ᠠᠶᠠᠯᠭᠤ -ᠬᠠᠷᠠᠩᠭ᠎ᠠ AyalguuХаранга HARANGA - Аялгуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠶᠠᠯᠭᠤ -ᠬᠠᠷᠠᠩᠭ᠎ᠠ AyalguuХаранга HARANGA - Аялгуу

ᠠᠶᠠᠯᠭᠤ -ᠬᠠᠷᠠᠩᠭ᠎ᠠ AyalguuХаранга HARANGA - Аялгуу

ᠠᠩᠭᠢᠯᠠᠯ:ᠳᠠᠭᠤᠤ ᠬᠥᠭᠵᠢᠮ
2025-05-10

826

ᠠᠶᠠᠯᠭᠤ


         ᠦᠭᠡ᠄ ᠰ· ᠪᠣᠯᠣᠳ 
         ᠠᠶ᠎ᠠ᠄ ᠴ· ᠡᠩᠬᠡᠮᠠᠩᠯᠠᠢ 
         ᠳᠠᠭᠤᠴᠢᠨ᠄ ᠬᠠᠷᠠᠩᠭ᠎ᠠ ᠬᠠᠮᠲᠤᠯᠢᠭ 

ᠮᠣᠩᠭᠣᠯ ᠬᠥᠮᠦᠨ ᠦ᠌ ᠨᠠᠨᠳᠢᠨ ᠪᠦᠬᠦᠨ ᠢ᠋ ᠳᠡᠭᠡᠳᠦᠯᠡᠨ ᠡᠭᠡᠰᠢᠭᠯᠡᠭᠰᠡᠨ 
ᠮᠣᠷᠢᠨ ᠬᠤᠭᠤᠷ ᠤ᠋ᠨ ᠰᠠᠭᠠᠷᠠᠭ᠎ᠠ ᠨᠢ ᠦᠭᠡᠢ ᠰᠠᠢᠬᠠᠨ ᠠᠶᠠᠯᠭᠤ 
ᠵᠡᠭᠦᠳᠦ ᠨᠣᠶ᠋ᠢᠷᠤᠨ ᠳ᠋ᠤ᠌ ᠡᠩᠬᠡ ᠶ᠋ᠢᠨ ᠳᠠᠭᠤᠯᠠᠯ ᠪᠣᠯᠤᠨ ᠰᠣᠨᠣᠰᠳᠠᠭᠠᠳ 
ᠵᠢᠷᠦᠬᠡ ᠰᠡᠳᠬᠢᠯ ᠳ᠋ᠦ᠍ ᠡᠪ ᠦ᠋ᠨ ᠢᠷᠦᠭᠡᠯ ᠬᠡᠯᠡᠨ ᠨᠢ ᠬᠣᠨᠣᠭᠰᠢᠭᠠᠳ 
ᠠᠯᠳᠠᠷᠠᠬᠤ ᠨᠠᠷᠠᠨ ᠤ᠋ ᠰᠠᠴᠤᠷᠭᠠᠨ ᠳᠣᠣᠷ᠎ᠠ ᠵᠢᠷᠭᠠᠯ ᠢ᠋ ᠮᠢᠨᠢ ᠲᠡᠳᠬᠦᠭᠡᠳ 
ᠠᠮᠢᠳᠤᠷᠠᠬᠤ ᠨᠠᠰᠤᠨ ᠤ᠋ ᠮᠢᠨᠢ ᠲᠤᠷᠰᠢᠳᠠ ᠰᠡᠳᠬᠢᠯ ᠢ᠋ ᠮᠢᠨᠢ ᠬᠥᠭᠯᠡᠭᠰᠡᠨ
ᠬᠤᠭᠤᠷ ᠤ᠋ᠨ ᠪᠢᠰᠢᠷᠡᠮ᠎ᠡ ᠡᠭᠡᠰᠢᠭ ᠠᠢ ᠰᠠᠢᠬᠠᠨ ᠠᠶᠠᠯᠭᠤ

ᠴᠠᠢᠳᠠᠮ ᠲᠠᠯ᠎ᠠ ᠶ᠋ᠢᠨ ᠲᠡᠨᠢᠭᠡᠷ ᠠᠭᠤᠳᠠᠮ ᠢ᠋ ᠠᠭᠤᠵᠢᠷᠠᠨ ᠤᠶᠠᠩᠭᠠᠯᠠᠭᠰᠠᠨ
ᠴᠠᠷ᠎ᠠ ᠨᠢ ᠲᠠᠯᠪᠢᠭᠤ ᠬᠤᠭᠤᠷ ᠤ᠋ᠨ ᠢᠷᠠᠭᠤ ᠰᠠᠢᠬᠠᠨ ᠠᠶᠠᠯᠭᠤ
ᠦᠢ ᠣᠯᠠᠨ ᠳ᠋ᠤ᠌ ᠮᠢᠨᠢ ᠡᠪ ᠦ᠋ᠨ ᠰᠤᠷᠭᠠᠯ ᠬᠡᠯᠡᠨ ᠬᠦᠨᠳᠦᠯᠡᠭᠳᠡᠭᠡᠳ
ᠦᠷ᠎ᠡ ᠬᠡᠦᠬᠡᠳ ᠦ᠋ᠨ ᠮᠢᠨᠢ ᠡᠴᠢᠭᠡ ᠶ᠋ᠢᠨ ᠰᠤᠷᠭᠠᠯ ᠰᠢᠭ᠋ ᠬᠡᠯᠡᠨ ᠬᠠᠢᠷᠠᠯᠠᠭᠳᠠᠭᠠᠳ
ᠠᠯᠳᠠᠷᠠᠬᠤ ᠨᠠᠷᠠᠨ ᠰᠠᠴᠤᠷᠭᠠᠨ ᠳᠣᠣᠷ᠎ᠠ ᠵᠢᠷᠭᠠᠯ ᠢ᠋ ᠮᠢᠨᠢ ᠲᠡᠳᠬᠦᠭᠡᠳ
ᠠᠮᠢᠳᠤᠷᠠᠬᠤ ᠨᠠᠰᠤᠨ ᠤ᠋ ᠮᠢᠨᠢ ᠲᠤᠷᠰᠢᠲᠠ ᠰᠡᠳᠬᠢᠯ ᠢ᠋ ᠮᠢᠨᠢ ᠬᠥᠭᠯᠡᠭᠰᠡᠨ
ᠬᠤᠭᠤᠷ ᠤ᠋ᠨ ᠪᠢᠰᠢᠷᠡᠮ᠎ᠡ ᠡᠬᠡᠰᠢᠭ ᠠᠢ ᠰᠠᠢᠬᠠᠨ ᠠᠶᠠᠯᠭᠤ

ᠮᠠᠩᠨᠤᠭ ᠳᠡᠯᠡᠬᠡᠢ ᠶ᠋ᠢᠨ ᠠᠮᠤᠷ ᠠᠮᠤᠭᠤᠯᠠᠩ ᠢ᠋ ᠮᠠᠭᠲᠠᠨ ᠳᠠᠭᠤᠯᠠᠭᠰᠠᠨ
ᠮᠠᠯᠴᠢᠨ ᠠᠷᠠᠳ ᠤ᠋ᠨ ᠮᠢᠨᠢ ᠲᠤᠤᠯᠢᠰ ᠬᠠᠶ᠋ᠢᠯᠠᠬᠤ ᠬᠤᠭᠤᠷ ᠤ᠋ᠨ ᠠᠶᠠᠯᠭᠤ

ᠲᠦᠮᠡᠨ ᠣᠯᠠᠨ ᠤ᠋ ᠪᠠᠨ ᠰᠡᠳᠬᠢᠯ ᠳ᠋ᠦ᠍ ᠬᠥᠭ ᠪᠣᠯᠤᠨ ᠢᠷᠠᠭᠤᠰᠤᠭᠠᠳ
ᠲᠥᠷᠥ ᠤᠯᠤᠰ ᠤ᠋ᠨ ᠢ᠋ᠶ᠋ᠠᠨ ᠬᠥᠭᠵᠢᠯ ᠳ᠋ᠦ᠍ ᠬᠦᠴᠦ ᠨᠡᠮᠡᠨ ᠬᠦᠩᠭᠢᠨᠡᠭᠡᠳ
ᠠᠯᠳᠠᠷᠠᠬᠤ ᠨᠠᠷᠠᠨ ᠤ᠋ ᠰᠠᠴᠤᠷᠭᠠᠨ ᠳᠣᠣᠷ᠎ᠠ ᠵᠢᠷᠭᠠᠯ ᠢ᠋ ᠮᠢᠨᠢ ᠲᠡᠳᠬᠦᠭᠡᠳ
ᠠᠮᠢᠳᠤᠷᠠᠬᠤ ᠨᠠᠰᠤᠨ ᠤ᠋ ᠮᠢᠨᠢ ᠲᠤᠷᠰᠢᠳᠠ ᠰᠡᠳᠬᠢᠯ ᠢ᠋ ᠮᠢᠨᠢ ᠬᠥᠭᠯᠡᠭᠰᠡᠨ
ᠬᠤᠭᠤᠷ ᠤ᠋ᠨ ᠪᠢᠰᠢᠷᠡᠮ᠎ᠡ ᠡᠬᠡᠰᠢᠭ ᠠᠢ ᠰᠠᠢᠬᠠᠨ ᠠᠶᠠᠯᠭᠤ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ