ᠮᠣᠩᠭᠣᠯ ᠮᠣᠷᠢ -ᠲᠤᠩᠭᠠᠯᠠᠭᠲᠠᠮᠢᠷМонгол морь-Тунгалагтамир
ᠮᠣᠩᠭᠣᠯ ᠮᠣᠷᠢ
ᠳᠠᠭᠤᠴᠢᠨ᠄ ᠲᠤᠩᠭᠠᠯᠠᠭᠲᠠᠮᠢᠷ
ᠠᠶ᠎ᠠ᠄ ᠰᠡᠴᠡᠨᠴᠣᠭᠲᠤ
ᠰᠢᠯᠦᠭ᠄ ᠨᠠᠰᠤᠲᠤ
ᠬᠣᠯᠠ ᠶ᠋ᠢᠨ ᠬᠣᠯᠠ ᠶ᠋ᠢᠨ ᠭᠠᠵᠠᠷ ᠠ᠋ᠴᠠ
ᠲᠡᠮᠡᠦᠯᠦᠭᠡᠳ ᠨᠠᠭᠠᠰᠢ ᠪᠠᠨ ᠢᠷᠡᠳᠡᠭ
ᠬᠤᠯᠠᠨ ᠳᠠᠬᠢ ᠶ᠋ᠢᠨ ᠤᠳᠤᠮ
ᠮᠢᠨᠦ ᠮᠣᠩᠭᠣᠯ ᠮᠣᠷᠢ
ᠥᠤᠷᠰᠡᠬᠥ ᠳᠠᠭᠤᠤ ᠪᠠᠷ ᠴᠢᠨᠢ ᠪᠢ
ᠵᠡᠭᠦᠳᠦᠨ ᠡᠴᠡ ᠪᠡᠨ ᠰᠡᠷᠢᠭᠡᠳ ᠪᠠᠢᠨ᠎ᠠ
ᠦᠭᠡᠢᠯᠡᠬᠦ ᠰᠡᠳᠬᠢᠯ ᠳ᠋ᠡᠭᠡᠨ ᠪᠢ
ᠵᠢᠷᠦᠬᠡᠨ ᠡᠴᠡ ᠪᠡᠨ ᠡᠷᠢᠭᠡᠳ ᠪᠠᠢᠨ᠎ᠠ
ᠮᠢᠨᠦ ᠮᠣᠩᠭᠣᠯ ᠮᠣᠷᠢ
ᠵᠤᠤᠵᠠᠢ ᠬᠥᠨᠲᠥᠷᠦᠭᠡᠳ ᠳᠠᠪᠬᠢᠨᠠᠮ
ᠮᠢᠨᠦ ᠮᠣᠷᠢᠲᠠᠢ ᠰᠡᠳᠬᠢᠯ
ᠵᠠᠭᠤᠨ ᠢ᠋ ᠰᠤᠨᠳᠠᠯᠠᠭᠠᠳ ᠭᠠᠯᠭᠢᠨᠠᠮ
ᠵᠠᠭᠤᠨ ᠢ᠋ ᠰᠤᠨᠳᠠᠯᠠᠭᠠᠳ ᠭᠠᠯᠭᠢᠨᠠᠮ
ᠲᠢᠪ ᠠᠯᠤᠰ ᠤ᠋ᠨ ᠭᠠᠵᠠᠷ ᠠ᠋ᠴᠠ
ᠨᠤᠲᠤᠭ ᠢ᠋ᠶ᠋ᠠᠨ ᠵᠣᠷᠢᠭᠠᠳ ᠢᠷᠡᠳᠡᠭ
ᠲᠡᠢᠮᠦ ᠯᠠ ᠬᠠᠲᠠᠭᠤ ᠵᠣᠷᠢᠭ
ᠮᠢᠨᠦ ᠮᠣᠩᠭᠣᠯ ᠮᠣᠷᠢ
ᠭᠠᠵᠠᠷ ᠦᠨᠦᠷᠯᠡᠨ ᠶᠥᠷᠭᠡᠬᠦ
ᠲᠤᠭᠤᠷᠠᠢ ᠶ᠋ᠢᠨ ᠴᠢᠨᠢ ᠴᠢᠮᠡᠭᠡ ᠪᠡᠷ ᠲᠠᠨᠢᠭᠰᠠᠨ ᠶᠤᠮ
ᠭᠠᠭᠴᠠᠬᠠᠨ ᠨᠤᠲᠤᠭ ᠢ᠋ᠶ᠋ᠠᠨ ᠭᠡᠰᠡᠨ
ᠥᠤᠷᠰᠡᠬᠦ ᠳᠠᠭᠤ ᠪᠠᠷ ᠴᠢᠨᠢ ᠮᠡᠳᠡᠭᠰᠡᠨ ᠶᠦ᠍ᠮ
ᠮᠢᠨᠦ ᠮᠣᠩᠭᠣᠯ ᠮᠣᠷᠢ
ᠵᠤᠤᠵᠠᠢ ᠬᠥᠨᠲᠥᠷᠦᠭᠡᠳ ᠳᠠᠪᠬᠢᠨᠠᠮ
ᠮᠢᠨᠦ ᠮᠣᠷᠢᠲᠠᠢ ᠰᠡᠳᠬᠢᠯ
ᠵᠠᠭᠤᠨ ᠢ᠋ ᠰᠤᠨᠳᠠᠯᠠᠭᠠᠳ ᠭᠠᠯᠭᠢᠨᠠᠮ
ᠵᠠᠭᠤᠨ ᠢ᠋ ᠰᠤᠨᠳᠠᠯᠠᠭᠠᠳ ᠭᠠᠯᠭᠢᠨᠠᠮ
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠬᠢᠨᠠᠭᠴᠢ᠄ ᠲᠣᠳᠤᠭᠡᠷᠡᠯ ᠰᠣᠨᠢᠨᠪᠠᠶᠠᠷ
