠤᠬᠠᠭᠠᠨ ᠳ᠋ᠤ᠌ ᠬᠤᠷᠢᠴᠠᠯ ᠦᠢᠯᠡᠳᠬᠦ ᠳ᠋ᠦ᠍ ᠡᠷ᠎ᠡ ᠨᠢ ᠳᠡᠭᠡᠷ᠎ᠡ ᠪᠡᠨ᠂ ᠡᠮ᠎ᠡ ᠨᠢ ᠳᠡᠭᠡᠷ᠎ᠡ ᠪᠡᠨ᠂ ᠪᠣᠰᠤᠭ᠎ᠠ᠂ ᠠᠷᠤ ᠠ᠋ᠴᠠ᠂ ᠬᠠᠵᠠᠭᠤ ᠠ᠋ᠴᠠ᠂ ᠰᠠᠭᠤᠭ᠎ᠠ ᠭᠡᠰᠡᠨ ᠦᠨᠳᠦᠰᠦᠨ6 ᠪᠠᠢᠷᠢᠯᠠᠯ ᠢᠯᠭᠠᠨ ᠦᠵᠡᠳᠡᠭ ᠪᠥᠭᠡᠳ ᠪᠠᠢᠷᠢᠯᠠᠯ ᠲᠤᠰ ᠪᠦᠷᠢ ᠳᠣᠲᠣᠷ᠎ᠠ ᠪᠠᠨ ᠣᠯᠠᠨ ᠶᠠᠩᠵᠤ ᠶ᠋ᠢᠨ ᠬᠤᠪᠢᠯᠪᠤᠷᠢ ᠲᠠᠢ ᠪᠠᠢᠳᠠᠭ ᠠ᠋ᠴᠠ ᠶᠠᠭ ᠲᠥᠴᠢᠨᠡᠨ ᠪᠠᠢᠷᠢᠯᠠᠯ ᠪᠣᠢ ᠭᠡᠵᠦ ᠲᠣᠭᠲᠠᠭᠰᠠᠨ ᠲᠣᠭ᠎ᠠ ᠬᠡᠯᠡᠵᠦ ᠪᠣᠯᠬᠤ ᠦᠭᠡᠢ ᠲᠤᠬᠠᠢᠯᠠᠪᠠᠯ᠂ ᠡᠷ᠎ᠡ ᠨᠢ ᠳᠡᠭᠡᠷ᠎ᠡ ᠪᠡᠨ ᠪᠠᠢᠷᠢᠯᠠᠯ ᠭᠡᠬᠦ ᠳ᠋ᠦ᠍ ᠳᠣᠲᠣᠷ᠎ᠠ ᠪᠠᠨ15 ᠬᠤᠪᠢᠯᠪᠤᠷᠢ ᠲᠠᠢ ᠪᠠᠢᠬᠤ ᠳ᠋ᠤ᠌ ᠡᠮ᠎ᠡ ᠨᠢ ᠳᠡᠭᠡᠷ᠎ᠡ ᠪᠡᠨ ᠪᠠᠢᠷᠢᠰᠢᠯ17᠂ ᠬᠠᠵᠠᠭᠤ ᠶ᠋ᠢᠨ ᠪᠠᠢᠷᠢᠯᠠᠯ6 ᠪᠣᠰᠤᠭ᠎ᠠ ᠪᠠᠢᠷᠢᠯᠠᠯ5 ᠠᠷᠤ ᠶ᠋ᠢᠨ ᠪᠠᠢᠷᠢᠯᠠᠯ17 ᠶᠠᠩᠵᠤ ᠪᠦᠷᠢ ᠶ᠋ᠢᠨ ᠬᠤᠪᠢᠯᠪᠤᠷᠢ ᠲᠠᠢ ᠪᠠᠢᠬᠤ ᠵᠢᠰᠢᠶ᠎ᠠ ᠲᠠᠢ᠃ ᠵᠠᠷᠢᠮ ᠪᠠᠢᠷᠢᠯᠠᠯ ᠡᠬᠡᠨᠡᠷ᠂ ᠨᠥᠬᠥᠷ ᠬᠣᠶᠠᠷ ᠲᠤᠨᠢ ᠲᠠᠭᠠᠯᠠᠮᠵᠢᠲᠠᠢ᠂ ᠡᠰᠡᠪᠡᠯ ᠬᠡᠨ ᠬᠡᠨ ᠳ᠋ᠦ᠍ᠨᠢ ᠣᠭᠲᠣ ᠲᠣᠬᠢᠷᠠᠮᠵᠢ ᠦᠭᠡᠢ ᠪᠠᠢᠵᠤ ᠪᠣᠯᠬᠤ ᠲᠤᠯᠠ ᠠᠯᠢ ᠠᠶᠠᠲᠠᠢ ᠪᠠᠨ ᠰᠣᠩᠭᠣᠬᠤ ᠬᠡᠷᠡᠭᠲᠡᠢ᠃ ᠬᠠᠷᠢᠨ ᠬᠤᠷᠢᠴᠠᠯ ᠢ᠋ ᠨᠢᠭᠡ ᠶᠠᠩᠵᠤ ᠶ᠋ᠢᠨ ᠪᠠᠢᠷᠢᠯᠠᠯ ᠳ᠋ᠤ᠌ ᠣᠯᠠᠨ ᠳᠠᠬᠢᠨ ᠦᠢᠯᠡᠳᠬᠦ ᠡᠴᠡ ᠠᠯᠢ ᠪᠣᠯᠬᠤ ᠪᠠᠷ ᠵᠠᠢᠯᠠᠰᠬᠢᠬᠦ ᠶ᠋ᠢ ᠰᠢᠨᠡᠯᠢᠭ ᠮᠡᠳᠡᠷᠡᠮᠵᠢ ᠥᠭᠴᠦ ᠨᠢᠭᠡ ᠪᠠᠢᠷᠢᠯᠠᠯ ᠳ᠋ᠤ᠌ ᠣᠷᠣᠬᠤ ᠠ᠋ᠴᠠ ᠰᠡᠷᠡᠮᠵᠢᠯᠡᠬᠦ ᠠᠴᠢ ᠬᠣᠯᠪᠣᠭᠳᠠᠯ ᠲᠠᠢ᠃ ᠬᠥᠮᠦᠨ ᠠᠮᠠ ᠶ᠋ᠢᠨ ᠶᠠᠩᠵᠤ ᠪᠦᠷᠢ ᠶ᠋ᠢᠨ ᠳᠠᠪᠬᠤᠷᠭ᠎ᠠ ᠶ᠋ᠢᠨ ᠳᠤᠮᠳᠠ ᠪᠢᠳᠡᠨ ᠦ᠌ ᠬᠢᠭᠰᠡᠨ ᠡᠷ᠎ᠡ ᠡᠮ᠎ᠡ ᠶ᠋ᠢᠨ ᠰᠤᠳᠤᠯᠤᠯ ᠤ᠋ᠨ ᠰᠤᠳᠤᠯᠭᠠᠨ ᠠ᠋ᠴᠠ ᠦᠵᠡᠬᠦ ᠳ᠋ᠦ᠍᠂35 ᠬᠦᠷᠲᠡᠯᠡᠬᠢ ᠨᠠᠰᠤᠨ ᠤ᠋ ᠬᠣᠣᠰ ᠤ᠋ᠳ ᠪᠠᠷᠤᠭ80% ᠨᠢ ᠳᠡᠭᠡᠷ᠎ᠡ ᠳᠤᠷᠠᠳᠤᠭᠰᠠᠨ6 ᠪᠠᠢᠷᠢᠯᠠᠯ ᠳ᠋ᠤ᠌ ᠡᠩᠭᠡᠷ ᠵᠥᠷᠢᠭᠦᠯᠵᠦ ᠥᠩᠭᠡᠷᠡᠭᠰᠡᠨ ᠪᠠᠢᠪᠠ᠃ ᠡᠢᠮᠦ ᠪᠣᠯᠬᠣᠷ ᠡᠭᠦᠨ ᠢ᠋ ᠨᠢᠭᠤᠭᠠᠳ ᠪᠠᠢᠬᠤ ᠬᠡᠷᠡᠭ ᠦᠭᠡᠢ ᠪᠢᠯᠡ᠁ ᠥᠨᠥ ᠪᠢᠳᠡᠨ ᠦ᠌ ᠦᠶ᠎ᠡ ᠳ᠋ᠦ᠍ ᠨᠢᠭᠤᠵᠤ ᠬᠠᠭᠠᠭᠠᠳ ᠰᠦᠢᠳ ᠮᠡᠢᠳ ᠪᠣᠯᠤᠭᠠᠳ ᠪᠠᠢᠭ᠎ᠠ ᠶᠠᠭᠤᠮ᠎ᠠ ᠶ᠋ᠢ ᠣᠯᠠᠨ ᠵᠢᠯ ᠦ᠋ᠨ ᠲᠡᠷᠲᠡᠭᠡ ᠲᠤᠭᠤᠷᠪᠢᠭᠰᠠᠨ ᠶᠠᠪᠤᠯᠳᠤᠬᠤ ᠶ᠋ᠢᠨ ᠵᠢᠮ᠎ᠡ ᠶᠣᠰᠣᠨ ᠤ᠋ ᠳᠡᠭᠡᠳᠦ ᠵᠡᠷᠭᠡ ᠪᠡᠷ ᠪᠡᠶᠡᠰᠦᠭᠴᠢ ᠳᠣᠷᠵᠢᠵᠠᠪᠵᠢᠳ ᠤ᠋ᠨ ᠲᠠᠭᠠᠯᠠᠯ ᠢ᠋ ᠬᠠᠩᠭᠠᠬᠤ ᠶ᠋ᠢᠨ ᠲᠤᠯᠠᠳᠠ ᠶᠠᠪᠤᠯᠳᠤᠬᠤ ᠶᠣᠰᠣ ᠶ᠋ᠢ ᠪᠠᠷᠢᠭᠴᠢ ᠱᠠᠳᠪᠢᠳᠣᠷᠵᠢ《 ᠶᠠᠪᠤᠯᠳᠤᠬᠤ ᠶ᠋ᠢ ᠬᠦᠰᠡᠭᠰᠡᠨ ᠲᠥᠷᠥᠯᠬᠢᠲᠡᠨ ᠦ᠌ ᠡᠨᠡᠯᠦᠯ ᠢ᠋ ᠠᠷᠢᠯᠭᠠᠭᠴᠢ ᠬᠡᠮᠡᠬᠦ ᠣᠷᠣᠰᠢᠪᠠᠢ》 ᠳ᠋ᠤ᠌ ᠨᠢᠭᠡᠳ ᠨᠢᠭᠡ ᠦᠭᠡᠢ ᠰᠡᠢᠷᠡᠭᠦᠯᠦᠨ ᠪᠢᠴᠢᠵᠡᠢ᠃ ᠲᠤᠬᠠᠢᠯᠠᠪᠠᠯ᠂《ᠦᠢᠯᠡᠳᠦᠯᠦᠯ ᠦ᠋ᠨ ᠡᠮ᠎ᠡ ᠶ᠋ᠢ ᠠᠷᠪᠠᠨ ᠵᠢᠷᠭᠤᠭ᠎ᠠ ᠠ᠋ᠴᠠ ᠳᠡᠭᠡᠭᠰᠢ᠂ ᠬᠣᠷᠢᠨ ᠲᠠᠪᠤᠨ ᠨᠠᠰᠤᠨ ᠠ᠋ᠴᠠ ᠳᠣᠭᠣᠭᠰᠢ ᠶ᠋ᠢ ᠰᠢᠲᠦ》 ᠭᠡᠮᠡᠨ ᠨᠣᠮᠯᠠᠭᠰᠠᠨ᠂ ᠲᠡᠭᠦᠨ ᠳ᠋ᠦ᠍᠄ — ᠴᠡᠴᠡᠭ ᠦ᠋ᠨ ᠢᠵᠠᠭᠤᠷ᠂ ᠵᠠᠭᠠᠨ ᠤ᠋ ᠢᠵᠠᠭᠤᠷ᠂ ᠭᠥᠷᠦᠭᠡᠰᠦᠨ ᠦ᠌ ᠢᠵᠠᠭᠤᠷ ᠬᠡᠮᠡᠬᠦ ᠭᠣᠣᠯᠯᠠᠬᠤ ᠳᠥᠷᠪᠡᠨ ᠢᠵᠠᠭᠤᠷ ᠪᠠᠢᠳᠠᠭ ᠪᠥᠭᠡᠳ ᠲᠡᠭᠦᠨ ᠳ᠋ᠦ᠍ ᠬᠤᠷᠠᠵᠤ ᠪᠠᠭᠲᠠᠭ᠎ᠠ ᠦᠭᠡᠢ ᠡᠬᠡᠨᠡᠷ ᠪᠠᠢᠬᠤ ᠦᠭᠡᠢ᠂ ᠪᠠᠰᠠ ᠡᠷᠬᠢᠮ᠂ ᠳᠤᠮᠳᠠ᠂ ᠠᠳᠠᠭ ᠬᠡᠮᠡᠬᠦ ᠢᠯᠭᠠᠪᠤᠷᠢ ᠶᠡᠬᠡ ᠪᠠᠢᠳᠠᠭ ᠪᠣᠯᠬᠣᠷ ᠳᠤᠮᠳᠠ ᠠ᠋ᠴᠠ ᠳᠡᠭᠡᠭᠰᠢᠬᠢ ᠶ᠋ᠢ ᠰᠢᠲᠦ᠂ ᠠᠳᠠᠭ ᠤ᠋ᠨ ᠬᠢ ᠶ᠋ᠢ ᠲᠡᠪᠴᠢᠬᠦ ᠬᠡᠷᠡᠭᠲᠡᠢ ᠬᠡᠮᠡᠭᠡᠳ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠪᠤᠷᠬᠠᠨ ᠪᠣᠯᠤᠶ᠎ᠠ᠃ ᠲᠡᠭᠦᠨ ᠦ᠌ ᠲᠤᠯᠠᠳᠠ ᠶᠠᠪᠤᠯᠳᠤᠬᠤ ᠭᠡᠮᠡᠨ ᠪᠤᠶᠤ ᠮᠢᠨᠦ ᠶᠠᠪᠤᠯᠲᠠ ᠳ᠋ᠤ᠌ ᠰᠢᠲᠦᠭᠰᠡᠨ ᠡᠴᠡ ᠪᠤᠷᠬᠠᠨ ᠪᠣᠯᠲᠤᠭᠠᠢ ᠭᠡᠮᠡᠨ ᠡᠷ᠎ᠡ ᠡᠮ᠎ᠡ ᠬᠣᠶᠠᠭᠤᠯᠠ ᠪᠠᠨ ᠰᠠᠨᠠᠬᠤ ᠬᠡᠷᠡᠭᠲᠡᠢ᠃ ᠰᠤᠳᠠᠰᠤᠨ ᠤ᠋ ᠢᠯᠭᠠᠪᠤᠷᠢ ᠪᠠᠷ ᠴᠡᠴᠡᠭᠲᠡᠨ ᠬᠡᠮᠡᠬᠦ ᠢᠵᠠᠭᠤᠷ ᠲᠤ᠌ ᠥᠨᠥ ᠮᠠᠷᠭᠠᠰᠢ ᠶ᠋ᠢᠨ ᠶᠢᠷᠲᠢᠨᠴᠦ᠂ ᠨᠡᠢᠲᠡ ᠶ᠋ᠢᠨ ᠵᠢᠮ᠎ᠡ ᠶᠣᠰᠣ ᠪᠠᠷ ᠶᠠᠪᠤᠯᠳᠤᠬᠤ ᠬᠡᠷᠡᠭᠲᠡᠢ᠃ ᠵᠠᠭᠠᠨ ᠤ᠋ ᠢᠵᠠᠭᠤᠷᠲᠠᠨ ᠳ᠋ᠤ᠌ ᠪᠣᠯ ᠡᠬᠡᠨᠡᠷ ᠨᠢ ᠲᠦᠷᠦᠭᠦᠯᠡᠨ ᠬᠠᠷᠠᠭᠤᠯᠵᠤ ᠠᠳᠤᠭᠤᠰᠤ ᠮᠡᠲᠦ ᠠᠷᠤ ᠠ᠋ᠴᠠ ᠨᠢ ᠶᠠᠪᠤᠯᠳᠤᠨᠠ᠃ ᠯᠠᠪᠠᠢ ᠶ᠋ᠢᠨ ᠢᠵᠠᠭᠤᠷ ᠲᠤ᠌ ᠪᠣᠯ ᠡᠷ᠎ᠡ ᠨᠢ ᠭᠡᠳᠡᠷᠭᠦ ᠪᠡᠨ ᠬᠠᠷᠠᠵᠤ ᠰᠠᠭᠤᠭᠠᠳ ᠡᠬᠡᠨᠡᠷ ᠨᠢ ᠲᠦᠷᠦᠭᠦᠯᠡᠨ ᠬᠠᠷᠠᠵᠤ᠂ ᠲᠣᠯᠣᠭᠠᠢ ᠶ᠋ᠢ ᠡᠷ᠎ᠡ ᠶ᠋ᠢᠨ ᠬᠥᠯ ᠵᠦᠭ ᠲᠦ᠍ ᠥᠭᠴᠦ ᠬᠣᠶᠠᠷ ᠭᠠᠷ ᠢ᠋ᠶ᠋ᠠᠷ ᠢ᠋ᠶ᠋ᠠᠨ ᠡᠷ᠎ᠡ ᠶ᠋ᠢᠨ ᠮᠥᠷᠦᠨ ᠳ᠋ᠦ᠍ ᠲᠡᠭᠡᠭᠡᠯᠭᠡᠨ ᠳᠣᠣᠷ᠎ᠠ ᠠ᠋ᠴᠠ ᠶᠠᠪᠤᠯᠳᠤᠨᠠ᠃ ᠲᠡᠭᠦᠨ ᠢ᠋ ᠭᠠᠬᠠᠷᠠᠳ ᠤ᠋ᠨ ᠤᠴᠠᠷᠠᠯ ᠭᠡᠳᠡᠭ᠃ ᠭᠥᠷᠦᠭᠡᠰᠦᠨ ᠦ᠌ ᠢᠵᠠᠭᠤᠷ ᠲᠤ᠌ ᠪᠣᠯ ᠪᠤᠷᠬᠠᠨ ᠤ᠋ ᠡᠴᠢᠭᠡ ᠡᠬᠡ ᠮᠡᠲᠦ ᠪᠡᠷ ᠵᠠᠪᠢᠯᠠᠵᠤ᠂ ᠡᠬᠡᠨᠡᠷ ᠨᠢ ᠲᠡᠪᠡᠷᠢᠵᠦ ᠶᠠᠪᠤᠯᠳᠤᠨᠠ᠃ ᠡᠭᠦᠨ ᠢ᠋( ᠪᠠᠯᠪᠠ) ᠰᠤᠯᠠ ᠤᠴᠠᠷᠠᠯ ᠭᠡᠮᠡᠨ ᠥᠭᠦᠯᠡᠳᠡᠭ ᠪᠣᠯᠤᠨ᠎ᠠ᠃ ᠤᠷᠢᠳᠤ ᠶ᠋ᠢᠨ ᠤᠴᠠᠷᠠᠯ ᠨᠢ ᠡᠷ᠎ᠡ ᠥᠪᠡᠷ ᠢ᠋ᠶ᠋ᠡᠨ ᠳᠡᠭᠡᠷ᠎ᠡ ᠡᠴᠡ ᠨᠢ ᠶᠠᠪᠤᠯᠳᠤᠬᠤ ᠪᠥᠭᠡᠳ ᠠᠮᠤᠭᠤᠯᠠᠩ ᠶᠡᠬᠡ ᠪᠡᠷ ᠡᠮᠡᠭᠲᠡᠢ ᠶ᠋ᠢ ᠭᠡᠳᠡᠷᠭᠦ ᠨᠢ ᠬᠠᠷᠠᠭᠤᠯᠤᠨ ᠬᠣᠶᠠᠷ ᠡᠪᠦᠳᠦᠭ ᠢ᠋ ᠭᠡᠳᠡᠢᠯᠭᠡᠨ ᠠᠯᠴᠠᠢᠵᠤ ᠳᠡᠮᠵᠢᠵᠦ ᠦᠢᠯᠡᠳᠬᠦ ᠳ᠋ᠦ᠍ ᠡᠷ᠎ᠡ ᠨᠢ ᠦᠨᠦᠰᠬᠦ ᠪᠠ ᠲᠡᠪᠡᠷᠢᠵᠦ ᠵᠠᠢᠮᠤᠴᠢᠵᠤ ᠦᠢᠯᠡᠳᠦᠭᠰᠡᠨ ᠢ᠋ᠶ᠋ᠡᠷ ᠬᠣᠶᠠᠭᠤᠯᠠ ᠶ᠋ᠢᠨ ᠳᠤᠷᠠᠯᠠᠯ ᠶᠡᠬᠡ ᠪᠣᠯᠤᠨ᠎ᠠ᠃ ᠨᠢᠳᠦ ᠪᠡᠷ ᠰᠢᠷᠳᠡᠬᠦ ᠬᠢᠭᠡᠳ ᠠᠮᠠ ᠪᠠᠨ ᠨᠡᠢᠯᠡᠭᠦᠯᠬᠦ᠂ ᠭᠠᠷ ᠢ᠋ᠶ᠋ᠠᠷ ᠵᠢᠭᠤᠷᠠᠯᠳᠤᠬᠤ ᠲᠡᠷᠢᠭᠦᠲᠡᠨ ᠢ᠋ ᠬᠣᠯᠠ ᠤᠴᠠᠷᠠᠯ ᠬᠡᠮᠡᠨ᠎ᠡ᠃ ᠳᠠᠪᠤᠰᠠᠩ ᠢ᠋ ᠭᠠᠷ ᠢ᠋ᠶ᠋ᠠᠷ ᠢᠯᠢᠬᠦ ᠪᠠ ᠦᠨᠦᠰᠬᠦ ᠨᠠᠭᠠᠯᠳᠤᠬᠤ᠂ ᠬᠣᠰᠢᠭᠤ ᠬᠡᠯᠡ ᠪᠡᠨ ᠭᠥᠬᠥᠯᠳᠡᠬᠦ ᠲᠡᠷᠢᠭᠦᠲᠡᠨ ᠢ᠋ ᠣᠢᠷ᠎ᠠ ᠶ᠋ᠢᠨ ᠤᠴᠠᠷᠠᠯ ᠭᠡᠮᠡᠨ ᠥᠭᠦᠯᠡᠳᠡᠭ ᠪᠣᠯᠤᠨ᠎ᠠ᠃ ᠤᠮᠠᠳᠠᠭ ᠤ᠋ᠨ ᠬᠣᠭᠣᠷᠣᠨᠳᠣ ᠣᠷᠣᠭᠤᠯᠵᠤ ᠪᠡᠯᠭᠡ ᠪᠡᠷ ᠶᠣᠪᠣᠴᠢᠬᠤ ᠶ᠋ᠢ ᠦᠯᠡᠮᠵᠢ ᠣᠢᠷ᠎ᠠ ᠶ᠋ᠢᠨ ᠤᠴᠠᠷᠠᠯ ᠭᠡᠮᠡᠨ ᠥᠭᠦᠯᠡᠳᠡᠭ ᠪᠣᠯᠤᠨ᠎ᠠ᠃ ᠡᠯ᠎ᠡ ᠶᠠᠪᠤᠯᠳᠤᠬᠤ ᠶᠣᠰᠣᠨ ᠳ᠋ᠤ᠌ ᠬᠥᠳᠡᠯᠬᠦ ᠠᠷᠭ᠎ᠠ ᠶ᠋ᠢ ᠴᠦ᠍ ᠪᠠᠰᠠ ᠭᠠᠢᠬᠠᠯᠲᠠᠢ ᠳᠦᠷᠰᠦᠯᠡᠨ ᠥᠭᠦᠯᠡᠵᠡᠢ᠃ ᠲᠡᠷᠡ ᠪᠡᠷ᠁ ᠳᠣᠲᠣᠷ᠎ᠠ ᠨᠢ ᠨᠢᠭᠡ ᠬᠤᠷᠤᠭᠤ ᠲᠡᠳᠦᠢ ᠣᠷᠣᠭᠤᠯᠵᠤ ᠭᠠᠳᠠᠭᠰᠢ ᠨᠢ ᠭᠠᠷᠭᠠᠨ ᠲᠡᠷᠡ ᠮᠡᠲᠦ ᠪᠡᠷ ᠳᠠᠷᠠᠭᠠᠯᠠᠨ ᠣᠷᠣᠭᠤᠯᠵᠤ ᠰᠢᠩᠭᠡᠭᠡᠵᠦ ᠳᠠᠷᠤ᠃ ᠲᠡᠭᠦᠨᠴᠢᠯᠡᠨ ᠪᠠᠷᠠᠭᠤᠨ ᠵᠡᠭᠦᠨ ᠲᠠᠰᠢ ᠨᠢ ᠮᠤᠷᠤᠢᠯᠭᠠᠵᠤ᠂ ᠳᠡᠭᠡᠭᠰᠢ ᠨᠢ ᠥᠯᠢᠢᠯᠭᠡᠬᠦ᠂ ᠲᠤᠰᠢᠶ᠎ᠠ ᠴᠢᠭ ᠢ᠋ᠶ᠋ᠡᠷ ᠨᠢ ᠡᠷᠭᠢᠭᠦᠯᠬᠦ᠂ ᠰᠤᠮᠤ ᠮᠡᠲᠦ ᠬᠠᠶᠠᠬᠤ᠂ ᠨᠤᠮᠤ ᠮᠡᠲᠦ ᠪᠥᠬᠥᠢᠬᠦ᠂ ᠠᠮᠠᠨ ᠤ᠋ ᠬᠢᠨᠢ ᠣᠢᠷ᠎ᠠ ᠣᠷᠴᠢᠮ ᠳ᠋ᠤ᠌ ᠪᠠᠮᠪᠠᠯᠵᠠᠭᠤᠯᠵᠤ ᠤᠴᠠᠷᠠᠭᠰᠠᠨ ᠢ᠋ᠶ᠋ᠠᠷ᠂ ᠪᠡᠶ᠎ᠡ ᠶ᠋ᠢ ᠢᠯᠢᠵᠦ ᠪᠠᠶᠠᠰᠬᠠᠵᠤ ᠦᠢᠯᠡᠳᠦᠭᠰᠡᠨ ᠢ᠋ᠶ᠋ᠡᠷ ᠥᠬᠢᠨ ᠪᠠᠷᠰ ᠮᠡᠲᠦ ᠰᠢᠷᠭᠤᠭᠤᠯᠵᠤ ᠦᠢᠯᠡᠳ᠂ ᠠᠷᠰᠯᠠᠨ ᠮᠡᠲᠦ ᠲᠠᠪᠠᠯᠠᠵᠤ ᠶᠠᠩᠪᠠᠯᠠᠬᠤ᠂ ᠵᠢᠭᠠᠰᠤ ᠮᠡᠲᠦ ᠭᠢᠯᠠᠯᠵᠠᠭᠤᠯᠬᠤ᠂ ᠶᠠᠰᠤᠲᠤ ᠮᠡᠯᠡᠬᠡᠢ ᠮᠡᠲᠦ ᠠᠭᠠᠵᠢᠮᠬᠠᠨ ᠤᠴᠠᠷᠠᠬᠤ ᠬᠢᠭᠡᠳ ᠭᠠᠷ ᠢ᠋ᠶ᠋ᠠᠷ ᠢ᠋ᠶ᠋ᠠᠨ ᠲᠡᠪᠡᠷᠢᠨ᠎ᠡ᠃ ᠬᠥᠯ ᠢ᠋ ᠨᠢ ᠥᠪᠡᠷ ᠦ᠋ᠨ ᠲᠠᠬᠢᠮ ᠢ᠋ᠶ᠋ᠠᠷ ᠣᠷᠢᠶᠠᠯᠭᠠᠵᠤ᠂ ᠤᠭᠤᠴᠠᠨ ᠳᠡᠭᠡᠷ᠎ᠡ ᠨᠢ ᠳᠠᠷᠤᠵᠤ ᠤᠷᠤᠭᠤᠯ ᠭᠡᠮᠡᠨ ᠨᠣᠮᠯᠠᠭᠠᠳ ᠴᠢᠭ ᠢ᠋ᠶ᠋ᠡᠷ ᠡᠷᠭᠢᠭᠦᠯᠬᠦ᠂ ᠰᠤᠮᠤ ᠮᠡᠲᠦ ᠬᠠᠶᠠᠬᠤ ᠶ᠋ᠢᠨ ᠢᠯᠭᠠᠪᠤᠷᠢ ᠨᠢ ᠠᠩᠬ᠎ᠠ ᠲᠡᠭᠦᠨ ᠢ᠋ ᠭᠠᠷᠭᠠᠵᠤ ᠣᠷᠣᠭᠤᠯᠬᠤ ᠶ᠋ᠢᠨ ᠤᠳᠬ᠎ᠠ ᠪᠠ ᠬᠣᠶᠠᠳᠤᠭᠠᠷ ᠲᠤ᠌ ᠲᠡᠷᠡ ᠨᠢ ᠳᠠᠷᠤᠵᠤ ᠬᠥᠳᠡᠯᠵᠦ ᠦᠢᠯᠡᠳᠬᠦ ᠶ᠋ᠢᠨ ᠤᠳᠬ᠎ᠠ ᠮᠥᠨ ᠪᠣᠯᠤᠨ᠎ᠠ᠃ ᠡᠨᠡ ᠦᠶ᠎ᠡ ᠳ᠋ᠦ᠍ ᠡᠷ᠎ᠡ ᠨᠢ ᠬᠣᠶᠠᠷ ᠭᠠᠷ ᠢ᠋ᠶ᠋ᠠᠷ ᠢ᠋ᠶ᠋ᠠᠨ ᠡᠮᠡᠭᠲᠡᠢ ᠶ᠋ᠢᠨ ᠣᠷᠣᠢ ᠠ᠋ᠴᠠ ᠪᠣᠭᠣᠵᠤ ᠲᠦᠷᠦᠭᠦᠯᠡᠭᠡ ᠪᠡᠨ ᠵᠣᠬᠢᠯᠳᠤᠭᠤᠯᠤᠨ ᠪᠡᠯᠭᠡ ᠪᠡᠷ ᠬᠠᠳᠬᠤᠬᠤ ᠬᠡᠷᠡᠭᠲᠡᠢ ᠪᠣᠯᠤᠨ᠎ᠠ᠃ ᠨᠤᠮᠤ ᠮᠡᠲᠦ ᠪᠥᠬᠥᠢᠬᠦ ᠬᠡᠮᠡᠬᠦ ᠨᠢ ᠡᠷ᠎ᠡ ᠶ᠋ᠢᠨ ᠪᠡᠯᠭᠡ ᠶ᠋ᠢ ᠳᠣᠣᠷ᠎ᠠ ᠠ᠋ᠴᠠ ᠳᠡᠭᠡᠭᠰᠢ ᠨᠢ ᠥᠯᠢᠢᠯᠭᠡᠵᠦ᠂ ᠡᠷ᠎ᠡ ᠨᠢ ᠥᠪᠡᠷ ᠦ᠋ᠨ ᠪᠡᠶ᠎ᠡ ᠶ᠋ᠢ ᠨᠤᠮᠤ ᠮᠡᠲᠦ ᠪᠥᠬᠥᠢᠯᠭᠡᠵᠦ ᠶᠠᠪᠤᠯᠳᠤᠬᠤ ᠶᠠᠪᠤᠳᠠᠯ ᠪᠣᠯᠤᠨ᠎ᠠ᠃ ᠪᠠᠷᠰ ᠮᠡᠲᠦ ᠰᠢᠷᠭᠤᠬᠤ ᠨᠢ ᠬᠦᠵᠦᠭᠦᠦ ᠪᠡᠷ ᠨᠢ ᠲᠡᠪᠡᠷᠢᠵᠦ ᠠᠮᠠ ᠪᠠᠨ ᠨᠠᠭᠠᠯᠳᠤᠭᠤᠯᠤᠨ᠂ ᠪᠡᠯᠭᠡ ᠶ᠋ᠢᠨ ᠤᠭ ᠪᠠ ᠣᠪᠣᠭᠣᠷ ᠶᠠᠰᠤ ᠶ᠋ᠢ ᠬᠠᠪᠰᠤᠷᠭᠠᠵᠤ ᠴᠢᠴᠢᠬᠦ ᠶ᠋ᠢ ᠥᠭᠦᠯᠡᠳᠡᠭ᠃ ᠠᠷᠰᠯᠠᠨ ᠮᠡᠲᠦ ᠲᠠᠪᠠᠯᠠᠬᠤ ᠨᠢ ᠡᠷ᠎ᠡ ᠨᠢ ᠪᠡᠶ᠎ᠡ ᠪᠡᠨ ᠰᠢᠯᠤᠭᠤᠨ ᠰᠢᠳᠤᠷᠭᠤ ᠪᠣᠯᠭᠠᠵᠤ ᠨᠢᠷᠤᠭᠤ ᠪᠠᠨ ᠴᠢᠭ ᠢ᠋ᠶ᠋ᠡᠷ ᠨᠢ ᠶᠠᠪᠤᠯᠳᠤᠬᠤ ᠶ᠋ᠢ ᠥᠭᠦᠯᠡᠨ᠎ᠡ᠃ ᠵᠢᠭᠠᠰᠤ ᠮᠡᠲᠦ ᠭᠢᠯᠠᠯᠵᠠᠬᠤ ᠨᠢ ᠪᠠᠷᠠᠭᠤᠨ ᠲᠠᠰᠢ ᠮᠤᠷᠤᠢᠬᠤ᠂ ᠵᠡᠭᠦᠨ ᠳᠠᠰᠢ ᠮᠤᠷᠤᠢᠬᠤ᠂ ᠲᠡᠷᠢᠭᠦᠲᠡᠨ ᠡᠷᠭᠦᠵᠦ ᠴᠢᠩᠭ᠎ᠠ ᠶᠠᠪᠤᠯᠳᠤᠬᠤ ᠶ᠋ᠢ ᠥᠭᠦᠯᠡᠨ᠎ᠡ᠃ ᠶᠠᠰᠤᠲᠤ ᠮᠡᠯᠡᠬᠡᠢ ᠮᠡᠲᠦ ᠠᠭᠠᠵᠢᠮ ᠬᠡᠮᠡᠬᠦ ᠨᠢ ᠠᠮᠠ ᠪᠠᠨ ᠤᠴᠠᠷᠠᠭᠤᠯᠤᠨ᠂ ᠡᠪᠴᠢᠭᠦᠦ ᠪᠡᠨ ᠨᠠᠭᠠᠯᠳᠤᠭᠤᠯᠵᠤ ᠠᠯᠭᠤᠷ ᠤᠳᠠᠭᠠᠨ ᠬᠠᠳᠬᠤᠵᠤ ᠭᠠᠷᠭᠠᠵᠤ ᠣᠷᠣᠯᠠᠭᠤᠯᠬᠤ ᠶ᠋ᠢᠨ ᠡᠭᠦᠳᠡᠨ ᠡᠴᠡ ᠶᠠᠪᠤᠯᠳᠤᠬᠤ ᠶ᠋ᠢ ᠥᠭᠦᠯᠡᠨ᠎ᠡ᠃ ᠡᠬᠡᠨᠡᠷ ᠪᠠ ᠡᠷ᠎ᠡ ᠶ᠋ᠢᠨ ᠢᠵᠠᠭᠤᠷ ᠤ᠋ᠨ ᠵᠠᠷᠢᠮ ᠨᠢᠭᠡᠨ ᠳ᠋ᠦ᠍ ᠬᠣᠶᠠᠭᠤᠯᠠ ᠪᠠᠨ ᠳᠠᠪᠤᠰᠠᠩ ᠪᠥᠭᠰᠡ ᠪᠡᠨ ᠨᠡᠢᠯᠡᠭᠦᠯᠵᠦ ᠳᠠᠪᠤᠰᠠᠩ ᠢ᠋ᠶ᠋ᠠᠷ ᠶᠠᠪᠤᠯᠳᠤᠪᠠᠰᠤ ᠠᠮᠤᠭᠤᠯᠠᠩ ᠤ᠋ᠨ ᠬᠦᠴᠦ ᠶᠡᠬᠡ ᠭᠡᠮᠡᠨ ᠥᠭᠦᠯᠡᠳᠡᠭ ᠪᠣᠯᠤᠨ᠎ᠠ᠃ ᠶᠡᠬᠡ ᠵᠣᠩᠬᠢ ᠨᠢ ᠡᠮᠡᠭᠲᠡᠢ ᠪᠡᠷ ᠡᠷ᠎ᠡ ᠶ᠋ᠢᠨ ᠲᠠᠬᠢᠮ ᠢ᠋ᠶ᠋ᠠᠷ ᠬᠥᠯ ᠢ᠋ᠶ᠋ᠡᠷ ᠢ᠋ᠶ᠋ᠡᠨ ᠣᠷᠢᠶᠠᠵᠤ ᠤᠭᠤᠴᠠᠨ ᠳᠡᠭᠡᠷ᠎ᠡ ᠡᠴᠡ ᠨᠢ ᠪᠣᠭᠣᠬᠤ ᠪᠤᠶᠤ ᠡᠰᠡ ᠪᠥᠭᠡᠰᠦ ᠲᠠᠬᠢᠮ ᠢ᠋ᠶ᠋ᠠᠷ ᠨᠢ ᠣᠷᠢᠶᠠᠵᠤ ᠠᠶᠠᠨ ᠳ᠋ᠠᠭᠠᠨ ᠣᠷᠬᠢᠭᠠᠳ ᠬᠣᠶᠠᠷ ᠭᠠᠷ ᠢ᠋ᠶ᠋ᠠᠷ ᠡᠷ᠎ᠡ ᠶ᠋ᠢᠨ ᠬᠦᠵᠦᠭᠦᠦ ᠪᠡᠷ ᠲᠡᠪᠡᠷᠢᠬᠦ ᠪᠤᠶᠤ ᠪᠡᠯᠬᠡᠭᠦᠰᠦ ᠪᠡᠷ ᠨᠢ ᠲᠡᠪᠡᠷᠢᠬᠦ ᠠᠯᠢ ᠠᠮᠠᠷ ᠢ᠋ᠶ᠋ᠠᠷ ᠨᠢ ᠦᠢᠯᠡᠳ᠃ ᠤᠮᠠᠢ ᠶ᠋ᠢᠨ ᠠᠮᠠ ᠨᠡᠭᠡᠭᠡᠵᠦ ᠮᠦᠰᠢᠶᠡᠭᠰᠡᠨ ᠢ᠋ᠶ᠋ᠡᠷ ᠡᠷ᠎ᠡ ᠶ᠋ᠢᠨ ᠪᠡᠯᠭᠡ ᠶ᠋ᠢ ᠴᠢᠭᠯᠡᠭᠦᠯᠵᠦ ᠦᠢᠯᠡᠳᠬᠦ ᠬᠢᠭᠡᠳ ᠴᠡᠭᠡᠵᠢ ᠶ᠋ᠢ ᠬᠥᠳᠡᠯᠭᠡᠬᠦ ᠦᠭᠡᠢ ᠬᠣᠳᠣᠭᠣᠳᠣᠨ ᠠ᠋ᠴᠠ ᠳᠣᠭᠣᠭᠰᠢᠬᠢ ᠪᠠᠷ ᠤᠮᠠᠢ ᠶ᠋ᠢᠨ ᠬᠠᠷᠠᠯᠳᠤᠭ᠎ᠠ ᠪᠠᠷᠠᠭᠤᠨ ᠵᠡᠭᠦᠨ ᠳ᠋ᠦ᠍ ᠡᠷᠭᠢᠭᠦᠯᠵᠦ ᠳᠣᠣᠷ᠎ᠠ ᠠ᠋ᠴᠠ ᠨᠢ ᠡᠷᠭᠢᠬᠦ ᠣᠨᠢᠰᠣᠨ ᠬᠦᠷᠳᠦ ᠶ᠋ᠢ ᠡᠷ᠎ᠡ ᠶ᠋ᠢᠨ ᠪᠠᠭᠤᠬᠤ ᠲᠠᠢ ᠵᠣᠬᠢᠴᠠᠭᠤᠯᠵᠤ ᠦᠢᠯᠡᠳᠪᠡᠰᠦ ᠵᠣᠬᠢᠨ᠎ᠠ᠃ ᠬᠠᠮᠤᠭ ᠪᠡᠶ᠎ᠡ ᠶ᠋ᠢ ᠲᠠᠢᠪᠤᠩ ᠪᠠᠢᠯᠭᠠᠬᠤ᠂ ᠭᠡᠵᠢᠭᠡ ᠶ᠋ᠢ ᠪᠠᠷᠢᠬᠤ᠂ ᠤᠭᠤᠴᠠᠨ ᠤ᠋ ᠲᠤᠰᠢᠶ᠎ᠠ ᠳᠡᠭᠡᠷ᠎ᠡ ᠢᠯᠢᠬᠦ ᠨᠢ ᠳᠤᠰᠤᠯ ᠤ᠋ᠨ ᠰᠤᠳᠠᠰᠤ ᠨᠤᠭᠤᠳ ᠳᠣᠲᠣᠷ᠎ᠠ ᠠ᠋ᠴᠠ ᠬᠥᠳᠡᠯᠳᠡᠭ ᠪᠣᠯᠬᠣᠷ ᠳᠤᠷᠠᠯᠠᠯ ᠬᠦᠴᠦᠲᠡᠢ ᠪᠣᠯᠬᠤ ᠬᠢᠭᠡᠳ ᠠᠮᠤᠭᠤᠯᠠᠩ ᠶᠡᠬᠡ ᠪᠡᠷ ᠣᠳᠪᠠᠰᠤ ᠡᠷ᠎ᠡ ᠡᠮ᠎ᠡ ᠬᠣᠶᠠᠭᠤᠯᠠ ᠪᠠᠨ ᠵᠢᠷᠭᠠᠨ᠎ᠠ᠃ ᠪᠠᠲᠤ ᠬᠠᠲᠠᠭᠤ ᠰᠤᠳᠤᠯᠤᠨ ᠨᠡᠩ ᠠᠮᠤᠭᠤᠯᠠᠩ ᠪᠠᠳᠠᠷᠠᠨ ᠬᠡᠮᠵᠢᠶ᠎ᠡ ᠶ᠋ᠢ ᠡᠰᠡ ᠳᠠᠭᠠᠷᠠᠭᠤᠯᠪᠠᠰᠤ ᠳᠤᠰᠤᠯ ᠲᠦᠷᠭᠡᠨ ᠠᠯᠳᠠᠳᠠᠭ ᠪᠣᠯᠬᠣᠷ ᠢᠨᠠᠭᠰᠢ ᠴᠢᠨᠠᠭᠰᠢ ᠭᠡᠮ ᠬᠡᠮᠵᠢᠶ᠎ᠡ ᠶ᠋ᠢ ᠲᠠᠭᠠᠷᠠᠭᠤᠯᠤᠨ ᠭᠦᠢᠴᠡᠳᠬᠡᠭᠡᠷᠡᠢ᠃ ᠠᠮᠢᠨ ᠳ᠋ᠠᠭᠠᠨ ᠲᠤᠯᠪᠠᠴᠤ ᠳᠤᠰᠤᠯ ᠠᠯᠳᠠᠬᠤ ᠦᠭᠡᠢ ᠶ᠋ᠢᠨ ᠡᠭᠦᠳᠡᠨ ᠡᠴᠡ ᠶᠠᠪᠤᠯᠳᠤᠬᠤ ᠬᠡᠷᠡᠭᠲᠡᠢ᠃ ᠠᠮᠤᠭᠤᠯᠠᠩ ᠤ᠋ᠨ ᠬᠥᠳᠡᠯᠦᠯ ᠬᠦᠴᠦ ᠶᠡᠬᠡᠲᠡᠢ ᠤᠴᠢᠷ ᠠ᠋ᠴᠠ ᠠᠯᠳᠠᠬᠤ ᠶ᠋ᠢ ᠵᠠᠪᠳᠤᠪᠠᠰᠤ ᠬᠥᠯ ᠭᠠᠷ ᠤ᠋ᠨ ᠬᠤᠷᠤᠭᠤ ᠨᠤᠭᠤᠳ ᠢ᠋ ᠬᠤᠮᠢ᠂ ᠬᠣᠳᠣᠭᠣᠳᠣ ᠶ᠋ᠢ ᠨᠢᠷᠤᠭᠤᠨ ᠳ᠋ᠤᠨᠢ ᠨᠢᠳᠦ ᠪᠡᠨ ᠳᠡᠭᠡᠭᠰᠢ ᠨᠢ ᠬᠤᠢᠯᠠᠷᠠᠭᠤᠯᠤᠨᠠ᠃ ᠡᠮᠡᠭᠲᠡᠢ ᠨᠢ ᠨᠢᠳᠦ ᠶ᠋ᠢ ᠬᠥᠮᠥᠰᠬᠡ ᠥᠭᠡᠳᠡ ᠪᠡᠨ ᠪᠣᠯᠭᠠᠵᠤ ᠬᠠᠷᠠᠭ᠎ᠠ ᠪᠠᠨ ᠣᠭᠲᠠᠷᠭᠤᠢ ᠥᠭᠡᠳᠡ ᠴᠢᠭᠯᠡᠭᠦᠯ᠃ ᠬᠣᠮ ᠦᠰᠦᠭ ᠤᠷᠲᠤ ᠪᠣᠭᠣᠨᠢ ᠪᠠᠷ ᠳᠣᠣᠷᠠᠲᠤ ᠡᠭᠦᠳᠡ ᠶ᠋ᠢ ᠴᠢᠩᠭ᠎ᠠ ᠬᠠᠭᠠᠵᠤ ᠠᠮᠢᠰᠬᠤᠭ᠎ᠠ ᠪᠠᠨ ᠳᠡᠭᠡᠭᠰᠢ ᠲᠠᠲᠠᠨ᠎ᠠ᠃ ᠡᠮᠡᠭᠲᠡᠢ ᠶ᠋ᠢᠨ ᠪᠡᠶ᠎ᠡ ᠶ᠋ᠢᠨ ᠲᠠᠮᠢᠷ ᠰᠡᠷᠭᠦᠬᠦ ᠬᠢᠭᠡᠳ ᠳᠤᠰᠤᠯ ᠬᠣᠷᠢᠭᠳᠠᠭᠰᠠᠨ ᠠ᠋ᠴᠠ ᠬᠦᠢᠲᠡᠨ ᠢ᠋ᠶ᠋ᠡᠷ ᠡᠪᠡᠳᠴᠢᠯᠡᠬᠦ ᠬᠢᠭᠡᠳ ᠪᠤᠰᠤᠳ ᠤ᠋ᠨ ᠲᠤᠯᠠᠳᠠ ᠰᠡᠭᠦᠯ ᠳ᠋ᠦ᠍ ᠬᠡᠷᠡᠭ ᠪᠣᠯᠬᠤ ᠠ᠋ᠴᠠ ᠪᠤᠰᠤᠳ ᠲᠤ᠌ ᠳᠤᠰᠤᠯ ᠢ᠋ ᠠᠮᠢᠨ ᠳ᠋ᠠᠭᠠᠨ ᠲᠤᠯᠪᠠᠴᠤ ᠪᠤᠤ ᠠᠯᠳᠠᠭᠠᠷᠠᠢ᠃ ᠤᠮᠠᠢ ᠶ᠋ᠢᠨ ᠳᠣᠲᠣᠷ᠎ᠠ ᠪᠡᠯᠭᠡ ᠶ᠋ᠢᠨ ᠬᠠᠮᠤᠭ ᠪᠤᠷᠬᠠᠳ ᠣᠷᠣᠰᠢᠭᠰᠠᠨ ᠳ᠋ᠤ᠌ ᠲᠠᠬᠢᠯ ᠡᠷᠭᠦᠵᠦ ᠪᠣᠢ ᠭᠡᠮᠡᠨ ᠰᠠᠨᠠᠵᠤ ᠳᠤᠰᠤᠯ ᠢ᠋ ᠪᠤᠤ ᠳᠡᠯᠪᠢ᠃ ᠲᠦᠷ ᠵᠠᠭᠤᠷ᠎ᠠ ᠪᠡᠯᠭᠡ ᠶ᠋ᠢ ᠭᠠᠳᠠᠭᠰᠢ ᠭᠠᠷᠭᠠᠬᠤ ᠦᠭᠡᠢ ᠰᠡᠭᠦᠯᠴᠢ ᠶ᠋ᠢᠨ ᠠᠮᠤᠭᠤᠯᠠᠩ ᠢ᠋ ᠠᠮᠰᠠᠵᠤ ᠦᠵᠡᠯ ᠢ᠋ ᠪᠢᠰᠢᠯᠭ᠎ᠠ᠃ ᠲᠡᠭᠡᠭᠡᠳ ᠡᠷ᠎ᠡ ᠡᠮ᠎ᠡ ᠶ᠋ᠢᠨ ᠳᠤᠰᠤᠯ ᠢ᠋ ᠨᠡᠢᠯᠡᠭᠦᠯᠵᠦ ᠡᠷ᠎ᠡ ᠶ᠋ᠢᠨ ᠬᠡᠯᠡ ᠪᠡᠷ ᠰᠢᠮᠡᠵᠦ ᠠᠪᠤᠭᠰᠠᠨ ᠢ᠋ ᠡᠷ᠎ᠡ ᠡᠮ᠎ᠡ ᠬᠣᠶᠠᠭᠤᠯᠠ ᠪᠠᠨ ᠠᠮᠰᠠᠵᠤ ᠪᠡᠶ᠎ᠡ ᠶ᠋ᠢᠨ ᠪᠤᠷᠬᠠᠳ ᠢ᠋ ᠪᠠᠶᠠᠰᠬᠠᠯ᠎ᠠ ᠭᠡᠮᠡᠨ ᠰᠠᠨᠠᠨ᠎ᠠ᠃ ᠢᠩᠭᠢᠪᠡᠰᠦ ᠲᠦᠢᠳᠬᠡᠷ ᠠᠷᠢᠯᠬᠤ ᠪᠠ ᠰᠢᠮ᠎ᠡ ᠶ᠋ᠢ ᠠᠪᠬᠤ ᠶ᠋ᠢᠨ ᠳᠡᠭᠡᠳᠦ ᠪᠣᠯᠤᠨ᠎ᠠ᠃
ᠶᠠᠪᠤᠯᠳᠤᠵᠤ ᠳᠠᠭᠤᠰᠤᠭᠠᠳ ᠳᠠᠷᠤᠢ ᠳᠠᠭᠤᠰᠤᠯ ᠦᠭᠡᠢ ᠨᠠᠰᠢ ᠴᠠᠰᠢ ᠬᠠᠷᠢᠯᠴᠠᠨ ᠲᠡᠪᠡᠷᠢᠯᠳᠦᠬᠦ᠂ ᠦᠨᠦᠰᠦᠯᠳᠦᠬᠦ᠂ ᠢᠨᠠᠭᠯᠠᠬᠤ᠂ ᠬᠡᠯᠡ ᠪᠡᠨ ᠬᠥᠬᠥᠯᠳᠡᠬᠦ ᠵᠡᠷᠭᠡ ᠶ᠋ᠢ ᠡᠭᠡᠯᠵᠢᠯᠡᠨ ᠦᠢᠯᠡᠳᠪᠡᠯ ᠵᠢᠴᠢ ᠠᠮᠤᠭᠤᠯᠠᠩ ᠲᠥᠷᠬᠦ ᠳ᠋ᠦ᠍ ᠬᠢᠯᠪᠠᠷ ᠪᠣᠯᠬᠤ ᠶ᠋ᠢᠨ ᠪᠡᠯᠭᠡᠳᠡᠯ( ᠳᠡᠮᠪᠡᠷᠢᠯ) ᠪᠠᠢᠳᠠᠭ ᠪᠣᠯᠤᠨ᠎ᠠ᠃ ᠶᠠᠪᠤᠯᠳᠤᠬᠤ ᠲᠡᠭᠦᠨ ᠳ᠋ᠦ᠍ ᠰᠢᠲᠦᠭᠰᠡᠨ ᠡᠴᠡ ᠯᠠᠮᠠ ᠪᠠᠭᠰᠢ ᠪᠣᠯᠤᠨ ᠳᠠᠭᠢᠨᠢᠰ ᠪᠠᠶᠠᠰᠬᠤ ᠬᠠᠮᠤᠭ ᠠᠮᠢᠲᠠᠨ ᠤ᠋ ᠲᠤᠰᠠ ᠪᠦᠲᠦᠬᠦ ᠪᠣᠯᠲᠤᠭᠠᠢ ᠭᠡᠮᠡᠨ ᠪᠢ ᠲᠡᠷᠢᠭᠦᠯᠡᠨ ᠠᠮᠢᠲᠠᠨ ᠪᠦᠭᠦᠳᠡ ᠶ᠋ᠢᠨ ᠪᠤᠶᠠᠨ ᠳ᠋ᠤ᠌ ᠵᠣᠷᠢᠭᠤᠯ᠁ ᠤᠬᠢᠶᠠᠯᠭ᠎ᠠ ᠬᠢᠭᠡᠳ ᠪᠡᠶ᠎ᠡ ᠪᠡᠨ ᠢᠯᠢᠬᠦ ᠶ᠋ᠢ ᠰᠢᠮᠳᠠᠬᠤ ᠬᠡᠷᠡᠭᠲᠡᠢ᠃ ᠁ ᠲᠠᠴᠢᠶᠠᠯ ᠤ᠋ᠨ ᠵᠠᠮ ᠤ᠋ᠨ ᠰᠤᠳᠤᠯᠤᠭᠴᠢᠳ ᠢ᠋ ᠬᠠᠷᠢᠯᠴᠠᠨ ᠱᠣᠣᠯᠠᠬᠤ᠂ ᠳᠠᠭᠠᠷᠢᠵᠤ ᠳᠠᠪᠰᠢᠯᠠᠬᠤ᠂ ᠪᠤᠷᠤᠭᠤ ᠦᠵᠡᠬᠦ ᠲᠡᠷᠢᠭᠦᠲᠡᠨ ᠢ᠋ ᠪᠦᠦ ᠦᠢᠯᠡᠳ᠃ ᠢᠩᠭᠢᠬᠦ ᠠᠪᠠᠰᠤ ᠭᠡᠮ ᠶᠡᠬᠡ ᠪᠣᠯᠠᠢ᠃ ᠁ ᠠᠶ᠎ᠠ᠂ ᠡᠨᠡ ᠪᠦᠬᠦᠨ ᠶᠠᠭᠤᠲᠠᠢ ᠭᠠᠢᠬᠠᠮᠰᠢᠭᠲᠠᠢ ᠨᠣᠮᠯᠠᠨᠠᠮ ᠪᠢᠯᠡ᠃ ᠲᠡᠭᠦᠨ ᠦ᠌ ᠡᠮᠦᠨ᠎ᠡ ᠡᠪᠦᠳᠦᠭ ᠰᠥᠬᠥᠷᠡᠶᠡ᠃ ᠥᠨᠥ ᠪᠢᠳᠡᠨ ᠦ᠌ ᠦᠶ᠎ᠡ ᠶ᠋ᠢᠨ ᠬᠢᠨ ᠡᠭᠦᠨ ᠲᠡᠷᠡ ᠪᠦᠷᠢ ᠮᠡᠳᠡᠬᠦ ᠦᠭᠡᠢ ᠨᠢ ᠳᠠᠩᠴᠤ ᠬᠠᠷᠠᠮᠰᠠᠮᠠᠷ᠃ ᠭᠡᠪᠡᠴᠦ ᠡᠨᠡ ᠪᠢᠳᠡᠨ ᠦ᠌ ᠴᠦ᠍ ᠪᠤᠷᠤᠭᠤ ᠪᠢᠰᠢ᠃ ᠬᠠᠷᠢᠨ ᠬᠡᠮᠵᠢᠶᠡᠯᠡᠰᠢ ᠦᠭᠡᠢ ᠬᠦᠨᠳᠦ ᠰᠤᠷᠲᠠᠯ᠂ ᠶᠠᠭᠤᠮ᠎ᠠ ᠪᠣᠯᠭᠠᠨ ᠢ᠋ ᠴᠠᠭᠳᠠᠳᠠᠭ᠂ ᠬᠣᠷᠢᠳᠠᠭ ᠪᠠᠢᠭᠰᠠᠨ ᠴᠠᠭ ᠦᠶ᠎ᠡ ᠶ᠋ᠢᠨ ᠪᠤᠷᠤᠭᠤ᠃ ᠡᠪᠦᠭᠡᠳ ᠳᠡᠭᠡᠳᠦ ᠡᠴᠡ ᠮᠢᠨᠢ ᠣᠯᠠᠨ ᠦᠶ᠎ᠡ ᠶ᠋ᠢᠨ ᠲᠤᠷᠰᠢᠲᠠ ᠨᠠᠨᠳᠢᠩᠨᠠᠨ ᠬᠠᠢᠷᠠᠯᠠᠴᠤ ᠢᠷᠡᠭᠰᠡᠨ ᠥᠪ ᠤᠯᠠᠮᠵᠢᠯᠠᠯ᠂ ᠨᠣᠮ ᠰᠤᠳᠤᠷ ᠪᠢᠳᠡᠨ ᠳ᠋ᠦ᠍ ᠶᠠᠭᠤᠲᠠᠢ ᠪᠢᠰᠢᠷᠡᠯᠲᠡᠢ᠂ ᠶᠠᠭᠤᠲᠠᠢ ᠰᠤᠷᠭᠠᠮᠵᠢ ᠲᠠᠢ᠃ ᠲᠡᠭᠦᠨ ᠳ᠋ᠦ᠍ ᠶᠠᠮᠠᠷ ᠨᠠᠷᠢᠨ ᠰᠣᠶᠣᠯ ᠬᠥᠮᠦᠵᠢᠯ ᠨᠢᠭᠤᠭᠳᠠᠨᠠᠮ ᠪᠣᠢ? ᠲᠡᠷᠡ ᠪᠦᠬᠦᠨ ᠡᠴᠡ ᠪᠢᠳᠡ ᠬᠣᠯᠠ ᠬᠣᠴᠣᠷᠴᠢᠬᠠ ᠦᠭᠡᠢ ᠳᠡᠭᠡᠷ᠎ᠡ ᠪᠡᠨ ᠳᠡᠭᠡᠷ᠎ᠡ ᠪᠡᠨ ᠳᠠᠷᠤᠢᠬᠠᠨ ᠰᠤᠷᠤᠯᠴᠠᠵᠠᠭᠶᠠ᠃ ᠲᠠ ᠮᠢᠨᠢ᠃ ᠶᠠᠭᠤᠮ᠎ᠠ ᠪᠣᠯᠭᠠᠨ ᠢ᠋ ᠴᠠᠭᠳᠠᠨ ᠪᠠᠢᠭᠰᠠᠨ ᠬᠦᠨᠳᠦ ᠴᠠᠭ ᠦᠶ᠎ᠡ ᠪᠡᠨ ᠥᠩᠭᠡᠷᠡᠭᠡᠵᠦ ᠠᠷᠠᠳ ᠢ᠋ᠶ᠋ᠠᠨ ᠳᠡᠭᠡᠳᠦᠯᠡᠬᠦ ᠤᠯᠠᠷᠢᠯ ᠢᠷᠡᠯ᠎ᠡ᠃ ᠡᠨᠡ ᠰᠠᠢᠬᠠᠨ ᠴᠠᠭ ᠢ᠋ ᠠᠯᠳᠠᠯ ᠦᠭᠡᠢ᠂ ᠪᠦᠬᠦᠨ ᠢ᠋ ᠠᠮᠵᠢᠭᠤᠯᠤᠶᠠ᠃ ᠠᠷᠠᠳ ᠮᠢᠨᠢ ᠪᠢᠯᠢᠭ ᠪᠠᠳᠠᠷᠠᠲᠤᠭᠠᠢ᠃
